ᠮᠠᠨ ᠤ ᠠᠶᠢᠮᠠᠭ ᠤᠨ ᠭᠤᠤᠯᠳᠠᠯᠭᠠᠲᠦ ᠤᠷᠤᠨ ᠪᠦᠰᠠ ᠶᠢᠨ ᠣᠶ ᠰᠢᠭᠤᠶ ᠨᠤᠲᠤᠭ ᠪᠡᠯᠴᠢᠭᠡᠷ ᠤᠨ ᠲᠦᠢᠮᠡᠷ ᠢ ᠰᠡᠷᠭᠡᠶᠢᠯᠡᠬᠦ ᠵᠠᠮ ᠨᠡᠪᠳᠡᠷᠡᠯ᠎ᠠ
ᠨᠡᠶᠢᠲᠡᠯᠡᠭᠰᠡᠨ ᠴᠠᠭ᠄
2024/10/17
    ᠮᠠᠨ ᠤ ᠠᠶᠢᠮᠠᠭ ᠭᠤᠣᠯᠳᠠᠯᠭᠠᠲᠦ ᠣᠷᠣᠨ ᠪᠦᠰᠡ ᠶᠢᠨ ᠤᠢ ᠰᠢᠭᠤᠢ ᠨᠤᠲᠤᠭ ᠪᠡᠯᠴᠢᠭᠡᠷ ᠤᠨ ᠲᠦᠢᠮᠡᠷ ᠢ ᠰᠡᠷᠭᠡᠶᠢᠯᠡᠬᠦ ᠵᠠᠮ ᠤᠨ ᠪᠦᠳᠦᠬᠡᠨ ᠪᠠᠶᠢᠭᠤᠯᠤᠯᠲᠠ ᠶᠢᠨ ᠲᠦᠷᠦᠯ ᠵᠦᠢᠯ ᠤᠨ ᠶᠡᠷᠦᠩᠬᠡᠢ ᠬᠡᠮᠵᠢᠶ᠎ᠡ ᠶᠢᠨ 90% ᠶᠢ ᠪᠡᠶᠡᠯᠡᠭᠦᠯᠵᠦ᠂ 80% ᠶᠢᠨ ᠪᠡᠯᠡ ᠤᠷᠤᠭᠤᠯᠤᠯᠳᠠ ᠶᠢ ᠪᠡᠶᠡᠯᠡᠭᠦᠯᠤᠨ᠂ ᠪᠡᠯᠡ ᠮᠥᠩᠭᠦ ᠪᠠᠭᠤᠯᠭᠠᠬᠤ ᠨᠤᠷᠮ᠎ᠠ 73% ᠶᠢ ᠳᠠᠪᠠᠵᠠᠢ᠃ ᠡᠭᠦᠨ ᠳᠤ ᠨᠢᠭᠡᠳᠦᠭᠡᠷ ᠪᠠᠷᠢᠮᠵᠢᠶᠠᠲᠤ ᠬᠡᠰᠡᠭ᠂ ᠭᠤᠷᠪᠠᠳᠤᠭᠠᠷ ᠪᠠᠷᠢᠮᠵᠢᠶᠠᠲᠤ ᠬᠡᠰᠡᠭ ᠪᠠ ᠲᠠᠪᠤᠳᠤᠭᠠᠷ ᠪᠠᠷᠢᠮᠵᠢᠶᠠᠲᠤ ᠬᠡᠰᠡᠭ ᠤᠨ ᠭᠤᠤᠯ ᠱᠤᠭᠤᠮ ᠳᠤ ᠪᠠᠷᠤᠭᠰᠢᠨ ᠳᠡᠪᠢᠰᠭᠦ ᠠᠵᠢᠯ ᠨᠢᠭᠡᠨᠲᠡ ᠳᠠᠭᠤᠰᠤᠨ᠂ ᠪᠥᠬᠦ ᠣᠷᠳᠣ ᠨᠢ 59 ᠺᠢᠯᠣᠮᠧᠲᠷ ᠲᠤ ᠬᠦᠷᠴᠦ᠂ ᠲᠡᠷᠭᠡ ᠨᠡᠪᠲᠡᠷᠡᠬᠦ ᠨᠥᠬᠦᠴᠡᠯ ᠢ ᠨᠢᠭᠡᠨᠲᠡ ᠪᠦᠷᠢᠯᠳᠦᠭᠦᠯᠦᠭᠰᠡᠨ ᠪᠠᠶᠢᠨ᠎ᠠ᠃    ᠪᠦᠬᠦ ᠠᠶᠢᠮᠠᠭ ᠤᠨ ᠭᠤᠣᠯᠳᠠᠯᠭᠠᠲᠦ ᠣᠷᠣᠨ ᠪᠦᠰᠡ ᠶᠢᠨ ᠣᠶ ᠰᠢᠭᠤᠶ ᠨᠤᠲᠤᠭ ᠪᠡᠯᠴᠢᠭᠡᠷ ᠤᠨ ᠲᠦᠢᠮᠡᠷ ᠢ ᠰᠡᠷᠭᠡᠶᠢᠯᠡᠬᠦ ᠵᠠᠮ ᠤᠨ ᠪᠦᠲᠦᠭᠡᠨ ᠪᠠᠶᠢᠭᠤᠯᠤᠯᠲᠠ ᠶᠢᠨ ᠲᠥᠷᠥᠯ ᠵᠦᠢᠯ ᠪᠣᠯ ᠤᠯᠤᠰ ᠤᠨ ᠵᠢᠭᠡᠯᠡᠯᠭᠡ ᠶᠢᠨ ᠪᠡᠯᠡ ᠣᠷᠣᠭᠤᠯᠤᠯᠲᠠ ᠶᠢᠨ ᠲᠥᠷᠥᠯ ᠵᠦᠢᠯ ᠪᠣᠯᠤᠨ᠎ᠠ᠃ ᠮᠠᠨ ᠤ ᠠᠶᠢᠮᠠᠭ ᠤᠨ ᠬᠠᠷᠢᠶᠠᠨ ᠳᠠᠬᠢ ᠥᠪᠥᠷ ᠮᠣᠩᠭᠤᠯ ᠤᠨ ᠠᠯᠠᠱᠠ ᠠᠭᠤᠯᠠ ᠶᠢᠨ ᠤᠯᠤᠰ ᠤᠨ ᠳᠡᠰ ᠤᠨ ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ ᠤ ᠬᠠᠮᠢᠶᠠᠷᠤᠯᠲᠠ ᠶᠢᠨ ᠲᠣᠪᠴᠢᠶ᠎ᠠ ᠪᠣᠯᠤᠨ ᠡᠵᠡᠨ᠎ᠡ ᠬᠤᠰᠢᠭᠤᠨ ᠤ ᠰᠠᠶᠢᠬᠠᠨᠲᠤᠤᠷᠡᠢ ᠰᠤᠮᠤᠨ ᠤ ᠰᠠᠶᠢᠬᠠᠨᠲᠤᠤᠷᠡᠢ ᠭᠠᠴᠠᠭᠠᠨ ᠤ ᠭᠤᠣᠯᠳᠠᠯᠭᠠᠲᠦ ᠣᠶ ᠰᠢᠭᠤᠶ ᠨᠤᠲᠤᠭ ᠪᠡᠯᠴᠢᠭᠡᠷ ᠤᠨ ᠪᠦᠷᠬᠦᠴᠡ ᠨᠢᠠᠠᠳᠠ᠂ ᠰᠢᠲᠠᠮᠠᠬᠠᠶ ᠪᠣᠳᠠᠰ ᠠᠷᠪᠢᠨ᠂ ᠭᠠᠯ ᠤᠨ ᠭᠠᠮᠰᠢᠭ ᠤᠨ ᠳᠠᠯᠳᠠ ᠬᠡᠮ ᠶᠡᠭᠡ ᠵᠡᠷᠬᠡ ᠣᠷᠣᠨ ᠪᠦᠰᠡ ᠶᠢᠨ ᠬᠡᠪᠴᠢᠶᠡᠨ ᠳᠣᠲᠣᠷ᠎ᠠ᠂ ᠭᠠᠯ ᠰᠡᠷᠭᠡᠶᠢᠯᠡᠬᠦ ᠵᠠᠮ ᠢ ᠰᠢᠨ᠎ᠡ ᠪᠠᠷ ᠪᠠᠶᠢᠭᠤᠯᠬᠤ ᠪᠠ ᠥᠭᠡᠷᠡᠴᠢᠯᠡᠨ ᠪᠠᠶᠢᠭᠤᠯᠬᠤ ᠳᠤ ᠨᠡᠶᠢᠲᠡ 11579 ᠲᠦᠮᠡᠨ ᠲᠥᠭᠦᠷᠢᠭ ᠤᠨ ᠪᠠᠯᠠ ᠣᠷᠣᠭᠤᠯᠵᠤ᠂ ᠪᠥᠬᠦ ᠣᠷᠳᠣ  ᠨᠢ 166.103 ᠺᠢᠯᠣᠮᠧᠲᠷ ᠪᠣᠯᠤᠨ᠎ᠠ᠂ ᠡᠭᠦᠨ ᠳᠤ 132.503 ᠺᠢᠯᠣᠮᠧᠲᠷ ᠤᠨ ᠭᠠᠯ ᠰᠡᠷᠬᠡᠶᠢᠯᠡᠬᠦ ᠵᠠᠮ  ᠢ ᠰᠢᠨ᠎ᠠ  ᠪᠠᠷ ᠪᠠᠶᠢᠭᠤᠯᠵᠦ᠂ 33.6 ᠺᠢᠯᠣᠮᠧᠲᠷ ᠵᠠᠮ ᠢ ᠦᠬᠡᠷᠡᠴᠢᠯᠠᠨ ᠲᠡᠰ ᠲᠡᠪᠰᠢᠬᠦᠯᠵᠠᠢ᠃    ᠭᠠᠯ ᠰᠡᠷᠭᠡᠶᠢᠯᠡᠬᠦ ᠵᠠᠮ ᠢ ᠠᠰᠢᠭᠯᠠᠯᠲᠠ ᠳᠤ ᠣᠷᠣᠭᠤᠯᠤᠭᠰᠠᠨ ᠤ ᠲᠠᠷᠠᠭ᠎ᠠ᠂ ᠭᠠᠯ ᠤᠨᠲᠠᠷᠠᠭᠠᠬᠤ ᠲᠡᠷᠭᠡ ᠮᠠᠰᠢᠨ᠂ ᠬᠥᠮᠦᠨ ᠪᠣᠯᠤᠨ ᠡᠳ᠋ ᠪᠣᠳᠠᠰ ᠭᠠᠯ ᠭᠠᠷᠤᠭᠰᠠᠨ ᠲᠤᠬᠠᠶ ᠶᠢᠨ ᠭᠠᠵᠠᠷ ᠲᠤ ᠦᠳᠲᠡᠷ ᠲᠦᠷᠭᠡᠨ ᠬᠦᠷᠴᠦ᠂ ᠰᠢᠭᠤᠶᠢᠲᠤ ᠣᠷᠣᠨ ᠤ ᠪᠠᠴᠢᠮ ᠪᠠᠶᠢᠳᠠᠯ ᠢ ᠠᠷᠭᠠᠴᠠᠭᠠᠬᠤ ᠬᠤᠷᠳᠤᠴᠠ ᠪᠣᠯᠤᠨ ᠭᠠᠯ ᠤᠨᠲᠠᠷᠠᠭᠠᠬᠤ ᠦᠷ᠎ᠡ ᠪᠦᠲᠦᠮᠵᠢ ᠶᠢ ᠶᠡᠭᠡ ᠪᠠᠷ ᠳᠡᠭᠡᠭᠰᠢᠯᠡᠭᠦᠯᠵᠦ᠂ ᠤᠢ ᠰᠢᠭᠤᠶ ᠶᠢᠨ ᠡᠬᠢ ᠪᠠᠶᠠᠯᠢᠭ ᠪᠣᠯᠤᠨ ᠠᠮᠢ ᠠᠬᠤᠶ ᠣᠷᠴᠢᠨ ᠲᠣᠭᠤᠷᠢᠨ ᠢ ᠨᠡᠩ ᠰᠠᠶᠢᠲᠤᠷ ᠬᠠᠮᠠᠭᠠᠯᠠᠬᠤ ᠪᠣᠯᠤᠨ᠎ᠠ᠃
 
ᠢᠷᠡᠯᠲᠡ᠄ ᠠᠯᠠᠱᠠ ᠠᠶᠢᠮᠠᠭ ᠤᠨ ᠵᠠᠬᠢᠷᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号