ᠮᠠᠨ ᠤ ᠤᠷᠤᠨ ᠦᠪᠡᠷᠮᠢᠴᠡ ᠤᠨᠴᠠᠯᠢᠭ ᠲᠠᠢ ᠳᠠᠪᠠᠭᠤᠯᠢᠭᠲᠦ ᠴᠢᠨᠠᠷ ᠰᠠᠶᠢᠲᠠᠢ ᠮᠠᠯ ᠤᠨ ᠠᠰᠢᠭ ᠰᠢᠮ᠎ᠡ | ᠲᠠᠷᠢᠶᠠᠯᠠᠩ ᠤᠨ ᠪᠦᠲᠦᠭᠡᠭᠳᠡᠭᠦᠨ ᠤ ᠠᠵᠤ ᠦᠢᠯᠡᠰᠵᠢᠭᠰᠡᠨ ᠲᠥᠷᠥᠯ ᠲᠡᠮᠲᠡᠭᠵᠢᠭᠰᠡᠨ ᠬᠦᠭᠵᠢᠯᠲᠡ ᠶᠢ ᠡᠷᠴᠢᠮᠲᠡᠢ | ᠠᠬᠢᠭᠤᠯᠵᠤ᠂ ᠨᠡᠮᠡᠯᠲᠡ ᠦᠷᠲᠡᠭ ᠪᠠ ᠵᠠᠬ᠎ᠠ ᠳᠡᠯᠭᠡᠭᠦᠷ ᠤᠨ ᠦᠷᠢᠰᠦᠯᠳᠦᠬᠦ ᠬᠦᠴᠦᠨ ᠢ ᠳᠡᠭᠡᠭᠰᠢᠯᠡᠭᠦᠯᠵᠦ᠂ ᠨᠡᠷ᠎ᠡ | ᠠᠯᠳᠠᠷᠰᠢᠯ ᠪᠠ ᠨᠦᠯᠦᠬᠡᠯᠡᠬᠦ ᠬᠦᠴᠦᠨ ᠢ ᠦᠷᠭᠡᠳᠬᠡᠵᠦ ᠪᠠᠶᠢᠨ᠎ᠠ᠃ | ᠮᠠᠨ ᠤ ᠤᠷᠤᠨ 7 ᠵᠤᠷᠪᠤᠰ ᠭᠤᠣᠯᠳᠠᠯᠭ᠎ᠠ ᠲᠠᠢ ᠠᠵᠤ ᠦᠢᠯᠡᠰ ᠤᠨ ᠬᠡᠯᠬᠢᠶ᠎ᠠ ᠶᠢᠨ ᠪᠠᠶᠢᠭᠤᠯᠤᠯᠲᠠ ᠶᠢ | ᠦᠷᠭᠦᠯᠵᠢᠯᠡᠨ ᠴᠢᠩᠭᠠᠳᠬᠠᠵᠤ᠂ ᠥᠨᠳᠥᠷ ᠨᠡᠮᠡᠯᠲᠡ ᠥᠷᠲᠡᠭ ᠪᠦᠬᠦᠢ ᠪᠦᠳᠦᠬᠡᠭᠳᠡᠬᠦᠨ ᠪᠤᠯᠤᠨ ᠳᠠᠭᠠᠯᠲᠠ | ᠪᠦᠳᠦᠬᠡᠭᠳᠡᠬᠦᠨ ᠢ ᠪᠣᠯᠪᠠᠰᠤᠷᠠᠭᠤᠯᠤᠨ ᠠᠰᠢᠭᠯᠠᠬᠤ ᠲᠤᠭᠤᠷᠢᠨ ᠳᠤ 124 ᠭᠤᠣᠯᠳᠠᠯᠭ᠎ᠠ ᠲᠠᠢ ᠲᠥᠷᠥᠯ ᠵᠦᠢᠯ ᠢ | ᠣᠷᠣᠭᠤᠯᠤᠨ ᠠᠪᠴᠢᠷᠠᠵᠤ᠂ 1 ᠤᠯᠤᠰ ᠤᠨ ᠲᠡᠰ ᠤᠨ ᠠᠵᠤ ᠦᠢᠯᠡᠰ ᠤᠨ ᠪᠦᠯᠦᠭᠵᠢᠯ᠂ 2 ᠠᠵᠤ ᠦᠢᠯᠡᠰ ᠤᠨ | ᠬᠦᠷᠢᠶᠡᠯᠡᠩ ᠲᠤᠭᠤᠷᠢᠭ᠂ 8 ᠠᠵᠤ ᠦᠢᠯᠡᠰ ᠤᠨ ᠬᠦᠴᠦᠷᠬᠡᠭ ᠪᠠᠯᠭᠠᠰᠤ ᠶᠢ ᠰᠢᠨ᠎ᠡ ᠪᠠᠷ ᠪᠠᠶᠢᠭᠤᠯᠵᠠᠢ︔ | ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠤᠯᠳᠠ ᠶᠢᠨ ᠦᠷ᠎ᠠ ᠪᠦᠳᠦᠬᠡᠯ ᠢ ᠪᠠᠳᠤᠳᠬᠠᠨ ᠦᠷᠬᠡᠳᠬᠡᠬᠦ ᠶᠢ | ᠬᠦᠳᠡᠭᠡ ᠲᠤᠰᠬᠤᠨ ᠢ ᠬᠦᠭᠵᠢᠬᠦᠯᠦᠨ ᠮᠠᠨᠳᠤᠭᠤᠯᠬᠤ ᠯᠤᠭ᠎ᠠ ᠪᠦᠳᠦᠮᠵᠢᠳᠠᠢ ᠵᠤᠯᠭᠠᠭᠤᠯᠬᠤ ᠪᠠᠯᠠ ᠮᠥᠩᠭᠦ ᠪᠤᠯᠤᠨ | ᠪᠡᠭᠡᠵᠢᠩ ᠥᠪᠥᠷ ᠮᠣᠩᠭᠤᠯ ᠤᠨ ᠬᠠᠮᠵᠢᠯᠴᠠᠭᠠᠨ ᠤ ᠪᠠᠯᠠ ᠮᠥᠩᠭᠦ ᠶᠢᠨ 70% ᠭᠠᠷᠤᠢ ᠶᠢ ᠶᠠᠳᠠᠭᠤ ᠠᠴᠠ | ᠠᠩᠭᠢᠵᠢᠷᠠᠭᠰᠠᠨ ᠭᠠᠵᠠᠷ ᠣᠷᠣᠨ ᠤ ᠭᠤᠤᠯᠳᠠᠯᠭ᠎ᠠ ᠲᠠᠢ ᠠᠵᠤ ᠦᠢᠯᠡᠰ ᠤᠨ ᠬᠡᠯᠬᠢᠶ᠎ᠡ ᠶᠢ ᠬᠦᠭᠵᠢᠬᠦᠯᠬᠦ ᠳᠤ | ᠬᠡᠷᠡᠭᠯᠡᠵᠦ᠂ ᠠᠵᠤ ᠦᠢᠯᠡᠰ ᠤᠨ ᠬᠡᠯᠬᠢᠶ᠎ᠡ ᠶᠢ ᠤᠷᠲᠤᠳᠬᠠᠬᠤ ᠪᠠ ᠥᠷᠭᠡᠳᠭᠡᠬᠦ ᠳᠤ ᠴᠢᠩᠭ᠎ᠠ ᠬᠦᠴᠦᠲᠡᠶ ᠪᠠᠯᠠ | ᠮᠥᠩᠭᠦ ᠶᠢᠨ ᠳᠡᠮᠵᠢᠯᠭᠡ ᠬᠠᠩᠭᠠᠪᠠ᠃ | ᠥᠪᠡᠷᠲᠡᠭᠡᠨ ᠵᠠᠰᠠᠬᠤ ᠣᠷᠣᠨ ᠠᠴᠠ ᠠᠯᠢ ᠣᠯᠠᠨ ᠲᠡᠳᠬᠦᠨ ᠲᠡᠮᠵᠢᠬᠦ ᠠᠷᠭ᠎ᠠ ᠬᠡᠮᠵᠢᠶ᠎ᠡ ᠶᠢ ᠨᠡᠶᠢᠲᠡᠯᠡᠨ | ᠬᠡᠷᠡᠭᠵᠢᠬᠦᠯᠵᠤ᠂ ᠪᠡᠯᠡᠨ ᠵᠠᠭᠤᠰᠢ ᠶᠢᠨ 30 ᠰᠢᠯᠢᠳᠡᠭ ᠠᠵᠤ ᠠᠬᠤᠶᠢᠯᠠᠯ᠂ ᠬᠤᠨᠢᠨ ᠠᠷᠠᠰᠤ ᠶᠢ ᠢᠳᠡᠭᠡᠨ ᠪᠤᠯᠭᠠᠨ | ᠪᠤᠯᠪᠠᠰᠤᠷᠠᠭᠤᠯᠬᠤ ᠲᠤᠷᠰᠢᠯᠲᠠ ᠶᠢᠨ ᠴᠡᠭ ᠤᠨ 4 ᠠᠵᠤ ᠠᠬᠤᠶᠢᠯᠠᠯ ᠤᠨ ᠬᠥᠭᠵᠢᠯᠲᠡ ᠶᠢ ᠲᠠᠮᠵᠢᠵᠤ᠂ ᠴᠠᠭᠠᠨ | ᠢᠳᠡᠭᠡᠨ ᠪᠤᠯᠪᠠᠰᠤᠷᠠᠭᠤᠯᠬᠤ ᠠᠵᠤ ᠠᠬᠤᠶᠢᠯᠠᠯ ᠤᠨ ᠦᠢᠯᠡᠳᠪᠦᠷᠢᠯᠡᠯ ᠤᠨ ᠤᠷ᠎ᠠ ᠮᠡᠷᠭᠡᠰᠢᠯ ᠤᠨ ᠰᠢᠨ᠎ᠡ ᠶᠢ ᠡᠭᠦᠳᠬᠦ | ᠪᠠ ᠮᠡᠷᠭᠡᠵᠢᠯ ᠢᠶᠠᠨ ᠲᠠᠰ ᠳᠡᠪᠰᠢᠭᠦᠯᠦᠨ ᠥᠭᠡᠷᠡᠴᠢᠯᠡᠬᠦ ᠶᠢ ᠳᠡᠮᠵᠢᠵᠦ ᠴᠠᠭᠠᠨ ᠢᠳᠡᠭᠡᠨ ᠢ ᠨᠠᠷᠢᠯᠢᠭ | ᠪᠤᠯᠪᠠᠰᠤᠷᠠᠭᠤᠯᠬᠤ ᠲᠥᠷᠥᠯ ᠵᠦᠢᠯ ᠤᠨ ᠪᠥᠲᠥᠭᠡᠨ ᠪᠠᠶᠢᠭᠤᠯᠤᠯᠲᠠ ᠶᠢ ᠠᠬᠢᠭᠤᠯᠪᠠ᠃ ᠤᠳᠤ ᠪᠦᠬᠦ ᠣᠷᠣᠨ ᠳᠤ | ᠵᠢᠯ ᠤᠨ ᠪᠣᠷᠣᠯᠠᠭᠤᠯᠭ᠎ᠠ ᠶᠢᠨ ᠣᠷᠣᠯᠭ᠎ᠠ ᠨᠢ 2000 ᠲᠦᠮᠡᠨ ᠲᠥᠭᠦᠷᠢᠭ ᠢ ᠳᠠᠪᠠᠭᠰᠠᠨ ᠮᠠᠯ ᠤᠨ ᠠᠰᠢᠭ ᠰᠢᠮ᠎ᠡ | ᠲᠠᠷᠢᠶᠠᠯᠠᠩ ᠤᠨ ᠪᠦᠲᠦᠭᠡᠭᠳᠡᠭᠦᠨ ᠢ ᠪᠤᠯᠪᠠᠰᠤᠷᠠᠭᠤᠯᠬᠤ 1214 ᠠᠵᠤ ᠠᠬᠤᠶᠢᠯᠠᠯ ᠲᠠᠢ ᠪᠠᠶᠢᠵᠤ᠂ ᠭᠤᠣᠯ ᠪᠣᠯᠬᠤ | ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠲᠦᠭᠡᠭᠳᠡᠬᠦᠨ ᠢ ᠪᠤᠯᠪᠠᠰᠤᠷᠠᠭᠤᠯᠤᠨ ᠤᠨᠳᠤᠤᠰᠢᠭᠤᠯᠬᠤ ᠨᠣᠷᠮ᠎ᠠ 72. | 3% ᠳᠤ ᠬᠦᠷᠴᠦ᠂ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠲᠦᠭᠡᠭᠳᠡᠭᠦᠨ ᠤ ᠥᠷᠲᠡᠭ ᠤᠨ ᠨᠡᠮᠡᠭᠳᠡᠯ ᠪᠠ | ᠮᠠᠯᠴᠢᠨ ᠲᠠᠷᠢᠶᠠᠴᠢᠨ ᠤ ᠣᠷᠣᠯᠭ᠎ᠠ ᠶᠢᠨ ᠨᠡᠮᠡᠭᠳᠡᠯ ᠳᠤ ᠰᠢᠨ᠎ᠡ ᠠᠷᠭ᠎ᠠ ᠵᠠᠮ ᠤᠯᠭᠤᠭᠰᠠᠨ ᠪᠠᠶᠢᠨ᠎ᠠ᠃ | ᠮᠠᠨ ᠤ ᠤᠷᠤᠨ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠲᠦᠭᠡᠭᠳᠡᠭᠦᠨ ᠤ ᠲᠦᠷᠦᠯ ᠲᠡᠮᠲᠡᠭ ᠤᠨ | ᠨᠥᠯᠥᠭᠡᠯᠡᠬᠦ ᠬᠦᠴᠦᠨ ᠢ ᠲᠠᠰᠤᠷᠠᠯᠲᠠ ᠥᠬᠡᠶ ᠦᠷᠬᠡᠳᠬᠡᠨ ᠴᠢᠨᠠᠷ ᠰᠠᠶᠢᠲᠠᠶ ᠪᠣᠬᠢᠷᠲᠤᠯ ᠥᠬᠡᠶ ᠮᠠᠯ ᠤᠨ ᠠᠰᠢᠭ | ᠰᠢᠮ᠎ᠡ ᠲᠠᠷᠢᠶᠠᠯᠠᠩ ᠤᠨ ᠪᠦᠲᠦᠭᠡᠭᠳᠡᠭᠦᠨ ᠢ ᠡᠵᠡᠩᠨᠡᠨ ᠪᠣᠷᠣᠯᠠᠭᠤᠯᠬᠤ 6 ᠲᠥᠪ ᠲᠤ ᠰᠢᠨ᠎ᠡ ᠪᠠᠷ ᠫᠠᠶᠢᠰᠠ ᠡᠯᠭᠦᠵᠤ᠂ | ᠤᠳᠤ ᠪᠦᠬᠦ ᠤᠷᠤᠨ ᠳᠤ 65 ︽ᠥᠪᠥᠷ ᠮᠣᠩᠭᠤᠯ ᠨᠡᠷᠡᠮᠵᠢᠲᠦ︾ ᠲᠦᠷᠦᠯ ᠲᠡᠮᠲᠡᠭ ᠤᠨ ᠠᠵᠤ ᠠᠬᠤᠶᠢᠯᠠᠯ ᠲᠠᠢ | ᠪᠣᠯᠪᠠ᠃ ᠬᠦᠳᠡᠭᠡ ᠠᠵᠤ ᠠᠬᠤᠢ ᠬᠥᠳᠡᠭᠡ ᠲᠣᠰᠬᠤᠨ ᠤ ᠶᠠᠮᠤᠨ ᠲᠠᠢ ᠭᠡᠷ᠎ᠡ ᠲᠣᠭᠲᠠᠨ ᠪᠣᠷᠣᠯᠠᠭᠤᠯᠤᠭᠰᠠᠨ ᠮᠠᠯ ᠤᠨ | ᠠᠰᠢᠭ ᠰᠢᠮ᠎ᠠ ᠲᠠᠷᠢᠶᠠᠯᠠᠩ ᠤᠨ ᠪᠦᠳᠦᠬᠡᠭᠳᠡᠬᠦᠨ ᠤ ᠬᠡᠮᠵᠢᠶ᠎ᠠ 8000 ᠲᠦᠮᠡᠨ ᠲᠥᠭᠦᠷᠢᠭ ᠢ ᠳᠠᠪᠠᠵᠤ᠂ ᠪᠡᠭᠡᠵᠢᠩ | ᠥᠪᠥᠷ ᠮᠣᠩᠭᠤᠯ ᠤᠨ ᠬᠠᠮᠵᠢᠯᠴᠠᠭᠠᠨ ᠤ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠲᠦᠭᠡᠭᠳᠡᠭᠦᠨ ᠤ | ᠪᠣᠷᠣᠯᠠᠭᠤᠯᠭ᠎ᠠ ᠶᠢ ᠳᠠᠬᠢᠨ ᠢᠶᠠᠷ ᠨᠡᠮᠡᠭᠳᠡᠬᠦᠯᠬᠦ ᠲᠥᠯᠥᠪᠯᠡᠭᠡ ᠪᠠᠷ ᠲᠠᠮᠵᠢᠨ ᠪᠤᠷᠤᠯᠠᠭᠤᠯᠤᠭᠰᠠᠨ ᠮᠠᠯ ᠤᠨ ᠠᠰᠢᠭ ᠰᠢᠮ᠎ᠠ | ᠲᠠᠷᠢᠶᠠᠯᠠᠩ ᠤᠨ ᠪᠦᠳᠦᠬᠡᠭᠳᠡᠬᠦᠨ ᠤ ᠬᠡᠮᠵᠢᠶ᠎ᠠ 232 ᠳ᠋ᠦᠩᠰᠢᠭᠤᠷ ᠲᠥᠭᠦᠷᠢᠭ ᠬᠦᠷᠴᠦ ᠨᠢᠳᠤᠨᠤᠨ ᠤ ᠠᠳᠠᠯᠢ | ᠬᠤᠭᠤᠴᠠᠭᠠᠨ ᠤ ᠬᠢ ᠠᠴᠠ 2 ᠳᠠᠬᠢᠨ ᠰᠢᠬᠠᠮ ᠨᠡᠮᠡᠭᠳᠡᠵᠠᠢ᠃ | ᠮᠠᠨ ᠤ ᠣᠷᠣᠨ ᠪᠠᠰᠠ ᠨᠢᠭᠡᠳᠦᠭᠡᠷ ᠬᠤᠶᠠᠳᠤᠭᠠᠷ ᠭᠤᠷᠪᠠᠳᠤᠭᠠᠷ ᠠᠵᠤ ᠦᠢᠯᠡᠰ ᠤᠨ ᠠᠭᠤᠰᠤᠯᠴᠠᠨ | ᠬᠥᠭᠵᠢᠬᠦ ᠶᠢ ᠦᠷᠭᠦᠯᠵᠢᠯᠡᠨ ᠭᠦᠨᠵᠡᠭᠡᠶᠢᠷᠡᠭᠦᠯᠵᠦ᠂ ᠭᠠᠵᠠᠷ ᠣᠷᠣᠨ ᠤ ᠪᠤᠳᠠᠳᠤ ᠪᠠᠶᠢᠳᠠᠯ ᠳᠤ ᠲᠤᠬᠢᠷᠠᠭᠤᠯᠤᠨ 75 | ᠲᠦᠮᠡᠨ ᠡᠷᠦᠬᠡ ᠶᠢᠨ ᠬᠦᠷᠢᠶ᠎ᠡ ᠬᠠᠰᠢᠶᠠᠨ ᠤ ᠠᠵᠤ ᠠᠬᠤᠢ ᠶᠢ ᠬᠥᠭᠵᠢᠭᠦᠯᠵᠦ᠂ ᠬᠦᠷᠢᠶ᠎ᠠ ᠬᠠᠰᠢᠶᠠᠨ ᠤ ᠠᠵᠤ | ᠠᠬᠤᠢ ᠶᠢᠨ 20 ᠰᠤᠮᠤ ᠰᠢᠶᠠᠩ ᠪᠠᠯᠭᠠᠰᠤ ᠪᠤᠯᠤᠨ 200 ᠭᠠᠴᠠᠭ᠎ᠠ ᠲᠣᠰᠬᠤᠨ ᠢ ᠭᠤᠣᠯᠳᠠᠯᠭ᠎ᠠ ᠲᠠᠢ ᠪᠠᠶᠢᠭᠤᠯᠵᠤ᠂ | 1.5 ᠲᠦᠮᠡᠨ ᠡᠷᠦᠬᠡ ᠶᠢᠨ ᠬᠦᠷᠢᠶ᠎ᠡ ᠬᠠᠰᠢᠶᠠᠨ ᠤ ᠣᠨᠴᠠᠯᠢᠭᠲᠤ ᠠᠵᠤ ᠦᠢᠯᠡᠰ ᠢ ᠬᠦᠭᠵᠢᠭᠦᠯᠬᠦ ᠶᠢ ᠳᠠᠶᠢᠴᠢᠯᠠᠪᠠ᠃ | ᠡᠭᠦᠨ ᠤ ᠬᠠᠮᠲᠤ ᠮᠠᠯ ᠠᠵᠤ ᠠᠬᠤᠢ ᠲᠠᠷᠢᠶᠠᠯᠠᠩ ᠰᠣᠶᠣᠯ ᠪᠠ ᠵᠢᠭᠤᠯᠴᠢᠯᠠᠯ ᠢ ᠠᠭᠤᠰᠤᠯᠴᠠᠭᠤᠯᠤᠨ | ᠬᠥᠭᠵᠢᠭᠦᠯᠬᠦ ᠶᠢ ᠢᠳᠡᠪᠬᠢᠲᠡᠢ ᠠᠬᠢᠭᠤᠯᠵᠤ᠂ ᠪᠦᠬᠦ ᠤᠯᠤᠰ ᠤᠨ ᠵᠤᠭ᠎ᠠ ᠰᠡᠯᠡᠭᠦᠴᠡᠯ ᠤᠨ ᠮᠠᠯ ᠠᠵᠤ ᠠᠬᠤᠢ | ᠲᠠᠷᠢᠶᠠᠯᠠᠩ ᠤᠨ 6 ᠭᠤᠣᠯᠳᠠᠯᠭ᠎ᠠ ᠲᠠᠢ ᠰᠢᠶᠠᠨ᠂ ᠮᠠᠯ ᠠᠵᠤ ᠠᠬᠤᠢ ᠲᠠᠷᠢᠶᠠᠯᠠᠩ ᠰᠣᠶᠣᠯ ᠪᠠ ᠵᠢᠭᠤᠯᠴᠢᠯᠠᠯ ᠢ | ᠠᠭᠤᠰᠤᠯᠴᠠᠭᠤᠯᠤᠭᠰᠠᠨ 30 ᠵᠢᠱᠢᠶ᠎ᠡ ᠦᠵᠡᠭᠦᠯᠬᠦ ᠲᠣᠰᠬᠤᠨ ᠪᠠᠯᠭᠠᠰᠤ᠂ 58 ︽ᠳᠤᠮᠳᠠᠳᠤ ᠤᠯᠤᠰ ᠤᠨ | ᠦᠵᠡᠰᠭᠦᠯᠡᠩᠲᠦ ᠰᠠᠶᠢᠬᠠᠨ ᠵᠤᠭ᠎ᠠ ᠰᠡᠯᠡᠭᠦᠴᠡᠯ ᠤᠨ ᠬᠥᠳᠡᠭᠡ ᠲᠣᠰᠬᠤᠨ︾᠂ 42 ᠵᠤᠷᠪᠤᠰ ᠰᠣᠳᠣᠨ | ᠵᠢᠭᠤᠯᠴᠢᠯᠠᠯ ᠤᠨ ᠵᠠᠮ ᠱᠤᠭᠤᠮ ᠢ ᠪᠠᠶᠢᠭᠤᠯᠵᠤ᠂ ᠬᠥᠳᠡᠭᠡ ᠲᠣᠰᠬᠤᠨ ᠢ ᠪᠦᠬᠦ ᠲᠠᠯ᠎ᠠ ᠪᠠᠷ ᠬᠥᠭᠵᠢᠭᠦᠯᠦᠨ | ᠮᠠᠨᠳᠤᠭᠤᠯᠬᠤ ᠳᠤ ᠰᠢᠨ᠎ᠡ ᠠᠮᠢᠵᠢᠷᠠᠯ ᠤᠨ ᠬᠦᠴᠦᠨ ᠨᠡᠮᠡᠷᠢᠯᠡᠪᠡ᠃ |