ᠲᠠᠮᠠᠭ᠎ᠠ ᠲᠡᠮᠳᠡᠭ ᠢᠶᠠᠷ ᠨᠢ ᠨᠡᠷᠡᠯᠡᠬᠦ
ᠨᠡᠶᠢᠲᠡᠯᠡᠭᠰᠡᠨ ᠴᠠᠭ᠄
2024/4/12
    ᠠᠷᠪᠠᠳᠤᠭᠠᠷ ᠬᠡᠰᠡᠭ ᠲᠠᠮᠠᠭ᠎ᠠ ᠲᠡᠮᠳᠡᠭ ᠢᠶᠠᠷ ᠨᠢ ᠨᠡᠷᠡᠯᠡᠬᠦ    ᠲᠡᠮᠡᠭᠡᠨ ᠤ ᠪᠠᠶ᠎ᠠ ᠲᠠᠭᠡᠷᠠᠬᠢ ᠢᠮ ᠲᠠᠮᠠᠭ᠎ᠠ ᠪᠠᠷ ᠨᠢ ᠨᠡᠷ᠎ᠡ ᠦᠭᠳᠡᠭ᠃ ᠭᠤᠤᠯᠳᠠᠭᠤ ᠴᠢᠬᠢᠨ ᠳᠤᠨᠢ ᠲᠠᠯᠪᠢᠭᠰᠠᠨ ᠢᠮ᠂ ᠬᠠᠴᠠᠷ᠂ ᠭᠤᠶ᠎ᠠ᠂ ᠲᠠᠰᠢᠶ᠎ᠠ ᠪᠤᠶᠤ ᠪᠤᠶᠢᠯᠨ᠂ ᠲᠠᠭᠯᠢ ᠲᠠᠭᠡᠷ᠎ᠠ ᠨᠢ ᠲᠠᠷᠤᠭᠰᠠᠨ ᠲᠠᠮᠠᠭ᠎ᠠ᠂ ᠴᠢᠬᠢ ᠬᠦᠵᠤᠬᠦᠨ ᠳᠤᠨᠢ ᠵᠠᠬᠦᠯᠭᠡᠭᠰᠠᠨ ᠲᠠᠬᠦᠵᠢᠩ ᠵᠠᠷᠭᠡ ᠪᠠᠷ ᠨᠢ ᠴᠤᠭᠤᠯᠪᠤᠷᠢ ᠢᠮᠳᠤ᠂ ᠡᠷᠠᠭᠡᠢ ᠢᠮᠳᠤ᠂ ᠰᠢᠭᠡᠵᠠᠢ ᠢᠮᠳᠤ᠂ ᠰᠠᠷᠠᠨ ᠲᠠᠮᠠᠭᠠᠳᠤ᠂ ᠨᠠᠷᠠᠨ ᠲᠠᠮᠠᠭᠠᠳᠤ᠂ ᠬᠤᠨᠭ᠍ᠬᠤᠳᠤ᠂ ᠰᠠᠳᠠᠷᠳᠤ᠂ ᠲᠠᠬᠦᠵᠢᠩᠳᠤ ᠪᠠᠷ ᠨᠡᠷᠡᠯᠡᠳᠡᠭ᠃    ᠨᠢᠭᠡ᠂ ᠢᠮ ᠢ ᠨᠢ ᠲᠠᠭᠠᠭᠤᠯᠤᠭᠰᠠᠨ ᠨᠠᠷᠠᠶᠢᠳᠤᠯ    ᠲᠠᠮᠡᠭᠡ ᠶᠢ ᠢᠮ ᠤᠨ ᠬᠢᠨᠢ ᠭᠡᠯᠪᠠᠷᠢ ᠪᠠᠶᠢᠳᠠᠯ ᠢᠶᠠᠷ ᠨᠢ ᠡᠷᠠᠭᠡᠢ ᠢᠮᠳᠤ᠂ ᠤᠨᠢ ᠢᠮᠳᠤ᠂ ᠰᠢᠷᠭᠤᠯᠵᠢᠨ ᠢᠮᠳᠤ᠂ ᠲᠤᠭᠤᠯ ᠢᠮᠳᠤ᠂ ᠰᠦᠢᠭᠡ ᠢᠮᠳᠤ᠂ ᠵᠢᠷᠤᠭᠡᠨ ᠢᠮᠳᠤ ᠭᠡᠬᠦ ᠮᠡᠳᠤ ᠪᠠᠷ ᠨᠡᠷᠡᠯᠡᠵᠦ᠂ ᠬᠡᠴᠢᠨᠡᠬᠡᠨ ᠵᠦᠢᠯ ᠤᠨ ᠢᠮ ᠪᠠᠶᠢᠪᠠᠯ ᠲᠡᠳᠦᠢ ᠵᠦᠢᠯ ᠤᠨ ᠨᠠᠷᠠᠶᠢᠳᠤᠯ ᠲᠠᠢ᠃    ᠲᠠᠮᠡᠭᠡ ᠶᠢ ᠪᠠᠰᠠ ᠴᠤᠭᠤᠯᠪᠤᠷᠢ ᠢᠮ ᠲᠠᠢ ᠪᠤᠳᠤᠭᠤ᠂ ᠴᠤᠭᠤᠷᠤᠬᠠᠢ ᠢᠮ ᠲᠠᠢ ᠲᠤᠷᠤᠮ᠂ ᠡᠷᠠᠭᠡᠢ ᠢᠮ ᠲᠠᠢ ᠠᠳᠠ᠂ ᠰᠢᠭᠡᠵᠠᠢ ᠢᠮ ᠲᠠᠢ ᠭᠤᠨᠵᠢ᠂ ᠰᠦᠢᠭᠡ ᠢᠮ ᠲᠠᠢ ᠮᠤᠷᠤᠢ ᠬᠦᠵᠤᠬᠦᠳᠤ᠂ ᠵᠢᠷᠤᠭᠡᠨ ᠢᠮ ᠲᠠᠢ ᠦᠡᠳᠤᠷ ᠬᠦᠷᠠᠩ᠂ ᠲᠠᠭᠠᠷᠢᠩᠬᠠᠢ ᠢᠮ ᠲᠠᠢ ᠬᠤᠤᠰ ᠵᠤᠠᠠᠳᠤᠷᠳᠤ᠂ ᠲᠠᠭᠠᠷᠢᠩᠬᠠᠢ ᠴᠢᠬᠢ ᠲᠠᠢ ᠵᠤᠵᠠᠭᠠᠨ ᠨᠤᠤᠰᠤᠳᠤ᠂ ᠤᠨᠢ ᠢᠮ ᠲᠠᠢ ᠰᠤᠬᠤᠷ ᠬᠠᠷ᠎ᠠ᠂ ᠮᠠᠯᠳᠠᠮᠠᠯ ᠢᠮ ᠲᠠᠢ ᠲᠤᠭᠤᠯᠠᠩ ᠠᠳᠠ᠂ ᠰᠢᠷᠭᠤᠯᠵᠢᠨ ᠢᠮ ᠲᠠᠢ ᠤᠯᠠᠭᠠᠨ᠂ ᠲᠤᠭᠤᠯ ᠢᠮ ᠲᠠᠢ ᠴᠠᠭᠠᠨ ᠲᠠᠶᠢᠯᠤᠭ᠂ ᠭᠠᠨᠵᠤᠭ᠎ᠠ ᠢᠮ ᠲᠠᠢ ᠰᠤᠯᠪᠢ ᠭᠤᠨ᠎ᠠ᠂ ᠰᠤᠳᠤ ᠢᠮ ᠲᠠᠢ ᠠᠶᠠᠰ ᠰᠢᠷ᠎ᠠ ᠭᠡᠬᠦ ᠮᠠᠳᠤ ᠪᠠᠷ ᠢᠮ ᠲᠠᠮᠳᠡᠭ ᠢᠶᠠᠷ ᠨᠢ ᠨᠠᠰᠤ ᠰᠢᠳᠤ᠂ ᠬᠦᠢᠰᠤ ᠢᠯᠭᠠᠯ᠂ ᠪᠠᠶ᠎ᠠ ᠪᠠᠶᠢᠳᠠᠯ᠂ ᠨᠤᠤᠰᠤ ᠦᠰᠤ᠂ ᠡᠪᠠᠤᠡᠴᠢᠨ ᠭᠡᠮ᠂ ᠦᠡᠭᠭᠡ ᠵᠢᠰᠦ᠂ ᠪᠦᠬᠦ ᠶᠢᠨ ᠪᠠᠶᠢᠳᠠᠯ ᠢ ᠨᠢ ᠲᠤᠳᠤᠤᠠᠬᠠᠵᠤ ᠨᠠᠷᠠᠯᠠᠳᠡᠭ᠃ ᠲᠦᠯᠬᠢᠬᠦᠷ ᠢᠮ ᠲᠠᠢ ᠰᠠᠷᠠᠨ ᠲᠠᠮᠠᠭᠠᠳᠤ᠂ ᠭᠠᠨᠵᠤᠭ᠎ᠠ ᠢᠮ ᠲᠠᠢ ᠲᠦᠰᠢ ᠲᠠᠮᠠᠭᠠᠳᠤ᠂ ᠲᠠᠪᠬᠤᠷ ᠰᠢᠭᠡᠵᠠᠢ ᠢᠮ ᠲᠠᠢ ᠲᠠᠬᠦᠵᠢᠩᠳᠤ᠂ ᠲᠠᠪᠬᠤᠷ ᠡᠷᠠᠭᠡᠢ ᠢᠮ ᠲᠠᠢ ᠮᠤᠯᠴᠤᠠᠠᠳᠤ᠂ ᠤᠳᠠᠷᠬᠠᠢ ᠢᠮ ᠲᠠᠢ ᠮᠤᠷᠤᠢ ᠪᠤᠶᠢᠯᠠᠳᠤ᠂ ᠤᠬᠤᠮᠠᠯ ᠢᠮ  ᠲᠠᠢ ᠲᠤᠭᠤᠢ ᠲᠬᠠᠯᠢᠳᠤ᠂ ᠰᠦᠷᠭᠡᠤ ᠡᠷᠠᠭᠡᠢ ᠲᠠᠢ ᠰᠤᠬᠠᠢ ᠭᠤᠤᠯᠳᠤ᠂ ᠰᠦᠷᠭᠡᠤ ᠰᠢᠭᠡᠵᠠᠢ  ᠲᠠᠢ ᠲᠤᠷᠤᠭᠤ ᠲᠤᠪᠬᠤᠳᠤ᠂ ᠵᠦᠪᠳᠡᠢ ᠴᠢᠬᠢᠨ  ᠳᠡᠭᠡᠨ ᠲᠦᠬᠦᠷᠢᠭ ᠤᠨᠢᠳᠤ᠂ ᠪᠤᠷᠤᠭᠤ ᠴᠢᠬᠢᠨ  ᠳᠡᠭᠡᠨ ᠰᠤᠳᠤ ᠢᠮᠳᠤ᠂ ᠵᠦᠪᠳᠠᠢ ᠴᠢᠬᠢ  ᠨᠢ ᠰᠤᠳᠤ ᠪᠤᠷᠤᠭᠤᠳᠠᠢ ᠴᠢᠬᠢ  ᠨᠢ ᠤᠨᠢᠳᠤ᠂ ᠬᠤᠶᠠᠷ ᠴᠢᠬᠢᠨ  ᠳᠡᠭᠡᠨ ᠰᠦᠢᠭᠡ ᠢᠮ  ᠲᠠᠢ ᠭᠡᠬᠦᠴᠢᠯᠠᠨ ᠢᠮ  ᠢ  ᠨᠢ ᠲᠠᠮᠠᠭ᠎ᠠ᠂ ᠲᠠᠬᠦᠵᠢᠩ᠂ ᠪᠤᠶᠢᠯᠨ᠂ ᠲᠠᠭᠯᠢ᠂ ᠭᠤᠤᠯ᠂ ᠲᠤᠪᠬᠤ  ᠲᠠᠢ  ᠨᠢ ᠤᠠᠠᠰᠠᠷᠠᠭᠤᠯᠤᠨ ᠲᠤᠳᠤᠤᠠᠬᠠᠵᠤ ᠨᠠᠷᠠᠯᠠᠳᠡᠭ ᠴᠦ ᠪᠣᠢ᠃    ᠬᠤᠶᠠᠷ᠂ ᠲᠠᠮᠠᠭ᠎ᠠ ᠶᠢ ᠨᠢ ᠲᠠᠭᠠᠭᠤᠯᠤᠭᠰᠠᠨ ᠨᠠᠷᠠᠶᠢᠳᠤᠯ    ᠲᠠᠮᠡᠭᠡ ᠶᠢ ᠲᠠᠮᠠᠭ᠎ᠠ ᠶᠢᠨ ᠭᠡᠯᠪᠠᠷᠢ ᠪᠠᠶᠢᠳᠠᠯ ᠢᠶᠠᠷ ᠨᠢ ᠰᠢᠭᠤᠤᠨ ᠰᠠᠷᠠᠨ ᠲᠠᠮᠠᠭᠠᠳᠤ᠂ ᠬᠦᠬᠦᠷᠭᠡᠨ ᠲᠠᠮᠠᠭᠠᠳᠤ ︵ᠪᠠᠰᠠ ᠨᠠᠷᠠᠨ ᠲᠠᠮᠠᠭᠠᠳᠤ ᠭᠡᠳᠡᠭ︶᠂ ᠠᠯᠤᠬᠠᠨ ᠲᠠᠮᠠᠭᠠᠳᠤ᠂ ᠲᠦᠰᠢ ᠲᠠᠮᠠᠭᠠᠳᠤ᠂ ᠬᠠᠰ ᠲᠠᠮᠠᠭᠠᠳᠤ ︵ᠶᠤᠭᠤᠷᠤᠩ ᠲᠠᠮᠠᠭᠠᠳᠤ︶᠂ ᠴᠢᠠᠠᠳᠠ ᠲᠠᠮᠠᠭᠠᠳᠤ᠂ ᠦᠯᠵᠠᠢ ᠲᠠᠮᠠᠭᠠᠳᠤ᠂ ᠵᠢᠭᠠᠰᠤᠨ ᠲᠠᠮᠠᠭᠠᠳᠤ᠂ ᠯᠠᠨᠵᠠ ᠲᠠᠮᠠᠭᠠᠳᠤ᠂ ᠰᠠᠷᠡᠭᠡ ᠲᠠᠮᠠᠭᠠᠳᠤ᠂ ᠲᠠᠪᠤᠨ ᠲᠠᠮᠠᠭᠠᠳᠤ᠂ ᠤᠯᠠᠨ ᠲᠠᠮᠠᠭᠠᠳᠤ ᠭᠡᠬᠦ ᠮᠡᠳᠤ ᠪᠠᠷ ᠨᠡᠷᠡᠯᠡᠵᠦ᠂ ᠬᠡᠴᠢᠨᠡᠬᠡᠨ ᠵᠦᠢᠯ ᠤᠨ ᠲᠠᠮᠠᠭ᠎ᠠ ᠪᠠᠶᠢᠪᠠᠯ ᠲᠡᠳᠦᠢ ᠵᠦᠢᠯ ᠤᠨ ᠨᠠᠷᠠᠶᠢᠳᠤᠯ ᠲᠠᠢ᠃    ᠲᠠᠮᠡᠭᠡ ᠶᠢ ᠪᠠᠰᠠ ᠲᠠᠮᠠᠭ᠎ᠠ ᠪᠠᠷ ᠨᠢ ᠲᠤᠰ ᠲᠠᠮᠠᠭᠡᠨ ᠤ ᠨᠠᠰᠤ ᠰᠢᠳᠤ᠂ ᠬᠦᠢᠰᠤ ᠢᠯᠭᠠᠯ᠂ ᠪᠠᠶ᠎ᠠ ᠪᠠᠶᠢᠳᠠᠯ᠂ ᠪᠦᠬᠦ᠂ ᠨᠤᠤᠰᠤ ᠦᠰᠤ᠂ ᠡᠪᠠᠤᠡᠴᠢᠨ ᠭᠡᠮ᠂ ᠦᠡᠭᠭᠡ ᠵᠢᠰᠦ ᠶᠢ ᠨᠢ ᠲᠤᠳᠤᠤᠠᠬᠠᠵᠤ ᠨᠠᠷᠠᠯᠠᠬᠦ ᠪᠤᠶᠤ ᠬᠠᠴᠠᠷ᠂ ᠲᠠᠰᠢᠶ᠎ᠠ᠂ ᠭᠤᠶ᠎ᠠ᠂ ᠲᠠᠯᠤ ᠵᠠᠷᠭᠡ ᠲᠠᠮᠠᠭ᠎ᠠ ᠲᠠᠷᠤᠬᠤ ᠪᠠᠶᠢᠷᠢ ᠪᠠᠷ ᠨᠢ ᠢᠯᠭᠠᠵᠤ ᠨᠠᠷᠠᠯᠠᠬᠦ ᠵᠢᠴᠢ ᠵᠦᠪ ᠪᠤᠷᠤᠭᠤ ᠲᠠᠯ᠎ᠠ ᠶᠢ ᠨᠢ ᠲᠤᠳᠤᠷᠬᠠᠶᠢᠯᠠᠵᠤ ᠲᠠᠪᠬᠤᠷ ᠰᠠᠷᠠᠨ ᠲᠠᠮᠠᠭᠠᠳᠤ ᠲᠤᠷᠤᠮ᠂ ᠬᠦᠷᠢᠶ᠎ᠠ ᠲᠠᠢ ᠰᠠᠷᠠᠨ ᠲᠠᠮᠠᠭᠠᠳᠤ ᠭᠤᠨ᠎ᠠ᠂ ᠲᠠᠩ ᠰᠠᠷᠠᠨ ᠲᠠᠮᠠᠭ᠎ᠠ ᠲᠠᠢ ᠪᠤᠤᠷ᠎ᠠ᠂ ᠨᠠᠷᠠᠨ ᠰᠠᠷᠠᠨ ᠲᠠᠮᠠᠭ᠎ᠠ ᠲᠠᠢ ᠢᠡᠭᠭᠡ᠂ ᠲᠠᠬᠦᠵᠢᠩ ᠲᠠᠮᠠᠭ᠎ᠠ ᠲᠠᠢ ᠤᠷᠳᠤ ᠬᠦᠯᠳᠤ᠂ ᠲᠠᠪᠭᠡ ᠲᠠᠮᠠᠭ᠎ᠠ ᠲᠠᠢ ᠮᠠᠶᠢᠬᠠᠨ ᠪᠠᠶᠠᠳᠤ᠂ ᠭᠠᠨᠵᠤᠭ᠎ᠠ ᠲᠠᠮᠠᠭ᠎ᠠ ᠲᠠᠢ ᠰᠤᠶᠤᠭ᠎ᠠ ᠤᠯᠠᠭᠠᠨ᠂ ᠮᠠᠭᠠᠵᠢᠭᠤᠷ ᠲᠠᠮᠠᠭ᠎ᠠ ᠲᠠᠢ ᠰᠡᠷᠡᠭᠡ ᠬᠦᠷᠠᠩ᠂ ᠰᠢᠪᠦᠭᠡ ᠲᠠᠮᠠᠭ᠎ᠠ ᠲᠠᠢ ᠨᠢᠮᠭᠡᠨ ᠨᠤᠤᠰᠤᠳᠤ᠂ ᠲᠣᠣᠬᠠᠢ ᠲᠠᠮᠠᠭ᠎ᠠ ᠲᠠᠢ ᠰᠠᠬᠤᠯᠢᠭ ᠨᠤᠤᠰᠤᠳᠤ᠂ ᠰᠤᠮᠤᠨ ᠲᠠᠮᠠᠭ᠎ᠠ ᠲᠠᠢ ᠲᠠᠭᠠᠷᠢᠳᠤ ᠬᠦᠭᠡ᠂ ᠠᠳᠠᠪᠴᠢᠨ ᠲᠠᠮᠠᠭ᠎ᠠ ᠲᠠᠢ ᠠᠮᠠᠷᠠᠤᠳᠤ ᠪᠤᠷᠤ᠂ ᠨᠢᠳᠤᠨ ᠬᠦᠬᠦᠷᠭᠡ ᠲᠠᠢ ᠴᠠᠭᠠᠨ᠂ ᠵᠠᠳᠠᠭᠠᠢ ᠬᠦᠬᠦᠷᠭᠡ ᠲᠠᠢ ᠤᠯᠠᠭᠠᠨ᠂ ᠬᠠᠴᠠᠷ ᠲᠠᠭᠠᠨ ᠬᠤᠯᠪᠤᠭ᠎ᠠ ᠬᠦᠬᠦᠷᠭᠡ ᠲᠠᠢ ᠲᠠᠮᠡᠭᠡ᠂ ᠪᠤᠷᠤᠭᠤ ᠲᠠᠯ᠎ᠠ ᠶᠢᠨ ᠬᠠᠴᠠᠷ ᠲᠠᠭᠠᠨ ᠭᠡᠯᠬᠢᠶ᠎ᠠ ᠬᠦᠬᠦᠷᠭᠡ ᠲᠠᠢ ᠲᠠᠮᠡᠭᠡ᠂ ᠵᠦᠪ ᠲᠠᠯ᠎ᠠ ᠶᠢᠨ ᠬᠠᠴᠠᠷ ᠲᠠᠭᠠᠨ ᠲᠠᠪᠬᠤᠷ ᠬᠦᠬᠦᠷᠭᠡ ᠲᠠᠢ ᠲᠠᠮᠡᠭᠡ᠂ ᠲᠠᠰᠢᠶᠠᠨ ᠳᠠᠭᠠᠨ ᠵᠠᠷᠭᠡᠴᠡᠭᠡ ᠬᠦᠬᠦᠷᠭᠡ ᠲᠠᠢ ᠠᠳᠠ᠂ ᠪᠤᠷᠤᠭᠤᠳᠠᠢ ᠲᠠᠰᠢᠶᠠᠨ ᠳᠠᠭᠠᠨ ᠰᠠᠷᠡᠭᠡ ᠲᠠᠢ ᠬᠦᠬᠦᠷᠭᠡ ᠲᠠᠢ ᠠᠳᠠ᠂ ᠵᠦᠪᠳᠠᠢ ᠲᠠᠰᠢᠶᠠᠨ ᠳᠠᠭᠠᠨ ᠡᠷᠳᠠᠨᠢ ᠲᠠᠮᠠᠭ᠎ᠠ ᠲᠠᠢ ᠢᠡᠭᠭᠡ᠂ ᠭᠤᠶᠠᠨ ᠳᠠᠭᠠᠨ ᠴᠢᠠᠳᠠᠮᠤᠨᠢ ᠲᠠᠮᠠᠭ᠎ᠠ ᠲᠠᠢ ᠪᠤᠤᠷ᠎ᠠ᠂ ᠵᠦᠪᠳᠠᠢ ᠭᠤᠶᠠᠨ ᠳᠠᠭᠠᠨ ᠵᠢᠭᠠᠰᠤᠨ ᠬᠦᠬᠦᠷᠭᠡ ᠲᠠᠢ ᠲᠠᠶᠢᠯᠤᠭ᠂ ᠪᠤᠷᠤᠭᠤᠳᠠᠢ ᠭᠤᠶᠠᠨ ᠳᠠᠭᠠᠨ ᠤᠷᠢᠶᠠᠮᠠᠭ ᠦᠯᠵᠠᠢ ᠲᠠᠢ ᠲᠦᠨ᠎ᠠ᠂ ᠲᠠᠯᠤᠨ ᠳᠠᠭᠠᠨ ᠸᠴᠢᠷ ᠲᠠᠮᠠᠭ᠎ᠠ ᠲᠠᠢ ᠭᠤᠨᠵᠢ᠂ ᠵᠦᠪᠳᠠᠢ ᠲᠠᠯᠤᠨ ᠳᠠᠭᠠᠨ ᠬᠤᠯᠪᠤᠭ᠎ᠠ ᠵᠢᠭᠠᠰᠤ ᠲᠠᠢ ᠢᠡᠭᠭᠡ᠂ ᠪᠤᠷᠤᠭᠤᠳᠠᠢ ᠲᠠᠯᠤᠨ ᠳᠠᠭᠠᠨ ᠲᠠᠪᠬᠤᠷ ᠰᠠᠷᠨ ᠲᠠᠢ ᠲᠦᠡᠵᠢ ᠭᠡᠬᠦᠴᠢᠯᠠᠨ ᠨᠠᠷᠠᠯᠠᠳᠡᠭ᠃    ᠭᠤᠷᠪᠠ᠂ ᠲᠠᠬᠦᠵᠢᠩ ᠢ ᠨᠢ ᠲᠠᠭᠠᠭᠤᠯᠤᠭᠰᠠᠨ ᠨᠠᠷᠠᠶᠢᠳᠤᠯ    ᠲᠠᠮᠠᠭᠡᠨ ᠤ ᠬᠦᠵᠤᠬᠦᠨ ᠳᠤᠨᠢ ᠵᠠᠬᠦᠯᠭᠡᠭᠰᠠᠨ ᠲᠠᠬᠦᠵᠢᠩ ᠤᠨ ᠪᠦᠳᠥᠭᠰᠠᠨ ᠡᠳ᠋ ᠪᠤᠶᠤ ᠭᠡᠯᠪᠠᠷᠢ ᠪᠠᠶᠢᠳᠠᠯ ᠢᠶᠠᠷ ᠨᠢ ᠨᠡᠷᠡᠯᠡᠬᠦ ᠶᠢ ᠬᠡᠯᠡᠳᠡᠭ᠃    ᠲᠠᠬᠦᠵᠢᠩᠳᠤ᠄ ᠬᠦᠵᠤᠬᠦᠨ ᠳᠤᠨᠢ ᠳᠡᠭᠦᠵᠢᠩ ᠲᠠᠢ ᠲᠠᠮᠡᠭᠡ᠃    ᠱᠠᠭᠠᠢ ᠲᠠᠬᠦᠵᠢᠩᠳᠤ᠄ ᠬᠦᠵᠤᠬᠦᠨ ᠳᠤᠨᠢ ᠱᠠᠭᠠᠢ ᠲᠠᠬᠦᠵᠢᠯᠡᠭᠰᠠᠨ ᠲᠠᠮᠡᠭᠡ᠃    ᠲᠠᠯᠤ ᠲᠠᠬᠦᠵᠢᠩᠳᠤ᠄ ᠬᠦᠵᠤᠬᠦᠨ ᠳᠤᠨᠢ ᠲᠠᠯᠤ ᠲᠠᠬᠦᠵᠢᠯᠡᠭᠰᠠᠨ ᠲᠠᠮᠡᠭᠡ᠃    ᠪᠤᠭᠳᠤ ᠲᠠᠬᠦᠵᠢᠩᠳᠤ᠄ ᠬᠦᠵᠤᠬᠦᠨ ᠳᠤᠨᠢ ᠪᠤᠭᠳᠤ ᠴᠢᠮᠤᠭᠡ ᠲᠠᠬᠦᠵᠢᠯᠡᠭᠰᠠᠨ ᠲᠠᠮᠡᠭᠡ᠃    ᠲᠤᠶᠢᠭ ᠲᠠᠬᠦᠵᠢᠩᠳᠤ᠄ ᠬᠦᠵᠤᠬᠦᠨ ᠳᠤᠨᠢ ᠲᠤᠶᠢᠭ ᠶᠠᠰᠤ ᠲᠠᠬᠦᠵᠢᠯᠡᠭᠰᠠᠨ ᠲᠠᠮᠡᠭᠡ᠃    ᠰᠢᠯᠪᠢᠳᠤ᠄ ᠬᠦᠵᠤᠬᠦᠨ ᠳᠤᠨᠢ ᠰᠢᠯᠪᠢᠨ ᠤ ᠴᠢᠮᠤᠭᠡ ᠵᠠᠬᠦᠯᠭᠡᠭᠰᠠᠨ ᠲᠠᠮᠡᠭᠡ᠃    ᠰᠢᠬᠢᠷᠠᠳᠤ᠄ ᠬᠦᠵᠤᠬᠦᠨ ᠳᠤᠨᠢ ᠰᠢᠬᠢᠷ᠎ᠠ ᠶᠢᠨ ᠶᠠᠰᠤ ᠵᠠᠬᠦᠯᠭᠡᠭᠰᠠᠨ ᠲᠠᠮᠡᠭᠡ᠃    ᠨᠢᠷᠤᠭᠤᠳᠤ᠄ ᠬᠦᠵᠤᠬᠦᠨ ᠳᠤᠨᠢ ᠨᠢᠷᠤᠭᠤᠨ ᠤ ᠶᠠᠰᠤ ᠵᠠᠬᠦᠯᠭᠡᠭᠰᠠᠨ ᠲᠠᠮᠡᠭᠡ᠃    ᠰᠠᠳᠠᠷᠳᠤ᠄ ᠬᠦᠵᠤᠬᠦᠨ ᠳᠤᠨᠢ ᠰᠠᠳᠠᠷ ᠵᠠᠬᠦᠯᠭᠡᠭᠰᠠᠨ ᠲᠠᠮᠡᠭᠡ᠃    ᠪᠤᠤᠳᠤ᠄ ᠬᠦᠵᠤᠬᠦᠨ ᠳᠤᠨᠢ ᠪᠤᠤ ︵ᠪᠤᠷᠬᠠᠨ ᠤ ᠨᠤᠮ ᠤᠡᠭᠰᠢᠵᠤ ᠲᠠᠪᠤᠨ ᠦᠡᠭᠭᠡ ᠶᠢᠨ ᠤᠳᠠᠰᠤ ᠪᠠᠷ ᠰᠦᠯᠵᠢᠨ ᠤᠷᠢᠶᠠᠭᠰᠠᠨ ᠲᠦᠷᠪᠠᠯᠵᠢᠨ ᠲᠠᠬᠦᠵᠢᠩ︶ ᠵᠠᠬᠦᠯᠭᠡᠭᠰᠠᠨ ᠲᠠᠮᠡᠭᠡ᠃    ᠬᠤᠨᠭ᠍ᠬᠤᠳᠤ᠄ ᠬᠦᠵᠤᠬᠦᠨ ᠳᠤᠨᠢ ᠵᠢᠵᠢᠭ ᠬᠤᠨᠭ᠍ᠬᠤ ᠵᠠᠬᠦᠯᠭᠡᠭᠰᠠᠨ ᠲᠠᠮᠡᠭᠡ᠃    ᠢᠰᠠᠭᠡᠢ ᠲᠠᠬᠦᠵᠢᠩᠳᠤ᠄ ᠬᠦᠵᠤᠬᠦᠨ ᠳᠤᠨᠢ ᠪᠢᠴᠢᠬᠠᠨ ᠢᠰᠠᠭᠡᠢ ᠵᠠᠬᠦᠯᠭᠡᠭᠰᠠᠨ ᠲᠠᠮᠡᠭᠡ᠃    ᠲᠠᠭᠡᠰᠤᠨ ᠲᠠᠬᠦᠵᠢᠩᠳᠤ᠄ ᠬᠦᠵᠤᠬᠦᠨ ᠳᠤᠨᠢ ᠲᠠᠭᠡᠰᠤ ᠵᠠᠬᠦᠯᠭᠡᠭᠰᠠᠨ ᠲᠠᠮᠡᠭᠡ᠃    ᠬᠤᠰᠢᠯᠠᠩ ᠲᠠᠬᠦᠵᠢᠩᠳᠤ᠄ ᠬᠦᠵᠤᠬᠦᠨ ᠳᠤᠨᠢ ᠬᠤᠰᠢᠯᠠᠩ ︵ᠬᠤᠶᠠᠷ ᠰᠢᠳᠡᠮᠡᠰᠦ ᠶᠢ ᠵᠦᠪ ᠪᠤᠷᠤᠭᠤ ᠵᠠᠷᠭᠡᠴᠠᠬᠦᠯᠤᠨ ᠤᠶᠤᠭᠰᠠᠨ︶ ᠳᠡᠭᠦᠵᠢᠩ ᠲᠠᠢ ᠲᠠᠮᠡᠭᠡ᠃    ᠪᠦᠰ ᠲᠠᠬᠦᠵᠢᠩᠳᠤ᠄ ᠬᠦᠵᠤᠬᠦᠨ ᠳᠤᠨᠢ ᠪᠦᠰ ᠲᠠᠬᠦᠵᠢᠩ ᠵᠠᠬᠦᠯᠭᠡᠭᠰᠠᠨ ᠲᠠᠮᠡᠭᠡ᠃    ᠤᠯᠠᠭᠠᠨ ᠲᠠᠬᠦᠵᠢᠩᠳᠤ᠄ ᠬᠦᠵᠤᠬᠦᠨ ᠳᠤᠨᠢ ᠤᠯᠠᠭᠠᠨ ᠦᠡᠭᠭᠡ ᠶᠢᠨ ᠲᠠᠬᠦᠵᠢᠩ ᠵᠠᠬᠦᠯᠭᠡᠭᠰᠠᠨ ᠲᠠᠮᠡᠭᠡ᠃    ᠡᠭᠡᠮᠥᠭᠳᠤ᠄ ᠴᠢᠬᠢᠨ ᠳᠤᠨᠢ ᠡᠭᠡᠮᠥᠭ ᠲᠤ ᠲᠦᠰᠳᠠᠢ ᠶᠠᠭᠤᠮ᠎ᠠ ᠵᠠᠬᠦᠯᠭᠡᠭᠰᠠᠨ ᠲᠠᠮᠡᠭᠡ᠃    ᠮᠤᠯᠴᠤᠠᠠᠳᠤ᠄ ᠴᠢᠬᠢᠨ ᠲᠤᠤᠷ᠎ᠠ ᠨᠢ ᠲᠦᠷᠤᠯᠬᠢ ᠬᠤᠷᠤᠭᠤ ᠬᠢᠷᠢᠳᠠᠢ ᠮᠢᠬ᠎ᠠ ᠤᠷᠭᠤᠭᠰᠠᠨ ᠪᠤᠶᠤ ᠴᠢᠬᠢᠨ ᠳᠤᠨᠢ ᠶᠠᠭᠤᠮ᠎ᠠ ᠵᠠᠬᠦᠯᠭᠡᠭᠰᠠᠨ ᠲᠠᠮᠡᠭᠡ᠃    ᠲᠤᠯᠢᠳᠤ᠄ ᠦᠪᠦᠭ ᠤᠨ ᠡᠮᠤᠨ᠎ᠠ ᠲᠠᠯ᠎ᠠ ᠳᠤᠨᠢ ᠬᠢᠯᠠᠭᠠᠷ ᠶᠠᠭᠤᠮ᠎ᠠ ᠵᠠᠬᠦᠯᠭᠡᠭᠰᠠᠨ ᠲᠠᠮᠡᠭᠡ᠃    ᠴᠠᠴᠤᠭᠲᠤ ︵ᠰᠠᠴᠤᠭᠲᠤ︶᠄ ᠦᠪᠦᠭ ᠪᠤᠶᠤ ᠪᠦᠬᠦᠨ ᠤ ᠵᠠᠯᠠᠭ᠎ᠠ ᠳᠤᠨᠢ ᠶᠠᠭᠤᠮ᠎ᠠ ᠰᠬᠠᠰᠠᠶᠢᠯᠭᠠᠵᠤ ᠤᠶᠠᠭᠰᠠᠨ ᠲᠠᠮᠡᠭᠡ᠃    ᠳᠥᠷᠪᠡ᠂ ᠪᠤᠶᠢᠯᠨ ᠶᠢ ᠨᠢ ᠲᠠᠭᠠᠭᠤᠯᠤᠭᠰᠠᠨ ᠨᠠᠷᠠᠶᠢᠳᠤᠯ    ᠲᠠᠮᠠᠭᠡᠨ ᠤ ᠪᠤᠶᠢᠯᠨ ᠶᠢᠨ ᠬᠢᠨᠢ ᠭᠡᠯᠪᠠᠷᠢ ᠲᠦᠷᠰᠤ ᠪᠠᠷ ᠨᠢ ᠨᠡᠷᠡᠯᠡᠬᠦ ᠶᠢ ᠬᠡᠯᠡᠳᠡᠭ᠃    ᠲᠠᠬᠦᠵᠢᠩ ᠪᠤᠶᠢᠯᠠᠳᠤ᠄ ᠦᠷᠤᠭᠡᠰᠤᠨ ᠦᠵᠤᠬᠦᠷ ᠤᠷᠤᠭᠤ ᠪᠠᠨ ᠤᠠᠵᠢᠭᠤ ᠪᠤᠶᠢᠯᠨ ᠲᠠᠢ ᠲᠠᠮᠡᠭᠡ᠃    ᠮᠤᠷᠤᠢ ᠪᠤᠶᠢᠯᠠᠳᠤ᠄ ᠪᠤᠶᠢᠯᠨ ᠶᠢᠨ ᠭᠤᠤᠯ ᠨᠢ ᠮᠤᠷᠤᠢ ᠪᠤᠶᠤ ᠬᠠᠮᠠᠷ ᠢ ᠨᠢ ᠮᠤᠷᠤᠢ ᠬᠠᠤᠠᠬᠤᠭᠰᠠᠨ ᠲᠠᠮᠡᠭᠡ᠃    ᠠᠴᠠ ᠪᠤᠶᠢᠯᠠᠳᠤ᠄ ᠠᠴᠠᠨ ᠪᠤᠶᠢᠯᠡ ︵ᠠᠴᠠ ᠲᠠᠢ ᠮᠤᠳᠤ ᠶᠢ ᠵᠤᠷᠭᠤᠵᠤ ᠬᠢᠭᠰᠡᠨ ᠪᠤᠶᠢᠯᠨ︶ ᠲᠠᠢ ᠲᠠᠮᠡᠭᠡ᠃    ᠱᠤᠷᠤ ᠪᠤᠶᠢᠯᠠᠳᠤ᠄ ᠪᠤᠶᠢᠯᠨ ᠶᠢᠨ ᠦᠵᠤᠬᠦᠷ ᠨᠢ ᠱᠤᠷᠤ ᠲᠠᠢ ᠲᠠᠮᠡᠭᠡ᠃    ᠮᠤᠬᠤᠷ ᠪᠤᠶᠢᠯᠠᠳᠤ᠄ ᠪᠤᠶᠢᠯᠨ ᠶᠢᠨ ᠦᠵᠤᠬᠦᠷ ᠨᠢ ᠮᠤᠬᠤᠷ ᠲᠠᠮᠡᠭᠡ᠃    ᠤᠷᠳᠤ ᠪᠤᠶᠢᠯᠠᠳᠤ᠄ ᠪᠤᠶᠢᠯᠨ ᠶᠢᠨ ᠭᠤᠤᠯ ᠨᠢ ᠤᠷᠳᠤ ᠲᠠᠮᠡᠭᠡ᠃    ᠤᠬᠤᠷ ᠪᠤᠶᠢᠯᠠᠳᠤ᠄ ᠪᠤᠶᠢᠯᠨ ᠶᠢᠨ ᠭᠤᠤᠯ ᠨᠢ ᠤᠬᠤᠷ ᠲᠠᠮᠡᠭᠡ᠃    ᠲᠤᠷᠯᠤᠭ ᠪᠤᠶᠢᠯᠠᠳᠤ᠄ ᠲᠤᠷᠯᠤᠭ ᠢᠶᠠᠷ ᠬᠢᠭᠰᠡᠨ ᠪᠤᠶᠢᠯᠨ ᠲᠠᠢ ᠲᠠᠮᠡᠭᠡ᠃    ᠶᠤᠸᠠᠮᠪᠤᠤ ᠲᠬᠠᠯᠢᠳᠤ᠄ ᠶᠤᠸᠠᠮᠪᠤᠤ ᠮᠠᠶ᠋ᠢᠭ ᠤᠨ ᠲᠠᠭᠯᠢ ᠲᠠᠢ ᠲᠠᠮᠡᠭᠡ᠃    ᠲᠦᠷᠪᠠᠯᠵᠢᠨ ᠲᠬᠠᠯᠢᠳᠤ᠄ ᠲᠦᠷᠪᠠᠯᠵᠢᠨ ᠬᠠᠪᠳᠠᠭᠠᠢ ᠲᠠᠭᠯᠢ ᠲᠠᠢ ᠲᠠᠮᠡᠭᠡ᠃    ᠲᠤᠭᠤᠢ ᠲᠠᠭᠯᠢᠳᠤ᠄ ᠲᠤᠭᠤᠢ ᠲᠠᠭᠯᠢ ᠲᠠᠢ ᠲᠠᠮᠡᠭᠡ᠃    ᠮᠦᠬᠦᠨ ᠲᠠᠭᠯᠢᠳᠤ᠄ ᠮᠦᠬᠦ ᠮᠠᠶ᠋ᠢᠭ ᠤᠨ ᠲᠠᠭᠯᠢ ᠲᠠᠢ ᠲᠠᠮᠡᠭᠡ᠃    ᠲᠤᠭᠤᠷ ᠤᠨ ᠲᠠᠭᠯᠢᠳᠤ᠄ ᠲᠤᠭᠤᠷ ᠮᠠᠶ᠋ᠢᠭ ᠲᠠᠢ ᠲᠠᠭᠯᠢ ᠲᠠᠢ ᠲᠠᠮᠡᠭᠡ᠃    ᠰᠤᠬᠠᠢ ᠭᠤᠤᠯᠳᠤ᠄ ᠭᠤᠤᠯ ᠢ ᠨᠢ ᠰᠤᠬᠠᠢ ᠮᠤᠳᠤ ᠪᠠᠷ ᠬᠢᠭᠰᠡᠨ ᠪᠤᠶᠢᠯᠨ ᠲᠠᠢ ᠲᠠᠮᠡᠭᠡ᠃    ᠰᠠᠩᠳᠡᠩ ᠭᠤᠤᠯᠳᠤ᠄ ᠭᠤᠤᠯ ᠢ ᠨᠢ ᠰᠠᠩᠳᠠᠩ ᠮᠤᠳᠤ ᠪᠠᠷ ᠬᠢᠭᠰᠡᠨ ᠪᠤᠶᠢᠯᠨ ᠲᠠᠢ ᠲᠠᠮᠡᠭᠡ᠃    ᠲᠤᠷᠤᠭᠤ ᠲᠤᠪᠬᠤᠳᠤ᠄ ᠲᠤᠪᠬᠤ ᠶᠢ ᠨᠢ ᠪᠤᠭ ᠮᠠᠯ ᠤᠨ ᠲᠤᠷᠤᠭᠤ ᠪᠠᠷ ᠬᠢᠭᠰᠡᠨ ᠪᠤᠶᠢᠯᠨ ᠲᠠᠢ ᠲᠠᠮᠡᠭᠡ᠃
 
ᠢᠷᠡᠯᠲᠡ᠄ ᠠᠯᠠᠱᠠ ᠶᠢᠨ ᠲᠡᠮᠡᠭᠡ ᠮᠠᠯᠵᠢᠬᠣ ᠰᠣᠶᠣᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号