ᠠᠶᠢᠮᠠᠭ ᠤᠨ ᠨᠠᠮ ᠤᠨ ᠬᠤᠷᠢᠶ᠎ᠠ ᠭᠡᠰᠢᠭᠦᠳ ᠤᠨ ᠬᠤᠷᠠᠯ ᠬᠤᠷᠠᠯᠳᠤᠭᠤᠯᠵᠤ ᠶᠡᠷᠦᠩᠬᠡᠶ ᠱᠦᠵᠢ ᠰᠢ ᠶᠢᠨ ᠫᠢᠩ ᠤᠨ ᠰᠢᠨ᠎ᠡ ᠴᠠᠭ ᠦᠶ᠎ᠡ ᠳᠤ ᠪᠠᠷᠠᠭᠤᠨ ᠣᠷᠣᠨ ᠢ ᠶᠡᠬᠡᠪᠡᠷ ᠨᠡᠭᠡᠭᠡᠨ ᠬᠥᠭᠵᠢᠭᠦᠯᠬᠦ ᠶᠢ ᠠᠬᠢᠭᠤᠯᠬᠤ ᠶᠠᠷᠢᠯᠴᠠᠬᠤ ᠬᠤᠷᠠᠯ ᠳᠡᠭᠡᠷᠡᠬᠢ ᠴᠢᠬᠤᠯᠠ ᠶᠠᠷᠢᠶᠠᠨ ᠤ ᠵᠣᠷᠢᠭ ᠰᠠᠨᠠᠭ᠎ᠠ ᠶᠢ ᠰᠤᠷᠤᠯᠴᠠᠨ ᠲᠤᠭᠤᠰᠢᠯᠠᠭᠤᠯᠪᠠ
ᠨᠡᠶᠢᠲᠡᠯᠡᠭᠰᠡᠨ ᠴᠠᠭ᠄
2024/4/28
     4 ᠰᠠᠷ᠎ᠠ ᠶᠢᠨ 26᠎ ᠤ ᠡᠳᠤᠷ᠂ ᠠᠶᠢᠮᠠᠭ ᠤᠨ ᠨᠠᠮ ᠤᠨ ᠬᠤᠷᠢᠶ᠎ᠠ ᠭᠡᠰᠢᠭᠦᠳ ᠤᠨ ᠬᠤᠷᠠᠯ ᠬᠤᠷᠠᠯᠳᠤᠭᠤᠯᠵᠤ᠂ ᠶᠡᠷᠦᠩᠬᠡᠶ ᠱᠦᠵᠢ ᠰᠢ ᠶᠢᠨ ᠫᠢᠩ ᠤᠨ ᠰᠢᠨ᠎ᠡ ᠴᠠᠭ ᠦᠶ᠎ᠡ ᠳᠤ ᠪᠠᠷᠠᠭᠤᠨ ᠣᠷᠣᠨ ᠢ ᠶᠡᠬᠡᠪᠡᠷ ᠨᠡᠭᠡᠭᠡᠨ ᠬᠥᠭᠵᠢᠭᠦᠯᠬᠦ ᠶᠢ ᠠᠬᠢᠭᠤᠯᠬᠤ ᠶᠠᠷᠢᠯᠴᠠᠬᠤ ᠬᠤᠷᠠᠯ ᠳᠡᠭᠡᠷᠡᠬᠢ ᠴᠢᠬᠤᠯᠠ ᠶᠠᠷᠢᠶᠠᠨ ᠤ ᠵᠣᠷᠢᠭ ᠰᠠᠨᠠᠭ᠎ᠠ ᠪᠣᠯᠤᠨ ᠴᠦᠩᠴᠢᠩ ᠳᠤ ᠰᠢᠨᠵᠢᠯᠡᠨ ᠪᠠᠶᠢᠴᠠᠭᠠᠬᠤ ᠦᠶ᠎ᠡ ᠶᠢᠨ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ ᠤᠯᠠᠮᠵᠢᠯᠠᠨ ᠰᠤᠷᠤᠯᠴᠠᠵᠤ᠂ ᠲᠥᠪ ᠤᠨ ᠬᠤᠯᠪᠣᠭᠳᠠᠯ ᠪᠥᠬᠦᠶ ᠪᠢᠴᠢᠭ ᠮᠠᠲ᠋ᠧᠷᠢᠶᠠᠯ ᠤᠨ ᠵᠣᠷᠢᠭ ᠰᠠᠨᠠᠭ᠎ᠠ ᠶᠢ ᠤᠯᠠᠮᠵᠢᠯᠠᠨ ᠰᠤᠷᠤᠯᠴᠠᠵᠤ᠂ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠠᠵᠢᠯ ᠢ ᠰᠤᠳᠤᠯᠤᠨ ᠪᠠᠶᠢᠷᠢᠯᠠᠭᠤᠯᠪᠠ᠃ ᠠᠶᠢᠮᠠᠭ ᠤᠨ ᠨᠠᠮ ᠤᠨ ᠬᠤᠷᠢᠶᠠᠨ ᠤ ᠱᠦᠵᠢ ᠬᠤᠸᠠᠩ ᠶᠠ ᠯᠢ ᠬᠤᠷᠠᠯ ᠢ ᠡᠷᠬᠢᠯᠡᠵᠦ᠂ ᠠᠶᠢᠮᠠᠭ ᠤᠨ ᠨᠠᠮ ᠤᠨ ᠬᠤᠷᠢᠶᠠᠨ ᠤ ᠳᠡᠳ᠋ ᠱᠦᠵᠢ᠂ ᠠᠶᠢᠮᠠᠭ ᠤᠨ ᠳᠠᠷᠤᠭ᠎ᠠ ᠪᠠᠶ ᠬᠠᠶ ᠯᠢᠨ᠂ ᠠᠶᠢᠮᠠᠭ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠠᠵᠢᠯ ᠤᠨ ᠵᠦᠪᠯᠡᠯ ᠤᠨ ᠡᠷᠬᠢᠯᠡᠭᠴᠢ ᠸᠠᠩ ᠸᠧᠶ ᠳ᠋ᠦᠩ᠂ ᠠᠶᠢᠮᠠᠭ ᠤᠨ ᠤᠯᠤᠰ ᠲᠥᠷᠥ ᠶᠢᠨ ᠵᠥᠪᠯᠡᠯᠭᠡᠨ ᠤ ᠲᠡᠷᠢᠭᠦᠯᠡᠭᠴᠢ ᠯᠦ ᠯᠢ ᠮᠢᠩ ᠬᠤᠷᠠᠯ ᠳᠤ ᠣᠷᠣᠯᠴᠠᠪᠠ᠃     ᠬᠤᠷᠠᠯ ᠠᠴᠠ᠂ ᠶᠡᠷᠦᠩᠬᠡᠶ ᠱᠦᠵᠢ ᠰᠢ ᠶᠢᠨ ᠫᠢᠩ ᠤᠨ ᠰᠢᠨ᠎ᠡ ᠴᠠᠭ ᠦᠶ᠎ᠡ ᠳᠤ ᠪᠠᠷᠠᠭᠤᠨ ᠣᠷᠣᠨ ᠢ ᠶᠡᠬᠡᠪᠡᠷ ᠨᠡᠭᠡᠭᠡᠨ ᠬᠥᠭᠵᠢᠭᠦᠯᠬᠦ ᠶᠢ ᠠᠬᠢᠭᠤᠯᠬᠤ ᠶᠠᠷᠢᠯᠴᠠᠬᠤ ᠬᠤᠷᠠᠯ ᠳᠡᠭᠡᠷᠡᠬᠢ ᠴᠢᠬᠤᠯᠠ ᠶᠠᠷᠢᠶᠠᠨ ᠤ ᠵᠣᠷᠢᠭ ᠰᠠᠨᠠᠭ᠎ᠠ ᠪᠣᠯᠤᠨ ᠴᠦᠩᠴᠢᠩ ᠳᠤ ᠰᠢᠨᠵᠢᠯᠡᠨ ᠪᠠᠶᠢᠴᠠᠭᠠᠬᠤ ᠦᠶ᠎ᠡ ᠶᠢᠨ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ ᠭᠦᠨᠵᠡᠭᠡᠶ ᠰᠤᠷᠤᠯᠴᠠᠨ ᠲᠤᠭᠤᠰᠢᠯᠠᠭᠤᠯᠵᠤ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠳᠤᠳᠬᠠᠬᠤ ᠪᠠᠷ ᠭᠤᠤᠯ ᠰᠢᠵᠢᠮ ᠪᠣᠯᠭᠠᠵᠤ᠂ ᠬᠤᠶᠠᠷ ᠶᠡᠭᠡ ᠶᠠᠪᠤᠳᠠᠯ ᠢ ᠰᠠᠶᠢᠲᠤᠷ ᠬᠢᠵᠦ᠂ ︽ᠵᠢᠷᠭᠤᠭᠠᠨ ᠢᠨᠵᠧᠨᠧᠷᠢᠩ︾᠎ ᠢ ᠨᠠᠶᠢᠳᠠᠪᠤᠷᠢᠵᠢᠭᠤᠯᠵᠤ᠂ ᠡᠭᠦᠨ ᠳᠤ ᠠᠭᠤᠯᠤᠭᠳᠠᠵᠤ ᠪᠠᠶᠢᠭ᠎ᠠ ᠲᠥᠷᠥ ᠶᠢᠨ ᠪᠣᠳᠣᠯᠭ᠎ᠠ ᠶᠢᠨ ᠠᠵᠠ ᠲᠣᠬᠢᠶᠠᠯ ᠢ ᠨᠠᠷᠢᠨ ᠬᠢᠨᠠᠮᠠᠭᠠᠶ ᠰᠤᠳᠤᠯᠵᠤ᠂ ᠠᠯᠠᠱᠠ ᠶᠢᠨ ᠴᠢᠨᠠᠷ ᠰᠠᠶᠢᠲᠠᠶ ᠬᠥᠭᠵᠢᠯᠲᠡ ᠶᠢ ᠠᠬᠢᠭᠤᠯᠬᠤ ᠠᠷᠭ᠎ᠠ ᠵᠠᠮ ᠢ ᠭᠦᠨᠵᠡᠭᠡᠶ ᠰᠦᠪᠡᠭᠴᠢᠯᠡᠵᠦ᠂ ᠲᠥᠷᠥ ᠶᠢᠨ ᠪᠣᠳᠣᠯᠭ᠎ᠠ ᠶᠢᠨ ᠠᠵᠠ ᠲᠣᠬᠢᠶᠠᠯ ᠢ ᠠᠯᠢ ᠲᠦᠷᠭᠡᠨ ᠢᠶᠠᠷ ᠪᠣᠳᠠᠲᠠᠶ ᠲᠥᠷᠥᠯ ᠵᠦᠢᠯ ᠪᠣᠯᠭᠠᠬᠤ ᠬᠡᠷᠡᠭᠲᠡᠶ᠃ ᠭᠠᠵᠠᠷ ᠣᠷᠣᠨ ᠤ ᠪᠠᠶᠢᠳᠠᠯ ᠳᠠᠭᠠᠨ ᠲᠣᠬᠢᠷᠠᠭᠤᠯᠤᠨ ᠤᠨᠴᠠᠯᠢᠬᠳᠤ ᠳᠠᠪᠠᠭᠤᠯᠢᠭ ᠠᠵᠤ ᠦᠢᠯᠡᠰ ᠢ ᠬᠥᠭᠵᠢᠭᠦᠯᠵᠦ᠂ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ ᠡᠭᠦᠳᠬᠦ ᠳᠤ ᠴᠢᠳᠠᠪᠣᠷᠢ ᠣᠯᠭᠤᠬᠤ ᠠᠵᠤ ᠦᠢᠯᠡᠰ ᠢ ᠲᠡᠰ ᠳᠡᠪᠰᠢᠭᠦᠯᠬᠦ ᠠᠵᠢᠯᠯᠠᠭ᠎ᠠ ᠶᠢ ᠰᠠᠶᠢᠲᠤᠷ ᠬᠡᠷᠡᠭᠵᠢᠭᠦᠯᠵᠦ᠂ ᠠᠯᠠᠱᠠ ᠶᠢᠨ ᠣᠨᠴᠠᠯᠢᠭ ᠲᠠᠢ ᠣᠳᠣᠬᠢᠴᠢᠯᠠᠭᠰᠠᠨ ᠠᠵᠤ ᠦᠢᠯᠡᠰ ᠤᠨ ᠰᠢᠰᠲ᠋ᠧᠮ ᠢ ᠪᠠᠶᠢᠭᠤᠯᠵᠤ᠂ ᠨᠡᠩ ᠤᠯᠠᠨ ᠰᠢᠨ᠎ᠡ ᠴᠢᠨᠠᠷ ᠤᠨ ᠦᠢᠯᠡᠳᠪᠦᠷᠢᠯᠡᠯ ᠤᠨ ᠬᠦᠴᠦᠨ ᠢ ᠴᠢᠷᠮᠠᠶᠢᠨ ᠪᠤᠶᠢᠵᠢᠭᠤᠯᠬᠤ ᠬᠡᠷᠡᠭᠲᠡᠢ᠃ ᠤᠯᠤᠰ ᠤᠨ ᠣᠷᠣᠨ ᠪᠦᠰᠡ ᠶᠢᠨ ᠬᠥᠭᠵᠢᠯᠲᠡ ᠶᠢᠨ ᠪᠠᠶᠢᠯᠳᠤᠬᠤ ᠪᠣᠳᠣᠯᠭ᠎ᠠ ᠲᠠᠢ ᠢᠳᠡᠪᠬᠢᠲᠡᠶ ᠵᠣᠯᠭᠠᠭᠤᠯᠵᠤ᠂ ᠠᠵᠤ ᠦᠢᠯᠡᠰ ᠤᠨ ᠱᠠᠲᠤᠯᠢᠭ ᠰᠢᠯᠵᠢᠯᠲᠡ ᠶᠢ ᠰᠠᠨᠠᠭᠠᠴᠢᠯᠠᠭ᠎ᠠ ᠠᠴᠠ ᠪᠠᠨ ᠵᠠᠯᠭᠠᠨ ᠠᠪᠴᠤ᠂ ᠣᠲᠣ ᠦᠶ᠎ᠡ ᠶᠢᠨ ᠪᠣᠭᠤᠮᠲᠠ᠂ ᠤᠶᠤᠨᠲᠤ ᠪᠣᠭᠤᠮᠲᠠ ᠪᠠ ᠭᠠᠳᠠᠭᠠᠳᠤ ᠠᠴᠠ ᠣᠷᠤᠭᠤᠯᠤᠭᠰᠠᠨ ᠨᠡᠭᠦᠷᠡᠰᠦ ᠶᠢ ᠬᠠᠳᠠᠭᠠᠯᠠᠵᠤ ᠲᠣᠬᠢᠷᠠᠭᠤᠯᠬᠤ ᠠᠷᠠᠯᠵᠢᠶᠠᠨ ᠤ ᠰᠠᠭᠤᠷᠢᠨ ᠭᠠᠵᠠᠷ ᠢ ᠲᠦᠷᠭᠡᠨ ᠪᠠᠶᠢᠭᠤᠯᠵᠤ᠂ ᠮᠠᠨ ᠤ ᠠᠶᠢᠮᠠᠭ ᠤᠨ ᠭᠠᠳᠠᠭᠠᠳᠤ ᠨᠡᠭᠡᠭᠡᠯᠲᠡ ᠶᠢᠨ ᠲᠠᠰ ᠪᠠ ᠲᠦᠪᠰᠢᠨ ᠢ ᠲᠠᠰᠤᠷᠠᠯᠲᠠ ᠥᠬᠡᠶ ᠳᠡᠭᠡᠭᠰᠢᠯᠡᠭᠦᠯᠬᠦ ᠬᠡᠷᠡᠭᠲᠡᠶ᠃ ᠠᠷᠠᠳ ᠤᠨ ᠠᠮᠢᠳᠤᠷᠠᠯ ᠢ ᠪᠠᠲᠤᠯᠠᠨ ᠰᠠᠶᠢᠵᠢᠷᠠᠭᠤᠯᠬᠤ ᠡᠷᠴᠢᠮ ᠢᠶᠠᠨ ᠴᠢᠩᠭᠠᠷᠠᠭᠤᠯᠵᠤ᠂ ︽ᠬᠠᠶᠢᠷ᠎ᠠ ᠬᠠᠯᠠᠮᠵᠢ ᠶᠢᠨ ᠢᠨᠵᠧᠨᠧᠷᠢᠩ︾ ᠪᠠ ︽ᠰᠡᠳᠬᠢᠯ ᠢ ᠳᠤᠯᠠᠭᠠᠴᠠᠭᠤᠯᠬᠤ ᠢᠨᠵᠧᠨᠧᠷᠢᠩ︾᠎ ᠢ ᠰᠠᠶᠢᠲᠤᠷ ᠬᠡᠷᠡᠭᠵᠢᠭᠦᠯᠵᠦ᠂ ᠠᠮᠠᠯᠠᠭᠰᠠᠨ ᠡᠯ᠎ᠡ ᠵᠦᠢᠯ ᠤᠨ ᠠᠷᠠᠳ ᠤᠨ ᠠᠮᠢᠳᠤᠷᠠᠯ ᠤᠨ ᠶᠠᠪᠤᠳᠠᠯ ᠢ ᠴᠢᠨᠠᠷ ᠰᠠᠶᠢᠲᠠᠢ ᠰᠠᠶᠢᠲᠤᠷ ᠬᠢᠵᠦ᠂ ᠤᠯᠠᠨ ᠲᠦᠮᠡᠨ ᠳᠤ ᠬᠦᠭᠵᠢᠯᠲᠡ ᠶᠢᠨ ᠠᠰᠢᠭ ᠲᠣᠰᠠ ᠶᠢ ᠬᠦᠷᠲᠡᠭᠡᠬᠦ ᠬᠡᠷᠡᠭᠲᠡᠢ ᠭᠡᠪᠡ᠃     ᠬᠤᠷᠠᠯ ᠠᠴᠠ᠂ ᠶᠡᠷᠦᠩᠬᠡᠢ ᠱᠦᠵᠢ ᠰᠢ ᠶᠢᠨ ᠫᠢᠩ ᠤᠨ ᠲᠤᠭ᠎ᠠ ᠪᠦᠷᠢᠳᠬᠡᠯ ᠤᠨ ᠠᠵᠢᠯ ᠤᠨ ᠲᠤᠬᠠᠢ ᠴᠢᠬᠤᠯᠠ ᠶᠠᠷᠢᠶ᠎ᠠ ᠴᠢᠬᠤᠯᠠ ᠵᠢᠭᠠᠪᠤᠷᠢ ᠴᠣᠬᠤᠯᠠᠪᠤᠷᠢ ᠶᠢᠨ ᠵᠣᠷᠢᠭ ᠰᠠᠨᠠᠭ᠎ᠠ ᠶᠢ ᠭᠦᠨᠵᠡᠭᠡᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠠᠵᠢᠯ ᠤᠨ ᠪᠦᠲᠦᠮᠵᠢ ᠶᠢᠨ ᠲᠤᠬᠠᠢ ᠵᠥᠪ ᠦᠵᠡᠯᠲᠡ ᠶᠢ ᠪᠤᠢ ᠪᠣᠯᠭᠠᠨ ᠦᠢᠯᠡᠳᠦᠯᠭᠡᠵᠢᠭᠦᠯᠵᠦ᠂ ᠲᠤᠭ᠎ᠠ ᠪᠠᠷᠢᠮᠲᠠ ᠶᠢᠨ ᠶᠠᠰᠤ ᠴᠢᠨᠠᠷ ᠤᠨ ᠪᠣᠭᠤᠮᠲᠠ ᠶᠢ ᠴᠢᠩᠭ᠎ᠠ ᠠᠳᠬᠤᠵᠤ᠂ ︽ᠲᠤᠭ᠎ᠠ ᠪᠠᠷᠢᠮᠲᠠ ᠶᠢᠨ ᠠᠵᠢᠯ ᠤᠨ ᠪᠦᠲᠦᠮᠵᠢ︾᠂ ︽ᠬᠤᠳᠠᠯ ᠬᠠᠭᠤᠷᠮᠠᠭ ᠠᠵᠢᠯ ᠤᠨ ᠪᠦᠲᠦᠮᠵᠢ︾᠎ ᠶᠢ ᠶᠠᠭᠠᠬᠢᠭᠰᠠᠨ ᠴᠤ ᠪᠠᠶᠢᠯᠭᠠᠬᠤ ᠦᠭᠡᠢ᠂ ᠨᠢᠭᠡᠳᠭᠡᠬᠦ ᠶᠣᠰᠣᠲᠠᠢ ᠶᠢ ᠨᠢ ᠪᠦᠬᠦᠨ ᠢ ᠨᠢᠭᠡᠳᠬᠡᠵᠦ᠂ ᠦᠨᠡᠨ ᠪᠣᠳᠠᠲᠠᠢ ᠣᠨᠣᠪᠴᠢᠲᠠᠢ ᠪᠠᠶᠢᠯᠭᠠᠬᠤ ᠬᠡᠷᠡᠭᠲᠡᠢ᠃ ᠲᠤᠭ᠎ᠠ ᠪᠦᠷᠢᠳᠬᠡᠯ ᠤᠨ ᠬᠠᠤᠯᠢ ᠪᠠᠷ ᠵᠠᠰᠠᠬᠤ ᠤᠬᠠᠭᠤᠯᠭ᠎ᠠ ᠶᠢᠨ ᠠᠵᠢᠯ ᠢ ᠥᠷᠨᠢᠭᠦᠯᠵᠦ᠂ ᠲᠤᠭ᠎ᠠ ᠪᠦᠷᠢᠳᠬᠡᠯ ᠤᠨ ᠠᠵᠢᠯ ᠤᠨ ᠠᠰᠠᠭᠤᠳᠠᠯ ᠢ ᠴᠡᠭᠴᠡᠯᠡᠨ ᠰᠠᠶᠢᠵᠢᠷᠠᠭᠤᠯᠬᠤ ᠶᠢ ᠬᠢᠨᠠᠮᠠᠭᠠᠶ ᠰᠠᠶᠢᠲᠤᠷ ᠠᠳᠬᠤᠵᠤ ᠂ ᠲᠠᠪᠤᠳᠤᠭᠠᠷ ᠤᠳᠠᠭᠠᠨ ᠤ ᠪᠥᠬᠦ ᠤᠯᠤᠰ ᠤᠨ ᠠᠵᠤ ᠠᠬᠤᠶ ᠶᠢᠨ ᠨᠡᠶᠢᠳᠡᠮ ᠪᠠᠶᠢᠴᠠᠭᠠᠯᠲᠠ ᠶᠢ ᠰᠠᠶᠢᠲᠤᠷ ᠥᠷᠨᠢᠭᠦᠯᠵᠦ᠂ ᠴᠢᠨᠠᠷ ᠰᠠᠶᠢᠲᠠᠶ ᠲᠤᠭ᠎ᠠ ᠪᠦᠷᠢᠳᠬᠡᠯ ᠤᠨ ᠠᠵᠢᠯ ᠢᠶᠠᠷ ᠪᠥᠬᠦ ᠠᠶᠢᠮᠠᠭ ᠤᠨ ᠴᠢᠨᠠᠷ ᠰᠠᠶᠢᠲᠠᠶ ᠬᠥᠭᠵᠢᠯᠲᠡ ᠳᠤ ᠦᠢᠯᠡᠴᠢᠯᠡᠬᠦ ᠬᠡᠷᠡᠭᠲᠡᠶ ᠭᠡᠵᠦ ᠴᠢᠬᠤᠯᠠᠴᠢᠯᠠᠪᠠ᠃     ᠬᠤᠷᠠᠯ ᠳᠤ᠂ ᠪᠦᠬᠦ ᠠᠶᠢᠮᠠᠭ ᠤᠨ ᠠᠮᠢ ᠠᠬᠤᠶ ᠣᠷᠴᠢᠨ ᠲᠣᠭᠤᠷᠢᠨ ᠤ ᠭᠤᠤᠯᠳᠠᠯᠭ᠎ᠠ ᠲᠠᠢ ᠠᠵᠢᠯ ᠤᠨ ᠬᠠᠷᠢᠭᠤ ᠮᠡᠳᠡᠭᠦᠯᠦᠯᠲᠡ ᠶᠢ ᠰᠣᠨᠣᠰᠴᠤ᠂ ᠢᠮᠠᠭᠲᠠ ︽ᠤᠯᠤᠰ ᠤᠨ ᠶᠡᠭᠡ ᠶᠠᠪᠤᠳᠠᠯ︾᠎ ᠤᠨ ᠦᠨᠳᠦᠷᠴᠡ ᠠᠴᠠ ᠠᠮᠢ ᠠᠬᠤᠶ ᠶᠢᠨ ᠪᠥᠲᠥᠭᠡᠨ ᠪᠠᠶᠢᠭᠤᠯᠤᠯᠲᠠ ᠶᠢ ᠲᠥᠯᠥᠪᠵᠢᠭᠦᠯᠦᠨ ᠠᠬᠢᠭᠤᠯᠵᠤ᠂ ︽ᠬᠥᠬᠡ ᠣᠭᠲᠠᠷᠭᠤᠶ᠂ ᠬᠥᠬᠡᠮᠳᠦᠭ ᠤᠰᠤ᠂ ᠴᠡᠪᠡᠷ ᠬᠥᠷᠥᠰᠥ︾ ᠭᠤᠷᠪᠠᠨ ᠶᠡᠭᠡ ᠠᠵᠢᠯᠯᠠᠭ᠎ᠠ ᠶᠢ ᠭᠦᠨᠵᠡᠭᠡᠶ ᠬᠡᠷᠡᠭᠵᠢᠭᠦᠯᠵᠦ᠂ ᠡᠯᠡᠰᠦᠷᠬᠡᠭᠵᠢᠯ ᠢ ᠰᠡᠷᠭᠡᠶᠢᠯᠡᠨ ᠵᠠᠰᠠᠬᠤ ︽ᠲᠤᠯᠤᠭᠠᠨ ᠶᠡᠭᠡ ᠳᠠᠶᠢᠯᠠᠯᠳᠤᠭᠠᠨ︾᠎ ᠢ ᠪᠥᠬᠦ ᠬᠦᠴᠦᠨ ᠢᠶᠠᠷ ᠢᠶᠠᠨ ᠰᠠᠶᠢᠲᠤᠷ ᠬᠢᠵᠦ᠂ ᠤᠰᠤᠨ ᠤ ᠡᠬᠢ ᠪᠠᠶᠠᠯᠢᠭ ᠢ ᠡᠷᠴᠢᠮᠵᠢᠭᠦᠯᠦᠨ ᠠᠷᠪᠢᠯᠠᠬᠤ ᠢᠨᠵᠧᠨᠧᠷᠢᠩ ᠢ ᠪᠥᠬᠦ ᠲᠠᠯ᠎ᠠ ᠪᠠᠷ ᠠᠬᠢᠭᠤᠯᠵᠤ᠂ ᠠᠮᠢ ᠠᠬᠤᠶ ᠣᠷᠴᠢᠨ ᠲᠣᠭᠤᠷᠢᠨ ᠤ ᠬᠠᠮᠠᠭᠠᠯᠠᠯᠲᠠ ᠶᠢ ᠬᠢᠨᠠᠨ ᠪᠠᠶᠢᠴᠠᠭᠠᠬᠤ ᠪᠡᠯᠡᠳᠬᠡᠯ ᠠᠵᠢᠯ ᠢ ᠰᠠᠶᠢᠲᠤᠷ ᠬᠢᠵᠦ᠂ ᠠᠯᠠᠱᠠ ᠶᠢᠨ ᠠᠮᠢ ᠠᠬᠤᠶ ᠣᠷᠴᠢᠨ ᠲᠣᠭᠤᠷᠢᠨ ᠤ ᠶᠠᠰᠤ ᠴᠢᠨᠠᠷ ᠢ ᠴᠢᠷᠮᠠᠶᠢᠨ ᠳᠡᠭᠡᠭᠰᠢᠯᠡᠭᠦᠯᠬᠦ ᠬᠡᠷᠡᠭᠲᠡᠶ ᠭᠡᠵᠦ ᠴᠢᠬᠤᠯᠠᠴᠢᠯᠠᠪᠠ᠃     ᠬᠤᠷᠠᠯ ᠳᠤ᠂ ᠠᠶᠤᠯᠭᠦᠢ ᠦᠢᠯᠡᠳᠪᠦᠷᠢᠯᠡᠯ ᠤᠨ ᠠᠵᠢᠯ ᠳᠤ ᠪᠠᠶᠢᠷᠢᠯᠠᠭᠤᠯᠤᠯᠲᠠ ᠬᠢᠵᠦ᠂ ᠠᠶᠤᠯᠭᠦᠢ ᠦᠢᠯᠡᠳᠪᠦᠷᠢᠯᠡᠯ ᠤᠨ ᠡᠨᠡᠬᠦ ᠬᠥᠪᠴᠢ ᠶᠢ ᠴᠢᠩᠭᠠᠷᠠᠭᠤᠯᠵᠤ᠂ ᠡᠯ᠎ᠡ ᠱᠠᠲᠤᠨ ᠤ ᠠᠶᠤᠯᠭᠦᠢ ᠦᠢᠯᠡᠳᠪᠦᠷᠢᠯᠡᠯ ᠤᠨ ᠬᠠᠷᠢᠭᠤᠴᠠᠯᠭ᠎ᠠ ᠶᠢ ᠴᠢᠩᠭ᠎ᠠ ᠠᠳᠬᠤᠵᠤ᠂ ᠪᠠᠴᠢᠮ ᠪᠠᠶᠢᠳᠠᠯ ᠢ ᠠᠷᠭᠠᠴᠠᠬᠤ ᠵᠢᠵᠢᠭᠦᠷᠯᠡᠯ᠂ ᠪᠡᠯᠡᠳᠬᠡᠯ ᠪᠠ ᠵᠢᠯᠤᠭᠤᠳᠤᠯᠭ᠎ᠠ ᠲᠣᠬᠢᠷᠠᠭᠤᠯᠭ᠎ᠠ ᠶᠢ ᠴᠢᠩᠭᠠᠳᠬᠠᠵᠤ᠂ ᠵᠠᠮ ᠬᠠᠷᠢᠯᠴᠠᠭ᠎ᠠ᠂ ᠵᠢᠭᠤᠯᠴᠢᠯᠠᠯ ᠤᠨ ᠣᠷᠣᠨ᠂ ᠠᠭᠤᠷᠬᠠᠢ᠂ ᠬᠢᠮᠢ ᠶᠢᠨ ᠠᠵᠤ ᠦᠢᠯᠡᠳᠪᠦᠷᠢ ᠶᠢᠨ ᠠᠵᠤ ᠠᠬᠤᠶᠢᠯᠠᠯ᠂ ᠶᠢᠰᠦᠨ ᠵᠢᠵᠢᠭ ᠲᠠᠯᠠᠪᠤᠷ ᠵᠡᠷᠭᠡ ᠭᠤᠣᠯᠳᠠᠯᠭ᠎ᠠ ᠲᠠᠢ ᠬᠦᠷᠢᠶᠡᠨ ᠤ ᠠᠶᠤᠯᠭᠦᠢ ᠦᠢᠯᠡᠳᠪᠦᠷᠢᠯᠡᠯ ᠢ ᠪᠠᠶᠢᠴᠠᠭᠠᠵᠤ ᠴᠡᠭᠴᠡᠯᠡᠨ ᠵᠠᠰᠠᠬᠤ ᠠᠵᠢᠯ ᠢ ᠬᠠᠷᠢᠭᠤᠴᠠᠯᠭ᠎ᠠ ᠲᠠᠢ ᠪᠠᠷ ᠰᠠᠶᠢᠲᠤᠷ ᠠᠳᠬᠤᠵᠤ᠂ ᠬᠦᠨᠳᠦ ᠣᠨᠴᠠ ᠶᠡᠭᠡ ᠠᠳᠡᠯ ᠭᠠᠷᠬᠤ ᠶᠢ ᠡᠷᠡᠰ ᠰᠡᠷᠭᠡᠶᠢᠯᠡᠬᠦ ᠬᠡᠷᠡᠭᠲᠡᠢ ᠭᠡᠵᠦ ᠴᠢᠬᠤᠯᠠᠴᠢᠯᠠᠪᠠ᠃     ᠬᠤᠷᠠᠯ ᠳᠤ᠂ ᠪᠠᠰᠠ ︽ᠮᠠᠨ ᠤ ᠤᠯᠤᠰ ᠤᠨ ᠤᠮᠠᠷᠠᠲᠤ ᠶᠢᠨ ᠴᠢᠬᠤᠯᠠ ᠠᠮᠢ ᠠᠬᠤᠶ ᠶᠢᠨ ᠠᠮᠤᠷ ᠲᠦᠪᠰᠢᠨ ᠤ ᠬᠠᠯᠬᠠᠪᠴᠢ ᠶᠢ ᠪᠥᠲᠥᠭᠡᠨ ᠪᠠᠶᠢᠭᠤᠯᠬᠤ ᠳᠤ ᠦᠢᠯᠡᠴᠢᠯᠡᠬᠦ ᠲᠤᠬᠠᠢ ᠠᠯᠠᠱᠠ ᠠᠶᠢᠮᠠᠭ ᠤᠨ ᠬᠡᠷᠡᠭᠵᠢᠭᠦᠯᠬᠦ ᠲᠥᠰᠦᠯ︾ ᠵᠡᠷᠭᠡ ᠪᠢᠴᠢᠭ ᠮᠠᠲ᠋ᠧᠷᠢᠶᠠᠯ ᠢ ᠬᠢᠨᠠᠨ ᠵᠥᠪᠯᠡᠵᠦ᠂ ᠪᠤᠰᠤᠳ ᠵᠦᠢᠯᠡᠰ ᠢ ᠰᠤᠳᠤᠯᠪᠠ᠃
 
ᠢᠷᠡᠯᠲᠡ᠄ ᠠᠯᠠᠱᠠ ᠠᠶᠢᠮᠠᠭ ᠤᠨ ᠵᠠᠬᠢᠷᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号