ᠣᠶᠢᠷ᠎ᠠ ᠶᠢᠨ ᠡᠳᠦᠷ ᠤᠳ ᠲᠤ ᠠᠯᠠᠱᠠ ᠵᠡᠭᠦᠨ ᠬᠤᠰᠢᠭᠤᠨ ᠤ ᠲᠠᠷᠢᠶᠠᠴᠢᠳ ᠪᠥᠭᠡᠷᠡᠩᠬᠡᠢ ᠰᠣᠩᠭᠢᠨ᠎ᠠ | ᠬᠤᠷᠢᠶᠠᠬᠤ ᠠᠵᠢᠯ ᠳᠤ ᠶᠠᠭᠠᠷᠠᠵᠤ ᠡᠬᠢᠯᠡᠪᠡ᠃ ᠡᠨᠡ ᠵᠢᠯ ᠲᠤᠰ ᠬᠤᠰᠢᠭᠤ ᠨᠠᠶᠢᠳᠠ 0.76 ᠲᠦᠮᠡᠨ ᠮᠦ ᠭᠠᠵᠠᠷ | ᠲᠤ ᠪᠥᠭᠡᠷᠡᠩᠬᠡᠢ ᠰᠣᠩᠭᠢᠨ᠎ᠠ ᠳᠠᠷᠢᠭᠰᠠᠨ ᠪᠠᠶᠢᠨ᠎ᠠ᠃ | ᠡᠨᠡ ᠵᠢᠯ ᠲᠠᠷᠢᠶᠠᠴᠢᠨ ᠨᠢᠶᠧ ᠮᠢᠨ ᠶᠤᠸᠠᠨ 1450 ᠭᠠᠷᠤᠢ ᠮᠦ ᠭᠠᠵᠠᠷ ᠢ ᠳᠠᠭᠠᠭᠠᠴᠢᠯᠠᠨ ᠪᠥᠭᠡᠷᠡᠩᠬᠡᠢ | ᠰᠣᠩᠭᠢᠨ᠎ᠠ ᠳᠠᠷᠢᠵᠤ᠂ ᠳᠠᠷᠢᠬᠤ ᠲᠤᠷᠰᠢᠯᠭ᠎ᠠ ᠪᠠᠷ ᠪᠠᠶᠠᠯᠢᠭ ᠪᠥᠭᠡᠳ ᠬᠠᠮᠢᠶᠠᠷᠤᠯᠲᠠ ᠨᠢ ᠨᠠᠷᠢᠯᠢᠭ ᠪᠣᠯᠬᠤᠷ ᠲᠡᠭᠦᠨ ᠤ | ᠪᠥᠭᠡᠷᠡᠩᠬᠡᠢ ᠰᠣᠩᠭᠢᠨ᠎ᠠ ᠶᠢᠨ ᠤᠷᠭᠤᠯᠲᠠ ᠪᠠ ᠤᠨᠠᠯᠲᠠ ᠨᠢ ᠴᠥᠮ ᠮᠠᠰᠢ ᠰᠠᠶᠢᠨ ᠪᠣᠯᠵᠤ᠂ ᠮᠦ ᠪᠦᠷᠢ ᠶᠢᠨ | ᠤᠨᠠᠯᠲᠠ ᠨᠢ 7 ᠲᠣᠨ ᠣᠷᠴᠢᠮ ᠬᠦᠷᠴᠦ᠂ ᠪᠦᠭᠦᠨ ᠢ ᠵᠠᠬᠢᠶᠠᠯᠠᠭ᠎ᠠ ᠪᠠᠷ ᠪᠣᠷᠣᠯᠠᠭᠤᠯᠤᠭᠰᠠᠨ ᠪᠠᠶᠢᠨ᠎ᠠ᠃ ︽ | ᠥᠩᠭᠡᠷᠡᠭᠰᠡᠨ ᠵᠢᠯ ᠤᠳ ᠲᠠᠢ ᠠᠳᠠᠯᠢᠳᠬᠠᠪᠠᠯ᠂ ᠭᠠᠷᠤᠯᠲᠠ ᠪᠠ ᠦᠨ᠎ᠡ ᠬᠠᠩᠰᠢ ᠨᠢ ᠠᠳᠠᠯᠢᠬᠠᠨ᠂ ᠡᠨᠡ ᠵᠢᠯ ᠪᠣᠯ | ᠪᠠᠰᠠ ᠴᠤ ᠡᠯᠪᠡᠭ ᠬᠤᠷᠢᠶᠠᠯᠲᠠ ᠣᠯᠣᠭᠰᠠᠨ ᠵᠢᠯ ᠰᠢᠸ᠂ ᠤᠷᠤᠯᠭ᠎ᠠ ᠴᠤ ᠨᠡᠮᠡᠭᠳᠡᠬᠦ ᠬᠠᠨᠳᠤᠰᠢ ᠲᠠᠢ︾ ᠬᠡᠮᠡᠨ ᠨᠢᠶᠧ | ᠮᠢᠨ ᠶᠤᠸᠠᠨ ᠡᠨᠡ ᠵᠢᠯ ᠤᠨ ᠬᠤᠷᠢᠶᠠᠯᠲᠠ ᠶᠢᠨ ᠪᠠᠶᠢᠳᠠᠯ ᠢᠶᠠᠨ ᠲᠠᠨᠢᠯᠴᠠᠭᠤᠯᠵᠤ ᠪᠠᠶᠢᠯ᠎ᠠ᠃ | ︽ᠪᠥᠭᠡᠷᠡᠩᠬᠡᠢ ᠰᠣᠩᠭᠢᠨ᠎ᠠ ᠪᠣᠯ ᠬᠥᠷᠥᠰᠥ ᠰᠢᠷᠣᠢ ᠶᠢᠨ ᠣᠷᠴᠢᠨ ᠠᠬᠤᠢ ᠳᠤ ᠵᠣᠬᠢᠴᠠᠬᠤ ᠴᠢᠨᠠᠷ ᠢᠶᠠᠷ ᠴᠢᠩᠭ᠎ᠠ | ᠂ ᠲᠠᠷᠢᠮᠠᠯ ᠤᠨ ᠮᠡᠷᠭᠡᠵᠢᠯ ᠭᠢᠯᠪᠠᠷ᠂ ᠵᠠᠬ᠎ᠠ ᠳᠡᠯᠭᠡᠭᠦᠷ ᠤᠨ ᠠᠵᠤ ᠠᠬᠤᠢ ᠶᠢᠨ ᠦᠷ᠎ᠡ ᠠᠰᠢᠭ ᠰᠠᠶᠢᠨ ᠪᠠᠶᠢᠳᠠᠭ | ᠪᠣᠯᠬᠤᠷ ᠣᠯᠠᠩᠬᠢ ᠲᠠᠷᠢᠶᠠᠴᠢᠳ ᠤᠨ ᠤᠷᠤᠯᠭ᠎ᠠ ᠶᠢ ᠨᠡᠮᠡᠭᠳᠡᠭᠦᠯᠬᠦ ᠲᠠᠷᠢᠮᠠᠯ ᠪᠣᠯᠣᠭᠰᠠᠭᠠᠷ ᠢᠷᠡᠵᠠᠢ︾᠃ ᠠᠯᠠᠱᠠ | ᠵᠡᠭᠦᠨ ᠬᠤᠰᠢᠭᠤᠨ ᠤ ᠲᠠᠷᠢᠶᠠᠯᠠᠩ ᠤᠨ ᠮᠡᠷᠭᠡᠵᠢᠯ ᠢ ᠳᠡᠯᠭᠡᠷᠡᠭᠦᠯᠬᠦ ᠲᠥᠪ ᠤᠨ ᠰᠤᠳᠤᠯᠤᠭᠴᠢ ᠶᠤᠸᠠᠨ ᠶᠦᠩ ᠨᠢᠶᠠᠨ᠂ | ᠣᠶᠢᠷ᠎ᠠ ᠶᠢᠨ ᠵᠢᠯ ᠳᠤ ᠠᠯᠠᠱᠠ ᠵᠡᠭᠦᠨ ᠬᠤᠰᠢᠭᠤ ᠬᠥᠳᠡᠭᠡ ᠠᠵᠤ ᠠᠬᠤᠢ ᠶᠢ ᠬᠥᠭᠵᠢᠭᠦᠯᠬᠦ ᠪᠠᠷ ᠬᠥᠳᠡᠭᠡ | ᠲᠣᠰᠬᠤᠨ ᠢ ᠬᠥᠭᠵᠢᠭᠦᠯᠦᠨ ᠮᠠᠨᠳᠤᠭᠤᠯᠬᠤ ᠴᠢᠬᠤᠯᠠ ᠲᠤᠯᠭᠠᠭᠤᠷᠢᠯᠠᠯ ᠪᠤᠯᠭᠠᠵᠦ᠂ ᠠᠵᠤ ᠠᠬᠤᠶᠢᠯᠠᠯ ᠳᠤ ᠠᠰᠢᠭ | ᠲᠠᠢ ᠨᠥᠬᠦᠴᠡᠯ ᠬᠠᠩᠭᠠᠬᠤ᠂ ᠪᠡᠯᠡ ᠮᠥᠩᠭᠦ ᠪᠠ ᠲᠦᠷᠦᠯ ᠵᠦᠢᠯ ᠭᠤᠶᠤᠴᠢᠯᠠᠬᠤ ᠪᠠᠷ ᠲᠠᠮᠵᠢᠨ ᠠᠵᠤ ᠦᠢᠯᠡᠰ ᠤᠨ | ᠪᠦᠲᠦᠴᠡ ᠶᠢ ᠢᠳᠡᠪᠬᠢᠲᠡᠢ ᠲᠣᠬᠢᠷᠠᠭᠤᠯᠵᠤ᠂ ᠬᠤᠨᠴᠢᠷ᠂ ᠪᠥᠭᠡᠷᠡᠩᠬᠡᠢ ᠰᠣᠩᠭᠢᠨ᠎ᠠ᠂ ᠨᠡᠷᠡᠨ ᠬᠤᠸᠠᠷ ᠵᠡᠷᠭᠡ | ᠣᠨᠴᠠᠯᠢᠭᠲᠤ ᠠᠵᠤ ᠦᠢᠯᠡᠰ ᠢ ᠶᠡᠭᠡ ᠪᠠᠷ ᠬᠥᠭᠵᠢᠭᠦᠯᠵᠦ᠂ ᠰᠤᠮᠤ ᠭᠠᠴᠠᠭᠠᠨ ᠤ ᠬᠠᠮᠲᠤ ᠶᠢᠨ ᠠᠵᠤ ᠠᠬᠤᠢ ᠶᠢ | ᠪᠤᠵᠠᠭᠠᠶᠢᠷᠠᠭᠤᠯᠤᠨ᠂ ᠲᠠᠷᠢᠶᠠᠴᠢᠳ ᠤᠨ ᠣᠷᠣᠯᠭ᠎ᠠ ᠶᠢᠨ ᠨᠡᠮᠡᠭᠳᠡᠯ ᠢ ᠠᠬᠢᠭᠤᠯᠵᠠᠢ ᠭᠡᠵᠦ ᠪᠠᠶᠢᠯ᠎ᠠ᠃ |