ᠬᠡᠯᠡᠯᠴᠡᠭᠡᠷ ᠤᠨ ᠬᠤᠭᠤᠴᠠᠭᠠᠨ ᠳᠠᠬᠢ ︽ᠤᠯᠤᠰ ᠤᠨ ᠬᠡᠯᠡᠯᠴᠡᠭᠡᠷ ᠤᠨ ᠡᠮ ᠤᠨ ᠵᠦᠢᠯ︾ ᠲᠣᠬᠢᠷᠠᠭᠤᠯᠬᠤ ᠪᠠᠶᠢᠭᠤᠯᠤᠮᠵᠢ ᠶᠢ ᠵᠢᠷᠭᠢᠶ᠎ᠡ ᠶᠢᠨ ᠨᠡᠶᠢᠲᠡ ᠶᠢᠨ ᠲᠠᠪᠴᠠᠩ ᠢᠶᠠᠷ ᠪᠠᠶᠢᠴᠠᠭᠠᠨ ᠯᠠᠪᠯᠠᠵᠤ ᠪᠣᠯᠣᠨ᠎ᠠ
ᠨᠡᠶᠢᠲᠡᠯᠡᠭᠰᠡᠨ ᠴᠠᠭ᠄
2023/9/14
    ᠳᠠᠭᠠᠳᠬᠠᠯ ᠳᠤ ᠣᠷᠣᠯᠴᠠᠭᠰᠠᠳ ᠲᠤ ᠨᠠᠩ ᠳᠥᠭᠦᠮ ᠳᠥᠲᠡ ᠡᠮ ᠡᠮᠨᠡᠯᠭᠡ ᠶᠢᠨ ᠳᠠᠭᠠᠳᠬᠠᠯ ᠤᠨ ᠦᠢᠯᠡᠴᠢᠯᠡᠭᠡ ᠶᠢ ᠬᠠᠩᠭᠠᠬᠤ ᠶᠢᠨ ᠲᠥᠯᠥᠭᠡ᠂ ᠤᠯᠤᠰ ᠤᠨ ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ ᠶᠢᠨ ᠵᠢᠷᠭᠢᠶ᠎ᠡ  ᠶᠢᠨ ᠨᠡᠶᠢᠲᠡ ᠶᠢᠨ ᠲᠠᠪᠴᠠᠩ ᠲᠦᠷᠦᠭᠦᠬᠡᠨ ᠬᠡᠯᠡᠯᠴᠡᠭᠡᠷ ᠤᠨ ᠬᠤᠭᠤᠴᠠᠭᠠᠨ ᠳᠠᠬᠢ ︽ᠤᠯᠤᠰ ᠤᠨ ᠬᠡᠯᠡᠯᠴᠡᠭᠡᠷ ᠤᠨ ᠡᠮ ᠤᠨ ᠵᠦᠢᠯ︾ ᠲᠣᠬᠢᠷᠠᠭᠤᠯᠬᠤ ᠪᠠᠶᠢᠭᠤᠯᠤᠮᠵᠢ ᠶᠢ ᠪᠠᠶᠢᠴᠠᠭᠠᠨ ᠯᠠᠪᠯᠠᠬᠤ ᠴᠢᠳᠠᠮᠵᠢ ᠶᠢ ᠨᠡᠪᠲᠡᠷᠡᠭᠦᠯᠵᠡᠢ᠃︽ᠤᠯᠤᠰ ᠤᠨ ᠬᠡᠯᠡᠯᠴᠡᠭᠡᠷ ᠤᠨ ᠡᠮ ᠤᠨ ᠵᠦᠢᠯ︾ ᠭᠡᠳᠡᠭ ᠨᠢ ᠡᠮ ᠡᠮᠨᠡᠯᠭᠡ ᠶᠢᠨ ᠳᠠᠭᠠᠳᠬᠠᠯ ᠤᠨ ᠰᠠᠯᠠᠭ᠎ᠠ ᠮᠥᠴᠢᠷ ᠬᠢᠭᠡᠳ ᠡᠮ ᠤᠨ ᠵᠦᠢᠯᠡᠰ ᠤᠨ ᠦᠢᠯᠡᠳᠪᠦᠷᠢᠯᠡᠯ ᠤᠨ ᠠᠵᠤ ᠠᠬᠤᠶᠢᠯᠠᠯ ᠤᠨ ᠦᠨ᠎ᠡ ᠬᠠᠩᠰᠢ ᠶᠢᠨ ᠬᠡᠯᠡᠯᠴᠡᠭᠡᠷ ᠪᠠᠷ ᠳᠡᠮᠵᠢᠨ᠂ ᠲᠣᠭᠠᠴᠠᠭ᠎ᠠ ᠬᠢᠬᠦ ᠪᠠᠷᠢᠮᠵᠢᠶ᠎ᠠ ᠶᠢ ᠲᠣᠭᠲᠠᠭᠠᠭᠰᠠᠨ ᠤ ᠳᠠᠷᠠᠭ᠎ᠠ᠂ ᠡᠮ ᠡᠮᠨᠡᠯᠭᠡ ᠶᠢᠨ ᠳᠠᠭᠠᠳᠬᠠᠯ ᠤᠨ ᠭᠠᠷᠴᠠᠭ ᠲᠤ ᠣᠷᠣᠭᠤᠯᠤᠨ ᠲᠠᠩᠰᠠ ᠲᠠᠶᠢᠯᠬᠤ ᠪᠥᠭᠡᠳ ᠬᠡᠯᠡᠯᠴᠡᠭᠡᠷ ᠤᠨ ᠬᠤᠭᠤᠴᠠᠭᠠᠨ ᠳᠤ ᠪᠠᠶᠢᠭ᠎ᠠ ᠡᠮ ᠤᠨ ᠵᠦᠢᠯ ᠢ ᠵᠢᠭᠠᠵᠤ ᠪᠤᠶ᠂ ᠣᠯᠠᠩᠬᠢ ᠨᠢ ᠣᠶᠢᠷ᠎ᠠ ᠶᠢᠨ ᠵᠢᠯ ᠳᠤ ᠵᠠᠬ᠎ᠠ ᠳᠡᠯᠭᠡᠭᠦᠷ ᠲᠤ ᠭᠠᠷᠭᠠᠬᠤ ᠶᠢ ᠰᠢᠨ᠎ᠡ ᠪᠠᠷ ᠵᠥᠪᠰᠢᠶᠡᠷᠡᠭᠰᠡᠨ᠂ ᠭᠠᠭᠴᠠᠭᠠᠷ ᠦᠢᠯᠡᠳᠪᠦᠷᠢᠯᠡᠭᠰᠡᠨ᠂ ᠵᠠᠬ᠎ᠠ ᠳᠡᠯᠭᠡᠭᠦᠷ ᠳᠡᠭᠡᠷ᠎ᠡ ᠥᠷᠢᠰᠦᠯᠳᠦᠭᠡᠨ ᠢᠶᠠᠷ ᠳᠤᠲᠠᠮᠠᠭ ᠡᠮ ᠤᠨ ᠵᠦᠢᠯ ᠪᠣᠯᠣᠨ᠎ᠠ᠃ ᠣᠲᠣ ᠶᠢᠨ ᠬᠡᠷᠡᠭᠵᠢᠭᠦᠯᠵᠦ ᠪᠠᠶᠢᠭ᠎ᠠ ᠡᠮ ᠡᠮᠨᠡᠯᠭᠡ ᠶᠢᠨ ᠳᠠᠭᠠᠳᠬᠠᠯ ᠤᠨ ᠡᠮ ᠤᠨ ᠵᠦᠢᠯ ᠤᠨ ᠭᠠᠷᠴᠠᠭ ᠤᠨ ᠬᠡᠯᠡᠯᠴᠡᠭᠡᠷ ᠤᠨ ᠬᠤᠭᠤᠴᠠᠭᠠᠨ ᠳᠠᠬᠢ ︽ᠤᠯᠤᠰ ᠤᠨ ᠬᠡᠯᠡᠯᠴᠡᠭᠡᠷ ᠤᠨ ᠡᠮ ᠤᠨ ᠵᠦᠢᠯ︾ ᠨᠡᠶᠢᠲᠡ 346 ᠵᠦᠢᠯ ᠪᠠᠶᠢᠵᠤ᠂ ᠬᠤᠣᠷᠠᠲᠤ ᠬᠠᠪᠤᠳᠠᠷ᠂ ᠬᠤᠪᠣᠷ ᠲᠣᠬᠢᠶᠠᠯᠳᠤᠬᠤ ᠡᠪᠡᠳᠴᠢᠨ᠂ ᠴᠢᠰᠤᠨ ᠳᠠᠷᠤᠯᠲᠠ ᠥᠨᠳᠥᠷ ᠡᠪᠡᠳᠴᠢᠨ᠂ ᠰᠢᠬᠢᠷ ᠰᠢᠵᠢᠩ ᠡᠪᠡᠳᠴᠢᠨ ᠵᠡᠷᠭᠡ ᠣᠯᠠᠨ ᠡᠮᠴᠢᠯᠡᠭᠡᠨ ᠤ ᠬᠦᠷᠢᠶ᠎ᠡ ᠶᠢ ᠬᠠᠮᠤᠷᠴᠠᠢ᠃    ᠣᠳᠣᠬᠠᠨ ᠳᠤ ︽ᠤᠯᠤᠰ ᠤᠨ ᠬᠡᠯᠡᠯᠴᠡᠭᠡᠷ ᠤᠨ ᠡᠮ ᠤᠨ ᠵᠦᠢᠯ︾ ᠪᠣᠯ ᠴᠥᠮ ᠡᠮ ᠡᠮᠨᠡᠯᠭᠡ ᠶᠢᠨ ᠳᠠᠭᠠᠳᠬᠠᠯ ᠤᠨ ᠬᠥᠬᠡᠭᠴᠢᠨ ᠲᠥᠷᠥᠯ ᠤᠨ ᠡᠮ ᠤᠨ ᠵᠦᠢᠯ ᠪᠠᠶᠢᠵᠤ᠂ ᠦᠨᠳᠦᠰᠦᠨ ᠡᠮ ᠡᠮᠨᠡᠯᠭᠡ ᠶᠢᠨ ᠳᠠᠭᠠᠳᠬᠠᠯ ᠳᠤ ᠣᠷᠣᠯᠴᠠᠭᠰᠠᠳ ᠡᠨᠡ ᠲᠥᠷᠥᠯ ᠤᠨ ᠡᠮ ᠢ ᠬᠡᠷᠡᠭᠯᠡᠬᠦ ᠳᠤ᠂ ᠬᠤᠪᠢ ᠬᠥᠮᠥᠨ ᠤᠷᠢᠳ ᠢᠶᠠᠷ ᠵᠣᠬᠢᠬᠤ ᠬᠠᠷᠢᠴᠠᠯ ᠢᠶᠠᠷ ᠲᠥᠯᠥᠵᠦ᠂ ᠳᠠᠷᠠᠭ᠎ᠠ ᠨᠢ ᠲᠣᠭᠲᠠᠭᠠᠭᠰᠠᠨ ᠬᠠᠷᠢᠴᠠᠯ ᠢᠶᠠᠷ ᠲᠠᠩᠰᠠ ᠲᠠᠶᠢᠯᠬᠤ ᠬᠡᠷᠡᠭᠲᠡᠢ ᠪᠠᠶᠢᠳᠠᠭ᠃    ︽ᠤᠯᠤᠰ ᠤᠨ ᠬᠡᠯᠡᠯᠴᠡᠭᠡᠷ ᠤᠨ ᠡᠮ ᠤᠨ ᠵᠦᠢᠯ︾ ᠢ ᠲᠣᠬᠢᠷᠠᠭᠤᠯᠬᠤ ᠪᠠᠶᠢᠭᠤᠯᠤᠮᠵᠢ ᠶᠢ ᠪᠠᠶᠢᠴᠠᠭᠠᠨ ᠯᠠᠪᠯᠠᠬᠤ ᠪᠣᠳᠠᠲᠠᠢ ᠠᠯᠬᠤᠮ ᠳᠠᠷᠠᠭ᠎ᠠ ᠶᠢ ᠣᠶᠢᠯᠠᠭᠠᠶ᠎ᠠ᠄    ᠨᠢᠭᠡᠳᠦᠭᠡᠷ ᠠᠯᠬᠤᠮ ᠳᠤ᠄    ︽ᠤᠯᠤᠰ ᠤᠨ ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ︾ ᠶᠢᠨ ᠵᠢᠷᠭᠢᠶ᠎ᠡ ᠶᠢᠨ ᠨᠡᠶᠢᠲᠡ ᠶᠢᠨ ᠲᠠᠪᠴᠠᠩ ᠲᠤ ᠣᠷᠣᠵᠤ᠂ ᠪᠢᠴᠢᠯ ᠦᠢᠯᠡᠴᠢᠯᠡᠭᠡ ᠶᠢ ᠲᠣᠪᠴᠢᠳᠠᠨ᠎ᠠ᠂    ᠳᠠᠷᠠᠭ᠎ᠠ ᠨᠢ ︽︿ᠤᠯᠤᠰ ᠤᠨ ᠬᠡᠯᠡᠯᠴᠡᠭᠡᠷ ᠤᠨ ᠡᠮ ᠤᠨ ᠵᠦᠢᠯ﹀ ᠢ ᠲᠣᠬᠢᠷᠠᠭᠤᠯᠬᠤ ᠪᠠᠶᠢᠭᠤᠯᠤᠮᠵᠢ ᠶᠢ ᠪᠠᠶᠢᠴᠠᠭᠠᠨ ᠯᠠᠪᠯᠠᠬᠤ︾ ᠳᠠᠷᠤᠪᠴᠢ ᠶᠢ ᠲᠤᠪᠢᠴᠳᠠᠵᠤ᠂ ᠪᠠᠶᠢᠴᠠᠭᠠᠨ ᠯᠠᠪᠯᠠᠬᠤ ᠬᠠᠭᠤᠳᠠᠰᠤᠨ ᠳᠤ ᠣᠷᠣᠨ᠎ᠠ᠃    ᠬᠤᠶᠠᠳᠤᠭᠠᠷ ᠠᠯᠬᠤᠮ᠄    ︽ᠤᠯᠤᠰ ᠤᠨ ᠬᠡᠯᠡᠯᠴᠡᠭᠡᠷ ᠤᠨ ᠡᠮ ᠤᠨ ᠵᠦᠢᠯ︾ ᠤᠨ ᠨᠡᠷᠡᠶᠢᠳᠦᠯ ᠢ ᠣᠷᠣᠭᠤᠯᠵᠤ ᠬᠠᠶᠢᠪᠠᠯ᠂ ᠡᠮ ᠡᠮᠨᠡᠯᠭᠡ ᠶᠢᠨ ᠳᠠᠭᠠᠳᠬᠠᠯ ᠤᠨ ᠲᠣᠭᠠᠴᠠᠭ᠎ᠠ ᠬᠢᠬᠦ ᠪᠠᠷᠢᠮᠵᠢᠶ᠎ᠠ᠂ ᠬᠡᠯᠡᠯᠴᠡᠭᠡᠷ ᠤᠨ ᠬᠦᠴᠦᠨ ᠲᠠᠢ ᠬᠤᠭᠤᠴᠠᠭ᠎ᠠ ᠵᠡᠷᠭᠡ ᠮᠡᠳᠡᠭᠡ ᠵᠠᠩᠭᠢ ᠶᠢ ᠣᠯᠵᠤ ᠦᠵᠡᠵᠦ ᠪᠣᠯᠣᠨ᠎ᠠ᠃    ᠭᠤᠷᠪᠠᠳᠤᠭᠠᠷ ᠠᠯᠬᠤᠮ᠄    ︽ᠴᠡᠭ ᠲᠣᠭᠲᠠᠭᠠᠭᠰᠠᠨ ᠡᠮᠴᠢᠯᠡᠭᠡᠨ ᠤ ᠪᠠᠶᠢᠭᠤᠯᠤᠮᠵᠢ︾ ᠪᠤᠶᠤ ︽ᠴᠡᠭ ᠲᠣᠭᠲᠠᠭᠠᠭᠰᠠᠨ ᠵᠢᠵᠢᠭᠯᠡᠨ ᠬᠤᠳᠠᠯᠳᠤᠬᠤ ᠡᠮ ᠤᠨ ᠳᠡᠯᠭᠡᠭᠦᠷ︾ ᠢ ᠲᠣᠪᠴᠢᠳᠠᠪᠠᠯ᠂ ᠲᠣᠰ ᠡᠮ ᠤᠨ ᠵᠦᠢᠯ ᠤᠨ ᠡᠯ᠎ᠡ ᠭᠠᠵᠠᠷ ᠣᠷᠣᠨ ᠳᠤ ᠲᠣᠬᠢᠷᠠᠭᠤᠯᠤᠭᠰᠠᠨ ᠪᠠᠶᠢᠳᠠᠯ ᠢ ᠪᠠᠶᠢᠴᠠᠭᠠᠨ ᠯᠠᠪᠯᠠᠵᠤ ᠪᠣᠯᠣᠨ᠎ᠠ᠃    ᠡᠭᠦᠨ ᠤ ᠬᠠᠮᠲᠤ᠂ ᠪᠠᠰᠠ ᠵᠢᠷᠭᠢᠶ᠎ᠡ ᠶᠢᠨ ᠨᠢᠭᠤᠷ ᠤᠨ ᠳᠣᠣᠷ᠎ᠠ ᠲᠠᠯ᠎ᠠ ᠶᠢᠨ ︽ᠪᠠᠶᠢᠭᠤᠯᠤᠮᠵᠢ ᠶᠢ ᠪᠠᠶᠢᠴᠠᠭᠠᠬᠤ︾ ᠶᠢ ᠲᠣᠪᠴᠢᠳᠠᠵᠤ᠂ ︽ᠴᠡᠭ ᠲᠣᠭᠲᠠᠭᠠᠭᠰᠠᠨ ᠡᠮᠴᠢᠯᠡᠭᠡᠨ ᠤ ᠪᠠᠶᠢᠭᠤᠯᠤᠮᠵᠢ︾ ᠪᠤᠶᠤ ︽ᠴᠡᠭ ᠲᠣᠭᠲᠠᠭᠠᠭᠰᠠᠨ ᠵᠢᠵᠢᠭᠯᠡᠨ ᠬᠤᠳᠠᠯᠳᠤᠬᠤ ᠡᠮ ᠤᠨ ᠳᠡᠯᠭᠡᠭᠦᠷ︾ ᠤᠨ ᠨᠢᠭᠤᠷ ᠲᠤ ᠣᠷᠣᠵᠤ᠂ ᠪᠣᠳᠠᠲᠠᠢ ᠡᠮᠴᠢᠯᠡᠭᠡᠨ ᠤ ᠪᠠᠶᠢᠭᠤᠯᠤᠮᠵᠢ ᠪᠤᠶᠤ ᠵᠢᠵᠢᠭᠯᠡᠨ ᠬᠤᠳᠠᠯᠳᠤᠬᠤ ᠡᠮ ᠤᠨ ᠳᠡᠯᠭᠡᠭᠦᠷ ᠢ ᠰᠣᠩᠭᠤᠭᠰᠠᠨ ᠤ ᠳᠠᠷᠠᠭ᠎ᠠ᠂ ︽ᠡᠮ ᠤᠨ ᠵᠦᠢᠯ ᠢ ᠪᠠᠶᠢᠴᠠᠭᠠᠨ ᠯᠠᠪᠯᠠᠬᠤ︾ ᠶᠢ ᠲᠣᠪᠴᠢᠳᠠᠵᠤ᠂ ᠲᠣᠰ ᠪᠠᠶᠢᠭᠤᠯᠤᠮᠵᠢ ᠶᠢᠨ ᠲᠣᠬᠢᠷᠠᠭᠤᠯᠤᠭᠰᠠᠨ ︽ᠤᠯᠤᠰ ᠤᠨ ᠬᠡᠯᠡᠯᠴᠡᠭᠡᠷ ᠤᠨ ᠡᠮ ᠤᠨ ᠵᠦᠢᠯᠡᠰ︾ ᠤᠨ ᠪᠦᠭᠦ ᠪᠠᠶᠢᠳᠠᠯ ᠢ ᠣᠶᠢᠯᠠᠭᠠᠵᠤ ᠪᠣᠯᠣᠨ᠎ᠠ᠃
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号