ᠨᠠᠮᠤᠷ ᠤᠨ ᠰᠡᠷᠢᠭᠦᠦ ᠳᠤ ᠪᠡᠶ᠎ᠡ ᠰᠤᠪᠢᠯᠠᠬᠤ ᠠᠷᠭ᠎ᠠ
ᠨᠡᠶᠢᠲᠡᠯᠡᠭᠰᠡᠨ ᠴᠠᠭ᠄
2024/10/21
    ᠵᠢᠯ ᠤᠨ ᠳᠥᠷᠪᠡᠨ ᠤᠯᠠᠷᠢᠯ ᠳᠤ ᠨᠠᠮᠤᠷ ᠪᠣᠯ ᠨᠢᠭᠡᠨ ᠲᠦᠢᠯ ᠤᠨ ᠴᠢᠬᠤᠯᠠ ᠪᠡᠶ᠎ᠡ ᠰᠤᠪᠢᠯᠠᠯᠲᠠ ᠶᠢᠨ ᠤᠯᠠᠷᠢᠯ ᠪᠣᠯᠤᠨ᠎ᠠ᠂ ᠤᠴᠢᠷ ᠨᠢ ᠬᠦᠢᠲᠡᠨ ᠰᠢᠭᠦᠳᠡᠷᠢ ᠥᠩᠭᠡᠷᠡᠭᠰᠡᠨ ᠤ ᠳᠠᠷᠠᠭ᠎ᠠ᠂ ᠠᠭᠤᠷ ᠠᠮᠢᠰᠬᠤᠯ ᠰᠡᠷᠢᠭᠦᠬᠡᠨ ᠪᠣᠯᠤᠭᠰᠠᠨ ᠴᠤ᠂ ᠪᠥᠬᠦ ᠪᠡᠶ᠎ᠡ ᠮᠠᠰᠢ ᠠᠮᠠᠷᠬᠠᠨ ᠲᠠᠮᠢᠷ ᠲᠡᠩᠬᠡᠭᠡ ᠥᠬᠡᠶ ᠪᠣᠯᠬᠤ ᠪᠠ ᠵᠠᠯᠬᠠᠭᠤᠷᠠᠬᠤ ᠲᠥᠷᠥᠭᠳᠡᠯ ᠣᠷᠣᠳᠠᠭ ᠶᠤᠮ᠃ ᠬᠡᠷᠪᠡ ᠡᠨᠡ ᠦᠶ᠎ᠡ ᠳᠤ ᠬᠠᠮᠢᠶ᠎ᠠ ᠪᠦᠬᠦᠢ ᠪᠡᠶ᠎ᠡ ᠰᠤᠪᠢᠯᠠᠯᠲᠠ ᠶᠢᠨ ᠠᠵᠢᠯ ᠢ ᠰᠠᠶᠢᠲᠤᠷ ᠬᠢᠵᠦ ᠴᠢᠳᠠᠪᠠᠯ ᠪᠡᠶ᠎ᠡ ᠮᠠᠬᠠᠪᠣᠳ ᠢᠶᠠᠨ ᠰᠠᠶᠢᠬᠠᠨ ᠲᠣᠬᠢᠷᠠᠭᠤᠯᠵᠤ ᠴᠢᠳᠠᠬᠤ ᠪᠠᠷ ᠪᠠᠷᠠᠬᠤ ᠦᠭᠡᠢ ᠪᠠᠰᠠ ᠪᠡᠶ᠎ᠡ ᠮᠠᠬᠠᠪᠣᠳ ᠢᠶᠠᠨ ᠤᠯᠠᠮ ᠴᠢᠭᠢᠷᠠᠭᠵᠢᠭᠤᠯᠵᠤ ᠴᠢᠳᠠᠨ᠎ᠠ᠃    1. ᠢᠳᠡᠭᠡᠨ ᠤᠮᠳᠠᠭᠠᠨ ᠤᠰᠤᠯᠢᠭ ᠰᠢᠮᠡᠯᠢᠭ ᠪᠠᠶᠢᠬᠤ ᠬᠡᠷᠡᠭᠲᠡᠶ    ᠠᠭᠤᠷ ᠠᠮᠢᠰᠬᠤᠯ ᠬᠠᠭᠤᠷᠠᠢ ᠪᠤᠯᠪᠠᠯ ᠠᠭᠤᠰᠭᠢ ᠶᠢ ᠠᠮᠠᠷᠬᠠᠨ ᠭᠡᠮᠲᠦᠭᠡᠵᠦ᠂ ᠪᠡᠶ᠎ᠡ ᠶᠢᠨ ᠰᠢᠩᠭᠡᠨ ᠢ ᠠᠮᠠᠷᠬᠠᠨ ᠬᠤᠷᠣᠭᠳᠠᠭᠤᠯᠵᠤ᠂ ᠪᠡᠶ᠎ᠡ ᠮᠠᠬᠠᠪᠤᠳ ᠬᠠᠳᠠᠵᠤ ᠰᠢᠷᠭᠢᠭᠰᠡᠨ ᠮᠡᠲᠦ ᠪᠤᠯᠳᠠᠭ᠃ ᠡᠶᠢᠮᠦ ᠠᠴᠠ ︽ᠨᠠᠮᠤᠷ ᠤᠨ ᠤᠯᠠᠷᠢᠯ ᠳᠤ ᠪᠢᠯᠢᠭ ᠢ ᠲᠡᠵᠢᠭᠡᠬᠦ︾ ᠶᠢ ᠵᠢᠷᠤᠮᠯᠠᠵᠤ᠂ ᠪᠢᠯᠢᠭ ᠢ ᠰᠢᠮᠡᠵᠢᠭᠦᠯᠵᠦ ᠬᠠᠭᠤᠷᠠᠶ ᠶᠢ ᠵᠥᠭᠡᠯᠡᠷᠡᠭᠦᠯᠬᠦ᠂ ᠠᠭᠤᠰᠭᠢ ᠶᠢ ᠰᠢᠮᠡᠵᠢᠭᠦᠯᠬᠦ᠂ ᠬᠠᠯᠠᠭᠤᠨ ᠢ ᠠᠷᠢᠯᠭᠠᠵᠤ ᠬᠠᠯᠠᠭᠤᠨ ᠢ ᠪᠠᠭᠤᠷᠠᠭᠤᠯᠬᠤ ᠢᠳᠡᠰᠢ ᠶᠢ ᠰᠣᠩᠭᠤᠬᠤ ᠬᠡᠷᠡᠭᠲᠡᠶ᠂ ᠵᠢᠱᠢᠶᠡᠯᠡᠪᠡᠯ ᠮᠥᠩᠭᠦᠨ ᠳᠡᠯᠳᠡᠦ᠂ ᠪᠠᠯ᠂ ᠮᠠᠭᠠᠵᠢ᠂ ᠪᠤᠷᠴᠠᠭ ᠤᠨ ᠵᠤᠳᠠᠩ᠂ ᠯᠢᠩᠬᠸ᠎ᠠ ᠶᠢᠨ ᠦᠨᠳᠦᠰᠦ᠂ ᠬᠤᠰᠢᠭ᠎ᠠ᠂ ᠯᠣᠬᠠᠱᠧᠩ᠂ ᠨᠤᠭᠤᠰᠤᠨ ᠥᠨᠳᠡᠭᠡ᠂ ᠥᠷᠭᠡᠰᠦᠲᠦ ᠨᠣᠭᠤᠭ᠎ᠠ᠂ ᠯᠤᠤᠪᠠᠩ᠂ ᠠᠷᠤᠷ᠎ᠠ᠂ ᠠᠯᠢᠮ᠎ᠠ᠂ ᠨᠢᠰᠢᠩᠭᠦ ᠵᠡᠷᠭᠡ᠃    ᠠᠮᠠ ᠬᠠᠲᠠᠬᠤ᠂ ᠤᠮᠳᠠᠭᠠᠰᠬᠤ᠂ ᠬᠤᠭᠤᠯᠠᠶ ᠬᠠᠪᠤᠳᠴᠤ ᠡᠪᠡᠳᠬᠦ ᠵᠡᠷᠭᠡ ᠰᠢᠨᠵᠢ ᠲᠡᠮᠳᠡᠭ ᠢᠯᠡᠷᠡᠬᠦ ᠦᠶ᠎ᠡ ᠳᠤ ᠰᠠᠷᠠᠨ᠎ᠠ᠂ ᠪᠤᠭᠤᠨᠢ ᠰᠠᠷᠠᠨ᠎ᠠ ᠶᠢᠨ ᠦᠨᠳᠦᠰᠦ᠂ ᠴᠢᠨ᠋ᠸ᠎ᠠ ᠶᠢᠨ ᠬᠠᠷᠮᠠᠭ ᠢ ᠤᠰᠤᠨ ᠳᠤ ᠳᠡᠪᠲᠦᠭᠡᠵᠦ ᠤᠤᠭᠤᠵᠤ ᠪᠣᠯᠤᠨ᠎ᠠ᠃ ᠨᠠᠰᠤᠲᠠᠶᠢᠴᠤᠳ ᠤᠨ ᠠᠷᠠᠰᠤ ᠵᠠᠭᠠᠲᠤᠨᠠᠬᠤ ᠨᠢ ᠣᠯᠠᠩᠬᠢ ᠳᠠᠭᠠᠨ ᠬᠡᠢ ᠴᠢᠰᠤ ᠳᠤᠲᠠᠭᠳᠠᠭᠰᠠᠨ ᠠᠴᠠ ᠪᠣᠯᠤᠭᠰᠠᠨ ᠶᠤᠮ᠂ ᠢᠳᠡᠭᠡᠨ ᠤᠮᠳᠠᠭᠠᠨ ᠤ ᠵᠠᠰᠠᠯ ᠳᠡᠭᠡᠷ᠎ᠡ ᠴᠢᠪᠠᠭ᠎ᠠ᠂ ᠴᠢᠨ᠋ᠸ᠎ᠠ ᠶᠢᠨ ᠬᠠᠷᠮᠠᠭ᠂ ᠰᠠᠷᠠᠨ᠎ᠠ᠂ ᠨᠠᠩᠭᠢ ᠴᠠᠭᠠᠨ ᠵᠡᠷᠭᠡ ᠶᠢᠨ ᠬᠡᠢ ᠴᠢᠰᠤ ᠶᠢ ᠨᠥᠬᠦᠬᠦ ᠢᠳᠡᠭᠡᠨ ᠢ ᠵᠣᠬᠢᠰᠲᠠᠶ ᠰᠣᠩᠭᠤᠵᠤ ᠪᠣᠯᠤᠨ᠎ᠠ᠃    ᠠᠯᠢᠮ᠎ᠠ ᠪᠣᠯ ᠨᠠᠮᠤᠷ ᠤᠨ ᠤᠯᠠᠷᠢᠯ ᠳᠤ ᠠᠭᠤᠰᠭᠢ ᠶᠢ ᠵᠥᠭᠡᠯᠡᠯᠡᠬᠦ ᠬᠠᠮᠤᠭ ᠤᠨ ᠰᠠᠶᠢᠨ ᠵᠢᠮᠢᠰ ᠮᠥᠨ᠃ ᠬᠡᠦᠬᠡᠳ ᠤᠨ ᠬᠤᠳᠣᠭᠤᠳᠣ ᠳᠡᠯᠢᠭᠦᠦ ᠮᠠᠭᠤ᠂ ᠨᠠᠰᠤᠨ ᠳᠤ ᠬᠦᠷᠦᠭᠰᠡᠳ ᠤᠨ ᠪᠡᠶ᠎ᠡ ᠨᠢ ᠬᠦᠢᠲᠡᠨ ᠵᠡᠷᠭᠡ ᠳᠤ ᠬᠠᠮᠤᠭ  ᠤᠨ ᠰᠠᠶᠢᠨ ᠨᠢ ᠵᠢᠩᠨᠡᠵᠦ ᠢᠳᠡᠨ᠎ᠡ᠂ ᠪᠠᠰᠠ ᠠᠯᠢᠮ᠎ᠠ ᠶᠢᠨ ᠰᠢᠭᠦᠰᠦ ᠶᠢ ᠴᠢᠨᠠᠵᠤ ᠤᠤᠭᠤᠵᠤ ᠪᠣᠯᠤᠨ᠎ᠠ᠃    2. ᠠᠭᠤᠰᠭᠢ ᠶᠢ ᠲᠡᠵᠢᠭᠡᠬᠦ ᠳᠤ ᠪᠡᠶ᠎ᠡ ᠪᠠᠨ ᠬᠥᠳᠡᠯᠭᠡᠬᠦ ᠬᠡᠷᠡᠭᠲᠡᠶ    ᠤᠯᠠᠷᠢᠯ ᠤᠨ ᠬᠤᠪᠢᠷᠠᠯᠲᠠ ᠳᠤ ᠨᠡᠩ ᠰᠠᠶᠢᠨ ᠵᠣᠬᠢᠴᠠᠬᠤ ᠶᠢᠨ ᠲᠥᠯᠥᠭᠡ᠂ ᠵᠣᠬᠢᠰᠲᠠᠶ ᠪᠣᠯᠪᠠᠰᠤᠷᠠᠵᠤ᠂ ᠠᠭᠤᠰᠭᠢᠨ ᠤ ᠬᠡᠢ ᠶᠢ ᠲᠣᠬᠢᠷᠠᠭᠤᠯᠤᠨ᠂ ᠪᠡᠶ᠎ᠡ ᠮᠠᠬᠠᠪᠣᠳ ᠤᠨ ᠡᠪᠡᠳᠴᠢᠨ ᠢ ᠡᠰᠡᠷᠭᠦᠴᠡᠬᠦ ᠴᠢᠳᠠᠪᠤᠷᠢ ᠶᠢ ᠳᠡᠭᠡᠭᠰᠢᠯᠡᠭᠦᠯᠵᠦ᠂ ᠵᠠᠷᠢᠮ ᠬᠦᠴᠢᠯᠲᠥ᠋ᠷᠥᠭᠴᠢᠲᠦ ᠬᠥᠳᠡᠯᠭᠡᠭᠡᠨ ᠢ ᠬᠢᠬᠦ ᠬᠡᠷᠡᠭᠲᠡᠶ᠂ ᠢᠳᠡᠷ ᠵᠠᠯᠠᠭᠤ ᠬᠥᠮᠦᠨ ᠠᠭᠤᠯᠠ ᠠᠪᠠᠷᠢᠬᠤ ᠬᠥᠳᠡᠯᠭᠡᠭᠡᠨ ᠢ ᠰᠣᠩᠭᠤᠵᠤ᠂ ᠠᠭᠤᠰᠭᠢᠨ ᠤ ᠠᠮᠢᠰᠬᠤᠯ ᠤᠨ ᠪᠠᠭᠲᠠᠭᠠᠮᠵᠢ ᠶᠢ ᠨᠡᠮᠡᠭᠳᠡᠭᠦᠯᠦᠨ᠂ ᠴᠢᠰᠤᠨ ᠤ ᠡᠷᠭᠢᠯᠲᠡ ᠶᠢ ᠲᠦᠷᠭᠡᠳᠭᠡᠵᠦ᠂ ᠬᠤᠣᠷᠲᠤ ᠡᠳ᠋ ᠢ ᠭᠠᠳᠠᠭᠰᠢᠯᠠᠭᠤᠯᠬᠤ ᠳᠤ ᠠᠰᠢᠭᠲᠠᠶ ᠪᠣᠯᠭᠠᠨ᠎ᠠ᠃ ᠨᠠᠰᠤᠲᠠᠶᠢᠴᠤᠳ ᠨᠡᠷᠡᠭᠦᠢ ᠨᠢᠳᠤᠷᠭ᠎ᠠ ᠪᠤᠯᠪᠠᠰᠦᠷᠠᠬᠤ ᠨᠢ ᠳᠦᠷᠪᠡᠨ ᠮᠥᠴᠢ ᠶᠢ ᠳᠡᠯᠭᠡᠨ ᠬᠡᠢ ᠴᠢᠰᠤ ᠶᠢ ᠨᠡᠪᠲᠡᠷᠡᠭᠦᠯᠤᠨ᠎ᠡ᠃    ᠬᠢᠲᠠᠳ ᠡᠮᠨᠡᠯᠭᠡ ᠳᠤ ᠨᠠᠮᠤᠷ ᠪᠤᠯ ᠲᠠᠪᠤᠨ ᠮᠠᠬᠠᠪᠣᠳ ᠤᠨ ᠠᠯᠲᠠ ᠳᠤ ᠬᠠᠷᠢᠶᠠᠯᠠᠭᠳᠠᠨ᠎ᠠ᠂ ᠠᠯᠲᠠ ᠨᠢ ᠠᠭᠤᠰᠭᠢ ᠲᠠᠢ ᠵᠣᠬᠢᠴᠠᠨ᠎ᠠ᠂ ᠡᠶᠢᠮᠦ ᠠᠴᠠ ᠠᠭᠤᠰᠭᠢᠨ ᠤ ᠬᠡᠢ ᠪᠠᠭᠤᠷᠠᠶ ᠬᠥᠮᠦᠰ ᠨᠠᠮᠤᠷ ᠤᠨ ᠤᠯᠠᠷᠢᠯ ᠳᠤ ᠠᠮᠠᠷᠬᠠᠨ ᠵᠠᠷᠢᠮ ᠠᠭᠤᠰᠭᠢᠨ ᠰᠢᠰᠲ᠋ᠧᠮ ᠤᠨ ᠡᠪᠡᠳᠴᠢᠨ᠂ ᠵᠢᠱᠢᠶᠡᠯᠡᠪᠡᠯ᠂ ᠲᠠᠭᠰᠢᠭᠤᠷ᠂ ᠬᠠᠨᠢᠶᠠᠳᠦ᠂ ᠠᠭᠰᠠᠭ᠎ᠠ ᠵᠡᠷᠭᠡ ᠪᠣᠯᠤᠨ᠎ᠠ᠃ ᠬᠤᠭᠤᠯᠠᠶ ᠬᠠᠪᠤᠳᠴᠤ ᠡᠪᠡᠳᠬᠦ᠂ ᠬᠠᠲᠠᠬᠤ᠂ ᠰᠥᠭᠡᠩᠭᠢᠳᠡᠬᠦ ᠵᠡᠷᠭᠡ ᠡᠪᠡᠳᠴᠢᠨ ᠤ ᠰᠢᠨᠵᠢ ᠢᠯᠡᠷᠡᠵᠤ᠂ ᠬᠡᠷᠪᠡ ᠪᠢᠯᠢᠭ ᠪᠠᠷᠠᠭᠳᠠᠵᠤ ᠠᠭᠤᠰᠭᠢ ᠬᠠᠭᠤᠷᠠᠶᠢᠳᠠᠬᠤ ᠵᠠᠯᠭᠢᠭᠤᠷ ᠲᠥᠪᠣᠩᠬᠡᠶ ᠶᠢᠨ ᠦᠷᠪᠢᠰᠦᠯ ᠳᠤ ᠲᠣᠭᠠᠴᠠᠭᠳᠠᠪᠠᠯ ᠂ ᠪᠠᠯ ᠲᠠᠢ ᠯᠢᠩᠬᠸ᠎ᠠ ᠶᠢᠨ ᠰᠢᠭᠦᠰᠦ ᠶᠢ ᠲᠤᠬᠢᠷᠠᠭᠤᠯᠵᠤ ᠤᠤᠭᠤᠪᠠᠯ ᠰᠠᠶᠢᠨ᠃ ᠪᠠᠯ ᠨᠢ ᠬᠠᠭᠤᠷᠠᠶ ᠶᠢ ᠵᠥᠭᠡᠯᠡᠷᠡᠭᠦᠯᠬᠦ ᠂ ᠪᠢᠯᠢᠭ ᠢ ᠰᠢᠮᠡᠵᠢᠭᠦᠯᠵᠦ ᠵᠢᠰᠦ ᠭᠤᠶᠣᠯᠠᠬᠤ᠂ ᠳᠠᠷᠤᠯᠲᠠ ᠶᠢ ᠪᠠᠭᠤᠷᠠᠭᠤᠯᠤᠨ ᠬᠤᠷᠭᠤᠰᠤᠯᠠᠬᠤ ᠶᠢ ᠵᠠᠰᠠᠳᠠᠭ᠂ ᠯᠢᠩᠬᠸ᠎ᠠ ᠶᠢᠨ ᠦᠨᠳᠦᠰᠦ ᠨᠢ ᠬᠠᠷᠢᠨ ᠬᠠᠯᠠᠭᠤᠨ ᠢ ᠠᠷᠢᠯᠭᠠᠵᠤ ᠴᠢᠰᠤ ᠶᠢ ᠰᠡᠷᠢᠭᠦᠴᠡᠭᠦᠯᠬᠦ᠂ ᠰᠡᠳᠭᠢᠯ ᠰᠠᠨᠠᠭ᠎ᠠ ᠶᠢ ᠲᠠᠶᠢᠪᠤᠰᠢᠷᠠᠭᠤᠯᠬᠤ ᠦᠢᠯᠡᠳᠦᠯ ᠲᠠᠢ ᠲᠤᠯᠠ ᠯᠢᠩᠬᠸ᠎ᠠ ᠶᠢᠨ ᠦᠨᠳᠦᠰᠦ 500 ᠭᠷᠠᠮ᠂ ᠵᠥᠭᠡᠶ ᠶᠢᠨ ᠪᠠᠯ 20 ᠭᠷᠠᠮ ᠢ ᠠᠪᠴᠤ᠂ ᠣᠷᠢᠳᠡᠪᠡᠷ ᠰᠢᠨ᠎ᠡ ᠰᠣᠷᠭᠤᠭ ᠯᠢᠩᠬᠸ᠎ᠠ ᠶᠢᠨ ᠦᠨᠳᠦᠰᠦ ᠶᠢ ᠤᠬᠢᠶᠠᠵᠤ ᠴᠡᠪᠡᠷᠯᠡᠭᠰᠡᠨ ᠤ ᠳᠠᠷᠠᠭ᠎ᠠ ᠰᠢᠭᠦᠰᠦ ᠪᠣᠯᠭᠠᠨ ᠰᠢᠬᠠᠵᠤ᠂ ᠳᠠᠬᠢᠨ ᠪᠠᠯ ᠬᠢᠵᠦ ᠤᠤᠭᠤᠵᠤ ᠪᠣᠯᠤᠨ᠎ᠠ᠃    3. ᠠᠷᠭ᠎ᠠ ᠶᠢ ᠲᠡᠵᠢᠭᠡᠬᠦ ᠳᠤ ᠳᠤᠯᠠᠭᠠᠨ ᠢ ᠠᠩᠬᠠᠷᠬᠤ ᠬᠡᠷᠡᠭᠲᠡᠶ    ᠨᠠᠮᠣᠷ ᠪᠤᠯᠪᠠᠯ ᠠᠷᠭ᠎ᠠ ᠬᠡᠶ ᠠᠭᠠᠵᠢᠮ ᠢᠶᠠᠷ ᠬᠤᠷᠢᠶᠠᠭᠳᠠᠵᠤ᠂ ᠪᠢᠯᠢᠭ ᠬᠡᠶ ᠠᠭᠠᠵᠢᠮ ᠢᠶᠠᠷ ᠣᠷᠳᠣ ᠪᠣᠯᠳᠠᠭ᠂ ᠭᠠᠭᠴᠠ ᠬᠦ ᠠᠷᠭ᠎ᠠ ᠬᠡᠶ ᠶᠢ ᠭᠦᠢᠴᠡᠳ ᠲᠥᠪᠯᠡᠷᠡᠭᠦᠯᠪᠡᠯ ᠰᠠᠶ᠋ᠢ ᠡᠪᠦᠯ ᠤᠨ ᠬᠦᠢᠲᠡᠨ ᠠᠴᠠ ᠠᠶᠤᠬᠤ ᠥᠬᠡᠶ ᠪᠠᠶᠢᠳᠠᠭ᠃ ᠠᠷᠭ᠎ᠠ ᠬᠡᠶ ᠶᠢ ᠬᠤᠷᠢᠶᠠᠬᠤ ᠳᠤ ᠠᠷᠤ ᠨᠢᠷᠤᠭᠤ ᠶᠢ ᠳᠤᠯᠠᠭᠠᠯᠠᠬᠤ ᠬᠡᠷᠡᠭᠲᠡᠶ᠃ ᠡᠭᠦᠨ ᠠᠴᠠ ᠭᠠᠳᠠᠨ᠎ᠠ᠂ ᠤᠨᠲᠠᠬᠤ ᠳᠠᠭᠠᠨ ᠴᠣᠩᠬᠤ ᠪᠠᠨ ᠬᠠᠭᠠᠵᠤ᠂ ᠬᠦᠢᠲᠡᠨ ᠬᠡᠮ ᠳᠤ ᠲᠠᠭᠠᠷᠢᠭᠳᠠᠬᠤ ᠠᠴᠠ ᠰᠡᠷᠭᠡᠶᠢᠯᠡᠬᠦ ᠬᠡᠷᠡᠭᠲᠡᠶ᠃ᠨᠠᠮᠤᠷ ᠪᠣᠯᠪᠡᠯ ᠬᠤᠳᠣᠭᠤᠳᠣ ᠭᠡᠳᠡᠰᠦᠨ ᠤ ᠠᠵᠢᠯᠯᠠᠭ᠎ᠠ ᠠᠨᠠᠶ ᠬᠥᠮᠦᠰ ᠤᠨ ᠬᠤᠳᠣᠭᠤᠳᠣᠨ ᠬᠦᠴᠢᠯ᠂ ᠬᠤᠳᠣᠭᠤᠳᠣ ᠴᠢᠨᠦᠷᠡᠬᠦ᠂ ᠬᠤᠳᠣᠭᠤᠳᠣ ᠡᠪᠡᠳᠬᠦ ᠨᠢ ᠣᠯᠠᠰᠢᠷᠠᠳᠠᠭ᠃ ᠵᠢᠭᠠᠬᠠᠨ ᠼᠤᠤ ᠲᠠᠢ ᠭᠠ ᠶᠢ ᠳᠡᠪᠲᠦᠭᠡᠵᠦ ᠬᠦᠢᠲᠡᠨ ᠬᠡᠢ ᠶᠢ ᠬᠥᠭᠡᠭᠡᠵᠦ ᠠᠷᠭ᠎ᠠ ᠭᠡᠢ ᠶᠢ ᠳᠡᠭᠡᠭᠰᠢᠯᠡᠭᠦᠯᠦᠨ᠎ᠡ᠂ ᠡᠭᠦᠨ ᠳᠤ ᠰᠢᠨ᠎ᠡ ᠰᠣᠷᠭᠤᠭ ᠲᠦᠭᠦᠬᠡᠶ ᠭᠠ ᠶᠢ ᠬᠡᠰᠡᠭᠯᠡᠨ ᠬᠡᠷᠴᠢᠵᠦ᠂ ᠵᠢᠵᠢᠭ ᠯᠣᠩᠬᠤ ᠣᠯᠵᠤ ᠼᠤᠤ ᠪᠠᠷ ᠳᠡᠪᠲᠦᠭᠡᠭᠡᠳ ᠥᠷᠯᠥᠭᠡ ᠪᠦᠷᠢ ᠥᠯᠥᠨ ᠢᠶᠠᠷ ᠬᠤᠶᠠᠷ ᠭᠤᠷᠪᠠᠨ ᠬᠡᠰᠡᠭ ᠢ ᠢᠳᠡᠨ᠎ᠡ᠃ ᠢᠯᠠᠩᠭᠤᠶ᠎ᠠ ᠢᠰᠭᠦᠯᠡᠩ ᠤᠰᠤ ᠪᠠᠷ ᠪᠥᠭᠡᠯᠵᠢᠬᠦ᠂ ᠰᠠᠭᠤᠯᠭᠠᠬᠤ᠂ ᠬᠦᠯ ᠭᠠᠷ ᠳᠠᠭᠠᠷᠠᠳᠠᠭ ᠬᠥᠮᠦᠰ ᠲᠤ ᠡᠨᠡ ᠠᠷᠭ᠎ᠠ ᠮᠠᠰᠢ ᠲᠤᠰᠠᠲᠠᠢ᠃    ᠬᠢᠲᠠᠳ ᠡᠮᠨᠡᠯᠭᠡ ᠶᠢᠨ ᠪᠡᠶ᠎ᠡ ᠰᠤᠪᠢᠯᠠᠯᠲᠠ ᠶᠢᠨ ᠡᠷᠳᠡᠮᠲᠡᠳ ᠨᠠᠮᠤᠷ ᠤᠨ ᠤᠯᠠᠷᠢᠯ ᠳᠤ ᠥᠷᠯᠥᠭᠡ ᠪᠦᠷᠢ ᠰᠢᠩᠭᠡᠨ ᠪᠤᠳᠠᠭ᠎ᠠ ᠢᠳᠡᠬᠦ ᠶᠢ ᠰᠠᠨᠠᠭᠠᠴᠢᠯᠠᠳᠠᠭ᠂ ᠤᠴᠢᠷ ᠨᠢ ᠨᠠᠮᠤᠷ ᠤᠨ ᠡᠬᠢ ᠪᠠᠷ ᠳᠡᠯᠢᠭᠦᠦ ᠬᠤᠳᠣᠭᠤᠳᠣ ᠬᠤᠭᠤᠰᠣᠷᠠᠵᠤ᠂ ᠡᠪᠡᠳᠴᠢᠨ ᠢ ᠡᠰᠡᠷᠭᠦᠴᠡᠬᠦ ᠴᠢᠳᠠᠪᠤᠷᠢ ᠮᠠᠭᠤᠳᠠᠳᠠᠭ᠃ ᠡᠨᠡ ᠦᠶ᠎ᠡ ᠳᠤ ᠬᠡᠷᠪᠡ ᠪᠦᠯᠢᠶᠡᠨ ᠢᠳᠡᠭᠡᠨ ᠢᠳᠡᠬᠦ᠂ ᠣᠨᠴᠠᠭᠠᠶᠢᠯᠠᠨ ᠬᠠᠯᠠᠭᠤᠨ ᠡᠮᠲᠦ ᠬᠤᠭᠤᠯᠠ ᠢᠳᠡᠪᠡᠯ ᠪᠡᠶ᠎ᠡ ᠳᠤ ᠰᠠᠶᠢᠨ᠂ ᠵᠢᠱᠢᠶᠡᠯᠡᠪᠡᠯ ᠰᠠᠷᠠᠨ᠎ᠠ ᠯᠢᠩᠬᠸ᠎ᠠ ᠶᠢᠨ ᠦᠷ᠎ᠡ ᠲᠠᠢ ᠰᠢᠩᠭᠡᠨ ᠪᠤᠳᠠᠭ᠎ᠠ ᠮᠡᠲᠦ᠃ ᠡᠭᠦᠨ ᠠᠴᠠ ᠭᠠᠳᠠᠨ᠎ᠠ ᠲᠤᠲᠤᠷᠭ᠎ᠠ᠂ ᠰᠢᠯᠦᠬᠡᠶ ᠲᠤᠲᠤᠷᠭ᠎ᠠ ᠨᠢ ᠪᠦᠷ ᠳᠡᠯᠢᠭᠦᠦ ᠬᠤᠳᠣᠭᠤᠳᠣ ᠶᠢ ᠰᠠᠶᠢᠵᠢᠷᠠᠭᠤᠯᠵᠤ᠂ ᠬᠡᠢ ᠶᠢ ᠨᠥᠬᠦᠬᠦ ᠦᠢᠯᠡᠳᠦᠯ ᠢᠶᠠᠷ ᠮᠠᠰᠢ ᠰᠠᠶᠢᠨ ᠪᠠᠶᠢᠳᠠᠭ᠃    4. ᠬᠡᠢ ᠴᠢᠰᠤ ᠶᠢ ᠨᠦᠬᠦᠬᠦ ᠳᠤ ᠡᠷᠲᠡ ᠤᠨᠲᠠᠬᠤ ᠬᠡᠷᠡᠭᠲᠡᠶ    ︽ᠬᠤᠸᠠᠩᠳᠢ ᠶᠢᠨ ᠳᠤᠲᠤᠷ ᠡᠮᠨᠡᠯᠭᠡ︾ ᠳᠤ ᠡᠷᠲᠡ ᠤᠨᠲᠠᠵᠤ ᠡᠷᠲᠡ ᠪᠣᠰᠬᠤ ᠨᠢ ᠨᠠᠮᠤᠷ ᠤᠨ ᠤᠯᠠᠷᠢᠯ ᠤᠨ ᠣᠨᠴᠠᠯᠢᠭ ᠲᠤ ᠵᠣᠬᠢᠴᠠᠬᠤ ᠶᠢᠨ ᠲᠥᠯᠥᠭᠡ ᠭᠡᠵᠤ ᠲᠡᠮᠳᠡᠭᠯᠡᠵᠡᠢ᠃ ᠣᠷᠣᠢ ᠶᠢᠨ 11 ᠴᠠᠭ ᠠᠴᠠ ᠡᠮᠦᠨ᠎ᠡ ᠤᠨᠲᠠᠵᠤ᠂ ᠥᠷᠯᠥᠭᠡ ᠶᠢᠨ 6 ᠴᠠᠭ ᠤᠨ ᠦᠶ᠎ᠡ ᠪᠠᠷ ᠪᠣᠰᠪᠠᠯ ᠨᠡᠯᠢᠶᠡᠳ ᠲᠣᠬᠢᠷᠠᠮᠵᠢᠲᠠᠶ᠃    ᠦᠷᠭᠦᠯᠵᠢ ᠰᠥᠨᠢᠵᠢᠨ ᠠᠵᠢᠯᠯᠠᠳᠠᠭ ᠬᠥᠮᠦᠨ ᠴᠠᠭ ᠲᠤᠬᠠᠶ ᠳᠤᠨᠢ ᠴᠢᠨᠠᠷ ᠰᠠᠶᠢᠲᠠᠶ ᠤᠭᠤᠷᠠᠭ ᠪᠣᠯᠤᠨ ᠸᠢᠲ᠋ᠠᠮᠢᠨ A ᠨᠥᠬᠦᠬᠦ ᠬᠡᠷᠡᠭᠲᠡᠶ᠃ ᠣᠷᠣᠢ ᠤᠨᠲᠠᠬᠤ ᠠᠴᠠ ᠪᠠᠨ ᠡᠮᠦᠨ᠎ᠡ ᠬᠥᠯ ᠢᠶᠠᠨ ᠳᠡᠪᠲᠦᠭᠡᠪᠡᠯ ᠨᠦᠢᠷ ᠬᠤᠯᠵᠢᠬᠤ ᠶᠢ ᠰᠡᠷᠭᠡᠶᠢᠯᠡᠨ᠎ᠡ᠃    ᠡᠭᠦᠨ ᠠᠴᠠ ᠭᠠᠳᠠᠨ᠎ᠠ᠂ ᠥᠪᠡᠷ ᠢ ᠪᠠᠨ ᠲᠣᠬᠢᠷᠠᠭᠤᠯᠬᠤ ᠪᠠᠷ ᠳᠡᠮᠵᠢᠨ ᠬᠡᠢ ᠴᠢᠰᠦ ᠶᠢ ᠨᠦᠬᠦᠵᠤ ᠪᠣᠯᠤᠨ᠎ᠠ᠂ ᠢᠳᠡᠭᠡᠨ ᠤᠮᠳᠠᠭᠠᠨ ᠤ ᠲᠠᠯ᠎ᠠ ᠪᠠᠷ ᠭᠤᠱᠤᠭᠤᠨ᠂ ᠰᠡᠷᠢᠭᠦᠨ᠂ ᠬᠦᠢᠲᠡᠨ ᠢᠳᠡᠭᠡᠨ ᠢ ᠪᠠᠭ᠎ᠠ ᠢᠳᠡᠵᠦ᠂ ᠰᠢᠩᠭᠡᠨ ᠰᠢᠮᠡᠯᠢᠭ ᠢᠳᠡᠭᠡᠨ ᠢᠶᠠᠷ ᠭᠤᠤᠯ ᠪᠣᠯᠭᠠᠨ᠎ᠠ᠃ ᠤᠯᠠᠭᠠᠨ ᠴᠢᠪᠠᠭ᠎ᠠ ᠲᠠᠢ ᠥᠨᠳᠡᠭᠡᠨ ᠱᠥᠯᠥ ᠬᠡᠢ ᠴᠢᠰᠤ ᠶᠢ ᠰᠢᠮᠡᠵᠢᠭᠦᠯᠵᠦ ᠴᠢᠳᠠᠨ᠎ᠠ᠃ ᠰᠦᠨ ᠣᠷᠬᠤᠳᠠᠶ 9 ᠭᠷᠠᠮ᠂ ᠤᠯᠠᠭᠠᠨ ᠴᠢᠪᠠᠭ᠎ᠠ 20 ᠭᠷᠠᠮ᠂ ᠤᠯᠠᠭᠠᠨ ᠪᠤᠷᠴᠠᠭ 20 ᠭᠷᠠᠮ᠂ ᠬᠤᠯᠢᠮ᠎ᠠ ᠶᠢᠨ ᠴᠥᠮ᠎ᠡ 20 ᠭᠷᠠᠮ ᠢ ᠤᠬᠢᠶᠠᠨ ᠴᠡᠪᠡᠷᠯᠡᠭᠡᠳ ᠬᠠᠮᠲᠤ ᠲᠣᠭᠤᠭᠠᠨ ᠳᠠᠭᠠᠨ ᠬᠢᠵᠦ᠂ ᠪᠤᠷᠠᠮ 20 ᠭᠷᠠᠮ᠂ ᠵᠣᠬᠢᠬᠤ ᠬᠡᠮᠵᠢᠶᠡᠨ ᠤ ᠤᠰᠤ ᠨᠡᠮᠡᠵᠦ ᠴᠢᠨᠠᠵᠤ ᠪᠤᠯᠭᠤᠨ᠎ᠠ᠃ ᠡᠨᠡ ᠨᠢ ᠨᠠᠮᠤᠷ ᠤᠨ ᠰᠡᠷᠢᠭᠦᠦ ᠳᠤ ᠪᠡᠶ᠎ᠡ ᠲᠠᠮᠢᠷᠳᠠᠨ ᠰᠤᠯᠠᠷᠠᠬᠤ ᠶᠢ ᠵᠠᠰᠠᠬᠤ ᠳᠤ ᠲᠤᠰᠠᠳᠠᠢ᠃
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号