12 ᠰᠠᠷ᠎ᠠ ᠶᠢᠨ 23 ᠤ ᠡᠳᠦᠷ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠳᠡᠳ᠋ ᠱᠦᠵᠢ᠂ | ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠲᠡᠷᠢᠭᠦᠯᠡᠭᠴᠢ ᠸᠠᠩ ᠯᠢ ᠰᠢᠶᠠ ᠶᠠᠷᠢᠯᠴᠠᠬᠤ | ᠬᠤᠷᠠᠯ ᠢ ᠡᠷᠭᠢᠯᠡᠨ ᠬᠤᠷᠠᠯᠳᠤᠭᠤᠯᠵᠤ᠂ ᠡᠯ᠎ᠡ ᠠᠷᠠᠳᠴᠢᠯᠠᠭᠰᠠᠨ ᠨᠠᠮ ᠪᠦᠯᠦᠭ᠂ ᠦᠢᠯᠡᠳᠪᠦᠷᠢ ᠬᠤᠳᠠᠯᠳᠤᠭᠠᠨ ᠤ | ᠬᠤᠯᠪᠣᠭ᠎ᠠ᠂ ᠨᠠᠮ ᠪᠦᠯᠦᠭ ᠤᠨ ᠪᠤᠰᠤ ᠬᠥᠮᠦᠰ ᠪᠣᠯᠤᠨ ᠵᠠᠰᠠᠭ ᠤᠨ ᠣᠷᠳᠣᠨ ᠤ ᠵᠥᠪᠯᠡᠭᠴᠢ᠂ ᠰᠣᠶᠣᠯ ᠲᠡᠦᠬᠡ ᠶᠢᠨ | ᠣᠷᠳᠣᠨ ᠤ ᠰᠠᠩᠴᠢ ᠠᠴᠠ ︽ᠵᠠᠰᠠᠭ ᠤᠨ ᠣᠷᠳᠣᠨ ᠤ ᠠᠵᠢᠯ ᠤᠨ ᠢᠯᠡᠳᠭᠡᠯ ︵ᠰᠠᠨᠠᠯ ᠬᠤᠷᠢᠶᠠᠬᠤ ᠨᠤᠤᠷᠠᠭ︶︾ | ᠤᠨ ᠲᠤᠬᠠᠶ ᠰᠠᠨᠠᠯ ᠰᠠᠨᠠᠭᠤᠯᠭ᠎ᠠ ᠬᠤᠷᠢᠶᠠᠪᠠ᠃ | ᠬᠤᠷᠠᠯ ᠳᠡᠭᠡᠷ᠎ᠡ᠂ ᠬᠤᠩ ᠳ᠋ᠦᠩ ᠮᠧᠶ᠂ ᠵᠣᠣ ᠵᠢᠶ᠂ ᠶᠢᠨ ᠵᠤᠸᠠᠩ᠂ ᠰᠦᠨ ᠵᠢᠶᠦ᠋ᠨ ᠴᠢᠩ᠂ ᠶᠦᠨ ᡁᠢ | ᠾᠧᠦ᠂ ᠢᠦᠶ ᠷᠧᠨ ᠵᠢᠶᠧ᠂ ᠵᠧᠦ ᠶᠢᠨ ᠵᠤᠸᠠᠩ᠂ ᠴᠧᠨ ᠵᠢᠶᠠᠨ ᠬᠤᠸᠠ᠂ ᠹᠠᠨ ᠯᠢ ᠵᠢᠶᠦ᠋ᠨ᠂ ᠯᠢᠦ ᡁᠢ ᠢᠦᠢ᠂ | ᠢᠦᠶ ᠰᠢᠤᠸᠠᠢ ᠵᠥᠩ᠂ ᠯᠦ ᡁᠢ ᠴᠢᠶᠠᠩ ᠨᠡᠷ ᠬᠡᠷᠡᠭᠯᠡᠭᠡ ᠶᠢ ᠬᠥᠭᠵᠢᠭᠡᠬᠦ᠂ ᠬᠥᠮᠦᠨ ᠠᠮᠠ ᠪᠠ ᠠᠵᠤ ᠦᠢᠯᠡᠰ ᠤᠨ | ᠪᠠᠶᠢᠷᠢᠰᠢᠭᠤᠯᠤᠯᠲᠠ ᠶᠢ ᠰᠢᠯᠢᠳᠡᠭᠵᠢᠭᠦᠯᠬᠦ᠂ ᠤᠮᠠᠷᠠᠲᠤ ᠬᠢᠯᠢ ᠶᠢᠨ ᠰᠣᠶᠣᠯ ᠢ ᠪᠠᠳᠠᠷᠠᠭᠠᠬᠤ᠂ ᠪᠠᠷᠠᠭᠠᠨ ᠤ | ᠭᠦᠢᠯᠭᠡᠭᠡ ᠶᠢᠨ ᠥᠪᠡᠷ ᠤᠨ ᠥᠷᠲᠡᠭ ᠢ ᠪᠠᠭᠤᠷᠠᠭᠤᠯᠬᠤ᠂ ᠢᠷᠡᠭᠡᠳᠦᠶ ᠶᠢᠨ ᠬᠤᠲᠠ ᠶᠢ ᠴᠣᠭᠴᠠᠯᠠᠬᠤ᠂ ᠬᠥᠳᠡᠭᠡ | ᠲᠣᠰᠬᠤᠨ ᠢ ᠪᠥᠬᠦ ᠲᠠᠯ᠎ᠠ ᠪᠠᠷ ᠬᠥᠭᠵᠢᠭᠦᠯᠦᠨ ᠮᠠᠨᠳᠤᠭᠤᠯᠬᠤ᠂ ᠠᠭᠠᠷ ᠤᠨ ᠠᠶᠠᠯᠠᠯ ᠤᠨ ᠠᠵᠤ ᠦᠢᠯᠡᠰ ᠢ | ᠬᠥᠭᠵᠢᠭᠦᠯᠬᠦ᠂ ᠶᠡᠭᠡ ᠳᠡᠭᠡᠳᠦ ᠰᠤᠷᠭᠠᠭᠤᠯᠢ ᠶᠢᠨ ᠰᠢᠨᠵᠢᠯᠡᠭᠡᠨ ᠤ ᠰᠠᠯᠠᠭᠠᠨ ᠤ ᠪᠠᠶᠢᠷᠢᠯᠠᠭᠤᠯᠤᠯᠲᠠ ᠶᠢ | ᠰᠢᠯᠢᠳᠡᠭᠵᠢᠭᠦᠯᠬᠦ᠂ ᠮᠥᠩᠭᠦᠨ ᠭᠦᠢᠯᠭᠡᠭᠡᠨ ᠤ ᠪᠣᠳᠠᠲᠤ ᠴᠣᠭᠴᠠ ᠶᠢᠨ ᠠᠵᠤ ᠠᠬᠤᠶ ᠳᠤ ᠦᠢᠯᠡᠴᠢᠯᠡᠬᠦ ᠵᠡᠷᠭᠡ ᠶᠢᠨ | ᠲᠤᠬᠠᠶ ᠰᠠᠨᠠᠯ ᠰᠠᠨᠠᠭᠤᠯᠭ᠎ᠠ ᠪᠠᠨ ᠶᠠᠷᠢᠪᠠ᠃ | ᠤᠯᠠᠨ ᠤ ᠶᠠᠷᠢᠬᠤ ᠶᠢ ᠰᠣᠨᠣᠰᠤᠭᠰᠠᠨ ᠤ ᠳᠠᠷᠠᠭ᠎ᠠ ᠸᠠᠩ ᠯᠢ ᠰᠢᠶᠠ᠂ ᠣᠯᠠᠨ ᠤ ᠳᠤᠷᠠᠳᠤᠭᠰᠠᠨ ᠰᠠᠨᠠᠭᠤᠯᠭ᠎ᠠ | ᠮᠠᠰᠢ ᠦᠨ᠎ᠡ ᠴᠡᠨ᠎ᠠ ᠲᠠᠢ᠂ ᠪᠢᠳᠡᠨ ᠳᠤ ᠮᠠᠰᠢ ᠶᠡᠭᠡ ᠰᠡᠩᠬᠡᠷᠡᠭᠦᠯᠦᠯ ᠪᠣᠯᠵᠠᠶ᠂ ᠢᠯᠡᠳᠭᠡᠯ ᠢ ᠲᠤᠭᠤᠷᠪᠢᠬᠤ | ᠳᠤᠭᠤᠶᠢᠯᠠᠩ ᠵᠦᠢᠯ ᠵᠤᠷᠪᠤᠰ ᠳᠠᠷᠠᠭᠠᠯᠠᠨ ᠡᠮᠬᠢᠯᠡᠨ ᠰᠤᠳᠤᠯᠵᠤ᠂ ᠨᠠᠷᠢᠨ ᠬᠢᠨᠠᠮᠠᠭᠠᠶ ᠰᠢᠩᠭᠡᠭᠡᠨ ᠠᠪᠬᠤ ᠬᠡᠷᠡᠭᠲᠡᠶ | ᠭᠡᠵᠦ ᠢᠯᠡᠳᠭᠡᠪᠡ᠃ ᠲᠡᠷᠡ᠂ ᠳᠠᠪᠬᠤᠷ ᠳᠠᠪᠬᠤᠷ ᠬᠦᠴᠢᠷᠳᠡᠯ ᠪᠠ ᠥᠷᠢᠰᠥᠯᠳᠦᠭᠡᠨ ᠤ ᠡᠮᠦᠨ᠎ᠡ᠂ ᠡᠨᠡ ᠵᠢᠯ | ᠥᠪᠡᠷᠲᠡᠭᠡᠨ ᠵᠠᠰᠠᠬᠤ ᠣᠷᠣᠨ ᠤ ᠠᠵᠤ ᠠᠬᠤᠢ ᠨᠡᠶᠢᠭᠡᠮ ᠤᠨ ᠬᠥᠭᠵᠢᠯᠲᠡ ᠬᠥᠮᠦᠰ ᠢ ᠵᠣᠷᠢᠭᠵᠢᠭᠤᠯᠤᠮ᠎ᠠ ᠠᠮᠵᠢᠯᠲᠠ | ᠣᠯᠵᠠᠢ᠂ ᠡᠨᠡ ᠪᠣᠯ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠠᠴᠠ ᠪᠦᠬᠦ ᠣᠷᠣᠨ ᠤ | ᠦᠨᠳᠦᠰᠦᠲᠡᠨ ᠨᠦᠭᠦᠳ ᠤᠨ ᠺᠠᠳ᠋ᠷ ᠤᠯᠠᠨ ᠲᠦᠮᠡᠨ ᠢ ᠳᠠᠭᠠᠭᠤᠯᠤᠨ ᠦᠨᠡᠨ ᠪᠣᠳᠠᠲᠠᠢ ᠠᠵᠢᠯᠯᠠᠵᠤ ᠣᠯᠤᠭᠰᠠᠨ | ᠠᠮᠵᠢᠯᠲᠠ ᠪᠣᠯᠬᠤ ᠪᠥᠭᠡᠳ ᠨᠡᠶᠢᠭᠡᠮ ᠤᠨ ᠡᠯ᠎ᠡ ᠡᠲᠡᠭᠡᠳ ᠤᠨ ᠤᠶᠤᠨ ᠤᠬᠠᠭᠠᠨ ᠪᠠ ᠬᠦᠴᠦ ᠬᠥᠳᠡᠯᠮᠦᠷᠢ ᠰᠢᠩᠬᠡᠵᠤ | ᠪᠠᠶᠢᠭ᠎ᠠ ᠶᠤᠮ᠃ ᠲᠠᠶᠠᠭᠠᠷ ᠡᠷᠬᠢᠮ ᠨᠠᠨᠳᠢᠨ ᠰᠠᠨᠠᠯ ᠢᠶᠠᠨ ᠦᠷᠭᠦᠯᠵᠢ ᠳᠤᠷᠠᠳᠴᠤ᠂ ᠪᠢᠳᠠᠨ ᠲᠠᠢ ᠬᠠᠮᠲᠤ ᠪᠠᠷ | ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠡᠯ᠎ᠡ ᠵᠦᠢᠯ ᠤᠨ ᠪᠠᠶᠢᠷᠢᠯᠠᠭᠤᠯᠤᠯᠲᠠ ᠱᠠᠭᠠᠷᠳᠠᠯᠭ᠎ᠠ ᠶᠢ | ᠰᠠᠶᠢᠲᠤᠷ ᠨᠠᠶᠢᠳᠠᠪᠤᠷᠢᠵᠢᠭᠤᠯᠵᠤ᠂ ᠤᠳᠠᠭᠠᠨ ᠳᠠᠭᠠᠭᠠᠮᠠᠭᠠᠢ ᠵᠢᠳᠭᠦᠨ ᠴᠢᠷᠮᠠᠶᠢᠵᠤ ᠡᠯ᠎ᠡ ᠵᠦᠢᠯ ᠤᠨ ᠦᠢᠯᠡᠰ ᠤᠨ | ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠶᠢ ᠬᠦᠰᠡᠵᠦ ᠪᠠᠶᠢᠨ᠎ᠠ᠃ ᠥᠪᠡᠷᠲᠡᠭᠡᠨ ᠵᠠᠰᠠᠬᠤ ᠣᠷᠣᠨ ᠤ | ᠠᠷᠠᠳ ᠤᠨ ᠵᠠᠰᠠᠭ ᠤᠨ ᠣᠷᠳᠣᠨ ᠦᠷᠭᠦᠯᠵᠢᠯᠡᠨ ᠰᠠᠶᠢᠨ ᠰᠠᠶᠢᠬᠠᠨ ᠨᠥᠬᠦᠴᠡᠯ ᠢ ᠡᠭᠦᠳᠴᠦ᠂ ᠨᠡᠪᠲᠡᠷᠡᠯᠴᠡᠵᠦ | ᠰᠣᠯᠢᠯᠴᠠᠬᠤ ᠲᠣᠭᠲᠠᠴᠠ ᠶᠢ ᠤᠯᠠᠮ ᠲᠡᠭᠦᠯᠳᠡᠷᠵᠢᠭᠦᠯᠦᠨ᠂ ᠡᠯ᠎ᠡ ᠲᠠᠯ᠎ᠠ ᠶᠢᠨ ᠬᠢᠨ ᠤ ᠰᠠᠨᠠᠯ ᠰᠠᠨᠠᠭᠤᠯᠭ᠎ᠠ ᠶᠢ | ᠪᠠᠶᠢᠩᠭᠤ ᠶᠢᠨ ᠴᠢᠨᠠᠷᠲᠠᠶ ᠰᠣᠨᠣᠰᠴᠤ᠂ ᠬᠥᠭᠵᠢᠯᠲᠡ ᠶᠢᠨ ᠬᠠᠮᠤᠭ ᠤᠨ ᠶᠡᠭᠡ ᠬᠠᠮᠲᠤᠷᠠᠯ ᠬᠦᠴᠦᠨ ᠢ | ᠨᠢᠭᠲᠠᠷᠠᠭᠤᠯᠤᠨ᠎ᠠ ᠭᠡᠵᠡᠢ᠃ |