ᠤᠶᠢᠷ᠎ᠠ ᠳᠤ ᠨᠡᠶᠢᠳᠡᠯᠡᠭᠰᠡᠡ ︽ᠲᠦᠷᠤ ᠶᠢᠨ ᠶᠠᠪᠤᠳᠠᠯ ᠤᠨ ᠬᠤᠷᠢᠶ᠎ᠠ ᠶᠢᠨ ︿ᠪᠦᠬᠦ ᠤᠯᠤᠰ ᠤᠨ ᠰᠢᠨ᠎ᠠ ᠵᠢᠯ | ᠴᠠᠭᠠᠨ ᠰᠠᠷ᠎ᠠ ᠵᠢᠴᠢ ᠬᠡᠰᠡᠭ ᠪᠠᠶᠠᠷ ᠳᠤᠷᠠᠰᠬᠠᠯ ᠤᠨ ᠡᠳᠤᠷ ᠤᠨ ᠠᠮᠠᠷᠠᠯᠳᠠ ᠲᠠᠯᠪᠢᠬᠤ ᠠᠷᠭ᠎ᠠ﹀ ᠳᠤ ᠵᠠᠰᠠᠪᠤᠷᠢ | ᠤᠷᠤᠭᠤᠯᠤᠭᠰᠠᠠ ᠰᠶᠢᠳᠪᠤᠷᠢ︾ ᠶᠢ ᠦᠨᠳᠤᠰᠤᠯᠠᠪᠠᠯ᠂ 2025 ᠤᠨ ᠠᠴᠠ ᠡᠬᠢᠯᠠᠨ ᠪᠦᠬᠦ ᠠᠷᠠᠳ ᠤᠨ | ᠬᠠᠤᠯᠢ ᠪᠠᠷ ᠳᠤᠭᠳᠠᠭᠠᠭᠰᠠᠠ ᠪᠠᠶᠠᠷ ᠳᠤᠷᠠᠰᠬᠠᠯ ᠤᠨ ᠠᠮᠠᠷᠠᠯᠳᠠ ᠶᠢᠨ ᠡᠳᠤᠷ ᠤᠤᠯ ᠤᠨ ᠬᠢ ᠠᠴᠠ ᠪᠠᠨ 2 ᠡᠳᠤᠷ | ᠨᠡᠮᠡᠭᠳᠡᠭᠡᠳ 13 ᠡᠳᠤᠷ ᠪᠤᠯᠤᠭᠰᠠᠠ ᠪᠠᠶᠢᠨ᠎ᠠ᠃ | ᠪᠠᠶᠠᠷ ᠳᠤᠷᠠᠰᠬᠠᠯ ᠤᠨ ᠠᠮᠠᠷᠠᠯᠳᠠ ᠶᠢᠨ 13 ᠡᠳᠤᠷ ᠲᠤ ᠬᠦᠳᠡᠯᠮᠤᠷᠢᠯᠡᠭᠴᠢ ᠬᠡᠷᠪᠡ ᠠᠵᠢᠯ ᠤᠨ ᠪᠠᠶᠢᠷᠢ ᠪᠠᠨ | ᠰᠡᠬᠢᠵᠤ᠂ ᠬᠡᠪ ᠤᠨ ᠶᠤᠰᠤᠭᠠᠷ ᠠᠵᠢᠯᠯᠠᠭᠰᠠᠠ ᠪᠠᠶᠢᠪᠠᠯ ᠬᠦᠮᠤᠨ ᠬᠡᠷᠡᠭᠯᠡᠬᠦ ᠨᠢᠭᠡᠴᠡ ᠠᠴᠠ ᠬᠦᠳᠡᠯᠮᠤᠷᠢᠯᠡᠭᠴᠢ ᠳᠤ | ᠭᠤᠷᠪᠡᠨ ᠲᠠᠬᠢᠨ ᠴᠡᠯᠢᠩ ᠦᠭᠬᠦ ᠶᠤᠰᠤᠳᠠᠢ᠃ ᠬᠦᠳᠡᠯᠮᠤᠷᠢᠯᠡᠭᠴᠢ ᠪᠠᠶᠠᠷ ᠳᠤᠷᠠᠰᠬᠠᠯ ᠤᠨ ᠡᠳᠤᠷ ᠠᠴᠠ ᠭᠠᠳᠠᠨᠡᠬᠢ | ᠪᠤᠰᠤᠳ ᠭᠠᠷᠠᠭ ᠤᠨ ᠰᠡᠬᠦᠯᠴᠢ ᠶᠢᠨ ᠠᠮᠠᠷᠠᠯᠳᠠ ᠵᠢᠴᠢ ᠰᠤᠯᠢᠵᠤ ᠠᠮᠠᠷᠠᠭᠰᠠᠠ ᠡᠳᠤᠷ ᠲᠤ ᠨᠡᠮᠡᠵᠤ ᠠᠵᠢᠯᠯᠠᠪᠠᠯ | ᠬᠦᠮᠤᠨ ᠬᠡᠷᠡᠭᠯᠡᠬᠦ ᠨᠢᠭᠡᠴᠡ ᠠᠴᠠ ᠬᠤᠶᠠᠷ ᠲᠠᠬᠢᠨ ᠴᠡᠯᠢᠩ ᠦᠭᠬᠦ ᠶᠤᠰᠤᠳᠠᠢ᠃ | ᠲᠡᠬᠡᠪᠡᠯ ᠨᠡᠮᠡᠵᠤ ᠠᠵᠢᠯᠯᠠᠭᠰᠠᠠ ᠴᠠᠯᠢᠩ ᠢ ᠬᠡᠷᠬᠢᠨ ᠪᠤᠳᠤᠬᠤ ᠪᠤᠢ︖ | ︽ᠪᠦᠬᠦᠳᠠ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠬᠦᠳᠡᠯᠮᠤᠷᠢ ᠶᠢᠨ ᠬᠠᠤᠯᠢ︾ ᠶᠢᠨ ᠳᠤᠭᠳᠠᠭᠠᠯ ᠢ | ᠦᠨᠳᠤᠰᠤᠯᠠᠪᠠᠯ᠂ ᠬᠦᠳᠡᠯᠮᠤᠷᠢᠯᠡᠭᠴᠢ ᠬᠠᠤᠯᠢ ᠪᠠᠷ ᠳᠤᠭᠳᠠᠭᠠᠭᠰᠠᠠ ᠠᠮᠠᠷᠠᠯᠳᠠ ᠶᠢᠨ ᠡᠳᠤᠷ ᠪᠤᠯᠤᠨ ᠬᠤᠷᠢᠮ᠂ | ᠪᠡᠯᠪᠡᠰᠤᠷᠠᠯ ᠤᠨ ᠠᠮᠠᠷᠠᠯᠳᠠ ᠶᠢᠨ ᠬᠤᠭᠤᠴᠠᠭ᠎ᠠ ᠵᠢᠴᠢ ᠨᠡᠶᠢᠬᠡᠮ ᠤᠨ ᠠᠵᠢᠯᠯᠠᠭ᠎ᠠ ᠳᠤ ᠬᠠᠤᠯᠢ ᠶᠤᠰᠤᠭᠠᠷ ᠤᠷᠤᠯᠴᠠᠬᠤ | ᠬᠤᠭᠤᠴᠠᠭᠠᠨ ᠳᠤ ᠬᠦᠮᠤᠨ ᠬᠡᠷᠡᠭᠯᠡᠬᠦ ᠨᠢᠭᠡᠴᠡ ᠶᠢᠨ ᠬᠢᠨ ᠬᠠᠤᠯᠢ ᠶᠤᠰᠤᠭᠠᠷ ᠴᠠᠯᠢᠩ ᠤᠯᠭᠤᠬᠤ ᠶᠤᠰᠤᠳᠠᠢ᠃ | ᠡᠶᠢᠮᠤ ᠠᠴᠠ ᠡᠳᠤᠷ ᠤᠨ ᠴᠡᠯᠢᠩ ᠢ ᠨᠤᠭᠤᠯᠤᠨ ᠪᠤᠳᠤᠬᠤ ᠦᠶ᠎ᠠ ᠳᠤ ᠭᠠᠷᠠᠭ ᠤᠨ ᠰᠡᠬᠦᠯᠴᠢ ᠶᠢᠨ ᠠᠮᠠᠷᠠᠯᠳᠠ ᠶᠢᠨ | ᠡᠳᠤᠷ ᠢ ᠬᠠᠰᠤᠬᠤ ᠴᠢᠬᠤᠯᠠᠳᠠᠢ ᠪᠤᠯᠪᠠᠴᠤ ᠬᠠᠤᠯᠢ ᠪᠠᠷ ᠳᠤᠭᠳᠠᠭᠠᠭᠰᠠᠠ 13 ᠡᠳᠤᠷ ᠤᠨ ᠪᠠᠶᠠᠷ ᠳᠣᠷᠠᠰᠬᠠᠯ ᠤᠨ | ᠡᠳᠤᠷ ᠢ ᠬᠠᠰᠤᠬᠤ ᠴᠢᠬᠤᠯᠠ ᠦᠬᠡᠢ᠃ | ᠡᠬᠦᠨ ᠠᠴᠠ ᠭᠠᠳᠠᠨ᠎ᠠ᠂ ᠬᠦᠮᠤᠨ ᠬᠡᠷᠡᠭᠯᠡᠬᠦ ᠨᠢᠬᠡᠴᠡ ᠠᠴᠠ ᠬᠦᠳᠡᠯᠮᠤᠷᠢᠯᠡᠭᠴᠢ ᠶᠢ ᠠᠮᠠᠷᠠᠯᠳᠠ ᠶᠢᠨ ᠡᠳᠤᠷ | ᠠᠵᠢᠯᠯᠠᠭᠤᠯᠬᠤ ᠪᠠᠷ ᠳᠤᠬᠢᠷᠠᠭᠤᠯᠤᠭᠰᠠᠠ ᠮᠦᠷᠳᠡᠬᠡᠨ ᠨᠦᠬᠦᠵᠤ ᠠᠮᠠᠷᠠᠬᠤ ᠴᠠᠭ ᠳᠤᠬᠢᠷᠠᠭᠤᠯᠵᠤ ᠲᠡᠶᠢᠯᠬᠦ ᠦᠬᠡᠢ ᠪᠤᠯ | ᠬᠦᠳᠡᠯᠮᠤᠷᠢᠯᠡᠭᠴᠢ ᠶᠢᠨ ᠴᠡᠯᠢᠩ ᠤᠨ ᠬᠢᠨᠢ 200% ᠠᠴᠠ ᠳᠤᠤᠷ᠎ᠠ ᠦᠬᠡᠢ ᠪᠠᠷ ᠴᠠᠯᠢᠩ ᠬᠦᠯᠤᠰᠤ ᠤᠯᠭᠤᠬᠤ | ᠶᠤᠰᠤᠳᠠᠢ︔ ᠬᠦᠮᠤᠨ ᠬᠡᠷᠡᠭᠯᠡᠬᠦ ᠨᠢᠬᠡᠴᠡ ᠠᠴᠠ ᠬᠠᠤᠯᠢ ᠪᠠᠷ ᠳᠤᠭᠳᠠᠭᠠᠭᠰᠠᠠ ᠠᠮᠠᠷᠠᠯᠳᠠ ᠶᠢᠨ ᠡᠳᠤᠷ | ᠬᠦᠳᠡᠯᠮᠤᠷᠢᠯᠡᠭᠴᠢ ᠶᠢ ᠠᠵᠢᠯᠯᠠᠭᠤᠯᠬᠤ ᠪᠠᠷ ᠳᠤᠬᠢᠷᠠᠭᠤᠯᠤᠭᠰᠠᠠ ᠪᠠᠶᠢᠪᠠᠯ ᠬᠦᠳᠡᠯᠮᠤᠷᠢᠯᠡᠭᠴᠢ ᠶᠢᠨ ᠴᠡᠯᠢᠩ ᠤᠨ ᠬᠢᠨᠢ | 300% ᠠᠴᠠ ᠳᠤᠤᠷ᠎ᠠ ᠦᠬᠡᠢ ᠪᠠᠷ ᠴᠠᠯᠢᠩ ᠬᠦᠯᠤᠰᠤ ᠤᠯᠭᠤᠬᠤ ᠶᠤᠰᠤᠳᠠᠢ᠃ |