ᠨᠢᠬᠡᠳᠤᠬᠡᠷ ᠪᠥᠯᠥᠭ ᠠᠯᠠᠱᠠ ᠲᠡᠮᠡᠭᠡ | | ᠨᠢᠬᠡᠳᠤᠬᠡᠷ ᠬᠡᠰᠡᠭ ᠲᠡᠮᠡᠬᠡᠨ ᠤ ᠡᠭᠦᠰᠥᠯ ᠭᠠᠷᠤᠯ ᠪᠠ ᠠᠯᠠᠱᠠ ᠲᠡᠮᠡᠭᠡ | | ᠲᠡᠮᠡᠭᠡ ᠪᠤᠯ ᠰᠡᠭᠡᠷᠳᠡᠨ ᠤ ᠠᠶᠢᠮᠠᠬ ᠤᠨ ᠬᠥᠬᠦᠳᠡᠨ ᠤ ᠠᠩᠬᠢ ᠶᠢᠨ ᠠᠴᠠ ᠲᠤᠭᠤᠷᠠᠶᠢᠳᠠᠨ ᠤ ᠪᠠᠬ ᠤᠨ | ᠲᠠᠪᠠᠭᠳᠠᠨ ᠤ ᠲᠡᠳ᠋ ᠪᠠᠬ ᠤᠨ ᠲᠡᠮᠡᠭᠡᠨ ᠤ ᠢᠵᠠᠭᠤᠷ ᠲᠤ ᠪᠠᠭᠲᠠᠳᠠᠭ᠃ ᠡᠷᠳᠡᠨ ᠤ ᠠᠮᠢᠳᠤ ᠪᠤᠳᠠᠰ ᠤᠨ ᠰᠤᠳᠤᠯᠤᠯ | ᠬᠢᠭᠡᠳ ᠭᠠᠵᠠᠷ ᠰᠢᠨᠵᠢᠯᠡᠭᠡᠨ ᠤ ᠴᠢᠯᠠᠭᠤᠵᠢᠮᠠᠯ ᠤᠨ ᠰᠤᠳᠤᠯᠤᠯ ᠳᠤ ᠲᠡᠮᠡᠭᠡ ᠪᠤᠯ ᠤᠮᠠᠷᠠᠳᠤ ᠠᠮᠧᠷᠢᠺᠠ ᠲᠢᠪ ᠤᠨ | ᠠᠩᠬᠠᠨ ᠤ ᠵᠥᠭᠡᠯᠡᠨ ᠲᠠᠪᠠᠭᠳᠠᠨ ᠠᠴᠠ ᠤᠯᠠᠷᠢᠨ ᠬᠤᠪᠢᠰᠴᠤ ᠢᠷᠡᠯ᠎ᠠ ᠭᠡᠵᠤ ᠦᠵᠡᠳᠡᠭ᠃ | ᠰᠢᠨ᠎ᠠ ᠠᠮᠢᠳᠤ ᠡᠷᠢᠨ ᠤ ᠰᠡᠬᠦᠯᠴᠢ ᠶᠢᠨ ᠥᠶ᠎ᠠ ︵3500 — 5000 ᠲᠥᠮᠡᠨ ᠵᠢᠯ ᠤᠨ ᠡᠮᠤᠨ᠎ᠠ︶ ᠪᠠᠷ | ᠤᠮᠠᠷᠠᠳᠤ ᠠᠮᠧᠷᠢᠺᠠ ᠲᠢᠪ ᠲᠤ ᠲᠠᠤᠯᠠᠢ ᠶᠢᠨ ᠴᠢᠨᠡᠭᠡᠨ ᠪᠡᠶ᠎ᠠ ᠲᠠᠢ᠂ ᠲᠥᠴᠢᠨ ᠲᠥᠷᠪᠡᠨ ᠰᠢᠳᠤ ᠲᠠᠢ᠂ ᠬᠤᠶᠢᠳᠤ | ᠮᠥᠴᠢ ᠨᠢ ᠨᠡᠯᠢᠶᠡᠳ ᠤᠷᠳᠤ᠂ ᠡᠮᠤᠨ᠎ᠠ ᠮᠥᠴᠢ ᠨᠢ ᠤᠬᠤᠷ ᠪᠥᠭᠡᠳ ᠲᠥᠷᠪᠡᠨ ᠬᠤᠷᠤᠭᠤ ᠲᠠᠢ ᠪᠤᠯᠪᠠᠴᠤ ᠬᠠᠵᠠᠭᠤ | ᠲᠠᠯ᠎ᠠ ᠶᠢᠨ ᠬᠤᠶᠠᠷ ᠬᠤᠷᠤᠭᠤ ᠨᠢ ᠡᠯᠡᠭᠳᠡᠵᠤ ᠪᠠᠭᠠᠰᠤᠬᠰᠠᠨ᠂ ᠪᠡᠶ᠎ᠡ ᠶᠢᠨ ᠭᠡᠯᠪᠡᠷᠢ ᠨᠢ ᠪᠠᠯᠠᠷ ᠡᠷᠳᠡᠨ ᠤ | ᠠᠳᠤᠭᠤᠰᠤᠨ ᠤ ᠲᠥᠷᠤᠯ ᠲᠠᠢ ᠲᠥᠰᠥᠭᠡᠳᠡᠢ ᠨᠢᠭᠡ ᠵᠦᠢᠯ ᠤᠨ ᠠᠩᠬᠠᠨ ᠤ ᠵᠥᠭᠡᠯᠡᠨ ᠲᠠᠪᠠᠭᠳᠤ ᠠᠮᠢᠳᠠᠨ | ᠠᠮᠢᠳᠤᠷᠠᠵᠤ ᠪᠠᠶᠢᠵᠡᠢ᠃ ᠡᠨᠡ ᠠᠮᠢᠳᠠᠨ ᠨᠢ ᠰᠢᠨ᠎ᠠ ᠠᠮᠢᠳᠤ ᠡᠷᠢᠨ ᠤ ᠥᠶ᠎ᠠ ᠳᠤ ᠠᠮᠢᠳᠤᠷᠠᠵᠤ ᠪᠠᠶᠢᠬᠰᠠᠨ ᠲᠠᠪᠠᠭᠳᠤ | ᠠᠮᠢᠳᠠᠨ ᠠᠴᠠ ᠤᠯᠠᠷᠢᠨ ᠬᠤᠪᠢᠰᠴᠤ ᠢᠷᠡᠭᠰᠡᠨ ᠪᠠᠶᠢᠵᠡᠢ᠃ | ᠤᠮᠠᠷᠠᠳᠤ ᠠᠮᠧᠷᠢᠺᠠ ᠲᠢᠪ ᠤᠨ ᠭᠠᠵᠠᠷ ᠤᠨ ᠭᠠᠳᠠᠷᠭᠤ ᠲᠠᠯᠠᠢ ᠶᠢᠨ ᠲᠥᠪᠰᠢᠨ ᠠᠴᠠ ᠡᠷᠬᠦᠭᠳᠡᠬᠦ ᠶᠢ ᠲᠠᠭᠠᠯᠳᠤᠨ | ᠪᠤᠳᠠᠯᠢᠬ ᠤᠢ ᠨᠢ ᠰᠢᠩᠭᠡᠷᠡᠨ ᠴᠥᠭᠡᠷᠡᠵᠤ᠂ ᠡᠪᠡᠰᠤᠨ ᠤ ᠴᠢᠨᠠᠷ ᠨᠢ ᠮᠤᠳᠤᠯᠢᠬᠵᠢᠬᠰᠠᠨ ᠠᠴᠠ ᠡᠨ᠋ᠨ ᠬᠦ ︽ᠠᠩᠬᠠᠨ ᠤ | ᠵᠥᠭᠡᠯᠡᠨ ᠲᠠᠪᠠᠭᠳᠤ ᠠᠮᠢᠳᠠᠨ︾ ᠤ ᠡᠮᠤᠨ᠎ᠠ ᠬᠥᠯ ᠤᠨ ᠬᠠᠵᠠᠭᠤ ᠲᠠᠯ᠎ᠠ ᠶᠢᠨ ᠬᠤᠶᠠᠷ ᠬᠤᠷᠤᠭᠤ ᠨᠢ ᠪᠥᠷᠢᠮᠤᠰᠤᠨ | ᠡᠯᠡᠭᠳᠡᠨ ᠣᠰᠠᠳᠴᠣ᠂ ᠠᠭᠠᠵᠢᠮ ᠢᠶᠠᠷ ᠬᠤᠨᠢ ᠲᠠᠢ ᠲᠥᠰᠥᠭᠡᠳᠡᠢ ᠪᠥᠭᠡᠳ ᠬᠤᠨᠢᠨ ᠠᠴᠠ ᠲᠤᠮᠤᠬᠠᠨ ᠪᠡᠶ᠎ᠠ ᠲᠠᠢ᠂ | ᠲᠥᠴᠢᠨ ᠲᠥᠷᠪᠡᠨ ᠰᠢᠳᠤ ᠲᠠᠢ ︽ᠬᠤᠶᠠᠷ ᠬᠤᠷᠤᠭᠤᠳᠤ ᠠᠩᠬᠠᠨ ᠤ ᠲᠡᠮᠡᠭᠡ︾ ᠪᠤᠯᠤᠨ ᠬᠤᠪᠢᠷᠠᠵᠡᠢ᠃ ᠡᠨᠡ | ᠮᠡᠳᠤ ᠪᠠᠷ ᠭᠠᠯᠪᠠ ᠶᠢᠷᠲᠢᠨᠴᠤ ᠶᠢᠨ ᠬᠤᠪᠢᠷᠠᠯᠳᠠ ᠪᠠ ᠪᠠᠶᠢᠭᠠᠯᠢ ᠶᠢᠨ ᠤᠷᠴᠢᠨ ᠲᠤᠭᠤᠷᠢᠨ ᠤ ᠥᠭᠡᠷᠡᠴᠢᠯᠡᠭᠳᠡᠬᠦ ᠶᠢ | ᠲᠠᠭᠠᠯᠳᠤᠨ ᠤᠯᠠᠷᠢᠨ ᠬᠤᠪᠢᠷᠠᠵᠤ᠂ ᠲᠤᠮᠳᠠ ᠰᠢᠨ᠎ᠠ ᠥᠶ᠎ᠠ ᠶᠢᠨ ᠰᠡᠬᠦᠯᠴᠢ ᠶᠢᠨ ᠥᠶ᠎ᠠ ᠪᠤᠯᠬᠤ ᠳᠤ ᠨᠢᠭᠡ ᠪᠥᠯᠥᠭ | ︽ᠬᠤᠶᠠᠷ ᠬᠤᠷᠤᠭᠤᠳᠤ ᠠᠩᠬᠠᠨ ᠤ ᠲᠡᠮᠡᠭᠡ︾ ᠶᠢᠨ ᠪᠡᠶ᠎ᠠ ᠪᠢᠯᠳᠡᠷ ᠨᠢ ᠬᠦᠳᠡᠷᠵᠢᠵᠦ ᠤᠳᠤ ᠶᠢᠨ ᠲᠡᠮᠡᠭᠡ ᠲᠠᠢ | ᠨᠡᠯᠢᠶᠡᠳ ᠲᠥᠰᠥᠭᠡᠳᠡᠢ ᠪᠤᠯᠵᠡᠢ᠃ ᠡᠳᠡᠭᠡᠷ ᠲᠡᠮᠡᠭᠡ ᠨᠢ ᠠᠮᠧᠷᠢᠺᠠ ᠲᠢᠪ ᠪᠠ ᠠᠽᠢᠶ᠎ᠠ ᠲᠢᠪ ᠢ ᠬᠤᠯᠪᠤᠬᠰᠠᠨ ᠪᠧᠷᠢᠩ | ᠬᠤᠭᠤᠯᠠᠢ ᠪᠠᠷ ᠲᠡᠮᠵᠢᠨ ᠠᠽᠢᠶ᠎ᠠ ᠲᠢᠪ ᠲᠤ ᠤᠷᠤᠵᠤ ᠵᠠᠷᠢᠮ ᠨᠢ ᠴᠢᠨᠠᠬᠰᠢᠳᠠ ᠠᠹᠷᠢᠺᠠ ᠲᠢᠪ ᠤᠨ ᠡᠭᠡ ᠭᠠᠵᠠᠷ ᠢᠶᠠᠷ | ᠲᠠᠷᠬᠠᠵᠡᠢ᠃ ᠠᠽᠢᠶ᠎ᠠ ᠲᠢᠪ ᠲᠤ ᠨᠤᠳᠤᠬᠰᠢᠬᠰᠠᠨ ᠨᠢ ᠥᠨᠤᠳᠤᠷ ᠤᠨ ︽ᠬᠤᠤᠰ ᠪᠦᠬᠦᠲᠦ ᠲᠡᠮᠡᠭᠡ︾ ᠪᠤᠯᠵᠤ᠂ | ᠠᠹᠷᠢᠺᠠ ᠲᠢᠪ ᠪᠠ ᠲᠤᠮᠳᠠᠳᠤ ᠲᠤᠷᠤᠨᠠᠳᠤ ᠤᠷᠤᠨ ᠢᠶᠠᠷ ᠨᠤᠳᠤᠬᠰᠢᠬᠰᠠᠨ ᠨᠢ ᠥᠨᠤᠳᠤᠷ ᠤᠨ ︽ᠭᠠᠭᠴᠠ ᠪᠦᠬᠦᠲᠦ | ᠲᠡᠮᠡᠭᠡ︾ ᠪᠤᠯᠤᠨ ᠬᠤᠪᠢᠷᠠᠵᠤ᠂ ᠡᠮᠤᠨᠡᠳᠤ ᠠᠮᠧᠷᠢᠺᠠ ᠲᠢᠪ ᠲᠤ ᠨᠤᠳᠤᠬᠰᠢᠬᠰᠠᠨ ᠨᠢ ᠠᠭᠠᠵᠢᠮ ᠢᠶᠠᠷ ︽ᠠᠩᠬᠠᠨ | ᠴᠠᠬ ᠤᠨ ᠲᠡᠮᠡᠭᠡ︾᠂ ︽ᠮᠤᠷᠢᠨ ᠲᠡᠮᠡᠭᠡ︾᠂ ︽ᠠᠮᠧᠷᠢᠺᠠ ᠲᠡᠮᠡᠭᠡ︾᠂ ︽ᠬᠤᠨᠢᠨ ᠲᠡᠮᠡᠭᠡ︾ ᠮᠡᠳᠤ ᠶᠢᠨ ᠪᠥᠬᠦ | ᠥᠭᠡᠢ ᠲᠡᠮᠡᠭᠡ ᠪᠤᠯᠵᠡᠢ᠃ | ᠡᠷᠲᠡᠨ ᠳᠡᠭᠡᠨ ᠲᠡᠮᠡᠭᠡ ᠭᠡᠳᠡᠭ ᠠᠮᠢᠲᠠᠨ ᠭᠤᠤᠯᠳᠠᠭᠤ ᠭᠠᠨᠭ᠌ ᠬᠠᠭᠤᠷᠠᠢ᠂ ᠡᠯᠡᠰᠣᠷᠬᠡᠭ ᠵᠦᠭᠡᠯᠡᠨ᠂ ᠭᠤᠪᠢ | ᠭᠠᠵᠠᠷ ᠢᠶᠠᠷ ᠲᠠᠷᠬᠠᠵᠤ ᠠᠮᠢᠳᠤᠷᠠᠳᠠᠭ ᠪᠠᠶᠢᠭᠰᠠᠨ ᠪᠣᠯᠬᠤᠷ ᠬᠥᠮᠤᠨ ᠲᠥᠷᠤᠯᠬᠢᠳᠡᠨ ᠡᠨ᠋ᠨ ᠬᠦ ᠤᠷᠴᠢᠨ ᠲᠣᠭᠤᠷᠢᠨ ᠢ | ᠨᠡᠯᠢᠶᠡᠳ ᠤᠷᠤᠢ ᠨᠡᠭᠡᠭᠡᠨ ᠠᠰᠢᠬᠯᠠᠬᠰᠠᠨ ᠠᠴᠠ ᠲᠡᠮᠡᠭᠡ ᠶᠢ ᠭᠡᠷ ᠤᠨ ᠲᠡᠵᠢᠭᠡᠪᠤᠷᠢ ᠪᠤᠯᠭᠠᠨ ᠭᠠᠷᠰᠢᠭᠤᠯᠤᠬᠰᠠᠨ ᠨᠢ | ᠪᠤᠰᠤᠳ ᠲᠥᠷᠤᠯ ᠤᠨ ᠮᠠᠯ ᠠᠴᠠ ᠨᠡᠯᠢᠶᠡᠳ ᠬᠤᠵᠢᠭᠤ ᠪᠣᠯᠣᠭᠰᠠᠨ ᠮᠠᠶ᠋ᠢᠭ ᠲᠠᠢ᠃ ᠲᠡᠤᠭᠡ ᠶᠢᠨ ᠰᠤᠷᠪᠤᠯᠵᠢ ᠪᠢᠴᠢᠭ | ᠂ ᠴᠢᠯᠠᠭᠤᠵᠢᠮᠠᠯ᠂ ᠬᠠᠳᠠᠨ ᠤ ᠵᠢᠷᠤᠬ ᠵᠡᠷᠭᠡ ᠠᠴᠠ ᠥᠵᠡᠪᠡᠯ ᠰᠢᠨ᠎ᠠ ᠴᠢᠯᠠᠭᠤᠨ ᠵᠡᠪᠰᠡᠭ ᠤᠨ ᠰᠡᠬᠦᠯᠴᠢ ᠶᠢᠨ | ᠥᠶ᠎ᠠ ᠠᠴᠠ ᠬᠥᠮᠤᠨ ᠲᠥᠷᠤᠯᠭᠢᠳᠡᠨ ᠰᠠᠶ᠋ᠢ ᠲᠡᠮᠡᠭᠡ ᠶᠢ ᠨᠤᠮᠤᠬᠠᠳᠬᠠᠨ ᠭᠡᠷ ᠤᠨ ᠲᠡᠵᠢᠭᠡᠪᠤᠷᠢ ᠪᠤᠯᠭᠠᠨ | ᠠᠰᠢᠬᠯᠠᠬᠰᠠᠨ ᠪᠤᠯᠤᠯᠲᠠᠢ᠃ ᠡᠲᠦᠭᠡ ᠲᠠᠷᠢᠮ ᠤᠨ ᠬᠤᠳᠤᠭᠤᠷ᠂ ᠴᠠᠶᠢᠳᠠᠮ ᠤᠨ ᠬᠤᠳᠤᠭᠤᠷ᠂ ᠡᠵᠡᠨ᠎ᠠ | ᠬᠤᠰᠢᠭᠤᠨ ᠤ ᠪᠠᠷᠠᠭᠤᠨ ᠭᠤᠪᠢ ᠵᠢᠴᠢ ᠠᠯᠳᠠᠢ ᠠᠭᠤᠯᠠ ᠶᠢᠨ ᠪᠠᠯ ᠲᠠᠠᠭᠤ ᠤᠷᠤᠨ ᠢᠶᠠᠷ ᠪᠠᠰᠠ ᠴᠥᠭᠡᠨ ᠲᠤᠭᠠᠨ ᠤ | ᠬᠠᠪᠲᠠᠭᠠᠢ ︵ᠵᠡᠷᠯᠢᠭ ᠲᠡᠮᠡᠭᠡ︶ ᠤᠷᠤᠰᠢᠵᠤ ᠪᠠᠶᠢᠭ᠎ᠠ ᠨᠢ ᠠᠽᠢᠶ᠎ᠠ ᠲᠢᠪ ᠤᠨ ᠪᠠᠷᠠᠭᠤᠨ ᠬᠤᠶᠢᠳᠤ ᠤᠷᠤᠨ ᠪᠤᠯ | ᠬᠤᠤᠰ ᠪᠦᠬᠦᠲᠦ ᠲᠡᠮᠡᠭᠡᠨ ᠤ ᠡᠬᠦᠰᠥᠭᠰᠡᠨ ᠭᠠᠵᠠᠷ ᠪᠤᠯᠬᠤ ᠪᠥᠭᠡᠳ ᠲᠡᠬᠦᠨ ᠢ ᠨᠤᠮᠤᠬᠠᠳᠬᠠᠨ ᠭᠠᠷᠰᠢᠭᠤᠯᠤᠬᠰᠠᠨ | ᠡᠭᠡ ᠨᠤᠳᠤᠬ ᠮᠥᠨ ᠭᠡᠳᠡᠭ ᠢ ᠭᠡᠷᠡᠴᠢᠯᠡᠵᠤ ᠪᠠᠶᠢᠭ᠎ᠠ ᠶᠤᠮ᠃ | ᠾᠦᠩᠨᠤ ᠶᠢᠨ ᠦᠶ᠎ᠡ᠂ ᠳᠠᠷᠤᠢ ᠨᠡᠶᠢᠲᠡ ᠶᠢᠨ ᠤᠨ ᠲᠤᠭᠠᠯᠠᠯ ᠤᠨ 1 ᠳ᠋ᠦ᠋ᠭᠡᠷ ᠵᠠᠭᠤᠨ ᠤ ᠦᠶ᠎ᠡ ᠳᠤ ᠲᠡᠮᠡᠭᠡ ᠶᠢ | ᠭᠡᠷᠰᠢᠭᠦᠯᠦᠨ ᠠᠷᠠᠴᠢᠯᠠᠵᠤ᠂ ᠠᠴᠢᠯᠭ᠎ᠠ ᠬᠦᠯᠪᠦᠷᠢ ᠳᠡᠭᠡᠨ ᠠᠰᠢᠭᠯᠠᠵᠤ ᠪᠠᠶᠢᠭᠰᠠᠨ ᠪᠠᠶᠢᠵᠡᠢ᠃ ︽ᠮᠤᠩᠭᠤᠯ ᠤᠨ | ᠨᠢᠭᠤᠴᠠ ᠲᠤᠪᠴᠢᠶᠠᠨ︾ ᠳᠠᠬᠢ ︽᠁ ᠬᠠᠴᠠᠷ ᠰᠠᠶᠢᠳᠤ ᠥᠬᠢᠳ ᠢᠶᠠᠨ ᠬᠠᠰᠠᠬ ᠲᠡᠷᠭᠡᠨ ᠳᠤ ᠰᠠᠭᠤᠯᠭᠠᠵᠤ | ᠬᠠᠷ᠎ᠠ ᠪᠤᠤᠷ᠎ᠠ ᠬᠥᠯᠯᠠᠵᠤ ᠁︾᠂ ︽᠁ ᠦᠭᠡᠯᠦᠨ ᠡᠭᠡ ᠰᠡᠤᠭᠡ ᠲᠡᠷᠭᠡᠨ ᠳᠤ ᠴᠠᠭᠠᠨ ᠲᠡᠮᠡᠭᠡ | ᠬᠥᠯᠯᠡᠭᠡᠳ ᠰᠥᠨᠢ ᠲᠤᠷᠰᠢ ᠶᠠᠪᠤᠵᠤ ᠨᠠᠷᠠᠨ ᠤᠷᠭᠤᠬᠤ ᠥᠶ᠎ᠠ ᠳᠤ ᠬᠥᠷᠴᠤ ᠢᠷᠠᠵᠤ ᠁︾᠂ ᠥᠯᠤᠰᠴᠤ | ᠶᠠᠳᠠᠷᠠᠭᠠᠳ ᠲᠡᠮᠡᠭᠡᠨ ᠴᠢᠰᠤ ᠶᠢ ᠬᠠᠨᠠᠵᠤ ᠤᠤᠭᠤᠵᠤ ᠪᠠᠶᠢᠬᠰᠠᠨ ᠵᠡᠷᠭᠡ ᠲᠡᠮᠳᠡᠭᠯᠡᠯ᠂ ︽ᠮᠠᠷᠺᠦ ᠫᠣᠯᠣ ᠶᠢᠨ | ᠵᠢᠭᠤᠯᠴᠢᠯᠠᠯ ᠤᠨ ᠲᠡᠮᠳᠡᠭᠯᠡᠯ︾ ᠳᠠᠬᠢ ︽ᠮᠤᠩᠭᠤᠯᠴᠤᠳ ᠤᠨ ᠮᠠᠯ ᠰᠥᠷᠥᠭ ᠨᠢ ᠲᠡᠮᠡᠭᠡ᠂ ᠥᠭᠡᠷ᠂ ᠬᠤᠨᠢ᠂ | ᠠᠳᠤᠭᠤᠨ ᠠᠴᠠ ᠪᠥᠷᠢᠳᠤᠮᠤᠢ︾ ᠭᠡᠰᠡᠨ ᠲᠡᠮᠳᠡᠭᠯᠡᠯ᠂ ︽ᠮᠤᠩᠭᠤᠯ ᠤᠨ ᠵᠠᠩ ᠰᠤᠷᠳᠠᠬᠤᠨ ᠤ ᠲᠡᠮᠳᠡᠭᠯᠡᠯ︾ ᠳᠠᠬᠢ | ︽ᠲᠡᠮᠡᠭᠡ ᠪᠤᠯ ᠠᠶᠠᠨ ᠵᠢᠩ ᠳᠤ ᠰᠠᠶᠢᠨ ᠪᠥᠭᠡᠳ ᠬᠥᠨᠳᠤ ᠠᠴᠢᠶᠠᠨ ᠳᠤ ᠲᠠᠭᠠᠭᠠᠴᠠᠳᠠᠢ ᠪᠤᠯᠬᠤᠷ ᠮᠤᠩᠭᠤᠯᠴᠤᠳ | ᠲᠡᠮᠡᠭᠡ ᠶᠢ ᠡᠷᠬᠢᠮ ᠪᠤᠯᠭᠠᠮᠤᠢ︾ ᠭᠡᠰᠡᠨ ᠲᠡᠮᠳᠡᠭᠯᠡᠯ ᠵᠡᠷᠭᠡ ᠠᠴᠠ ᠥᠵᠡᠬᠦ ᠳᠤ ᠮᠤᠩᠭᠤᠯᠴᠤᠳ ᠨᠠᠭᠠᠳᠤ ᠵᠠᠬ᠎ᠠ ᠳᠠᠭᠠᠨ | ᠤᠳᠤ ᠠᠴᠠ ᠮᠢᠩᠭᠠᠭᠠᠳ ᠵᠢᠯ ᠤᠨ ᠡᠮᠤᠨ᠎ᠠ ᠠᠴᠠ ᠬᠠᠪᠲᠠᠭᠠᠢ ᠶᠢ ᠨᠤᠮᠤᠬᠠᠳᠬᠠᠨ ᠭᠠᠷᠰᠢᠭᠤᠯᠵᠤ᠂ 11 ᠳ᠋ᠦ᠋ᠭᠡᠷ | ᠵᠠᠭᠤᠨ ᠤ ᠥᠶ᠎ᠠ ᠠᠴᠠ ᠦᠷᠭᠡᠨ ᠭᠡᠪᠴᠢᠶ᠎ᠠ ᠪᠠᠷ ᠠᠷᠠᠴᠢᠯᠠᠨ ᠮᠠᠯᠵᠢᠵᠤ ᠪᠠᠶᠢᠬᠰᠠᠨ ᠭᠡᠳᠡᠭ ᠢ ᠮᠡᠳᠡᠵᠤ ᠪᠤᠯᠬᠤ ᠶᠤᠮ᠃ | ᠬᠤᠤᠰ ᠪᠦᠬᠦᠲᠦ ᠲᠡᠮᠡᠭᠡᠨ ᠤ ᠡᠬᠦᠯᠳᠡᠷ ᠢ ᠶᠡᠷᠦᠩᠬᠡᠢ ᠳᠤᠨᠢ ᠮᠤᠩᠭᠤᠯ ᠲᠡᠮᠡᠭᠡ ᠬᠡᠮᠡᠨ ᠨᠡᠷᠡᠯᠡᠵᠦ ᠠᠯᠠᠱᠠ ᠲᠡᠮᠡᠭᠡ | ᠂ ᠰᠥᠨᠢᠳ ᠲᠡᠮᠡᠭᠡ᠂ ᠰᠢᠨᠵᠢᠶᠠᠩ ᠲᠡᠮᠡᠭᠡ᠂ ᠬᠠᠯᠬ᠎ᠠ ᠲᠡᠮᠡᠭᠡ ᠬᠢᠭᠡᠳ ᠠᠰᠳ᠋ᠷᠬᠠᠨ ᠲᠡᠮᠡᠭᠡ᠂ ᠺᠠᠽᠠᠭ ᠲᠡᠮᠡᠭᠡ ᠭᠡᠵᠤ | ᠬᠤᠪᠢᠶᠠᠳᠠᠬ᠃ ᠡᠭᠦᠨ ᠤ ᠳᠣᠲᠣᠷ᠎ᠠ ᠪᠠᠨ ᠠᠯᠠᠱᠠ ᠲᠡᠮᠡᠭᠡ ᠨᠢ ᠥᠪᠤᠷ ᠮᠤᠩᠭᠤᠯ ᠤᠨ ᠠᠯᠠᠱᠠ᠂ ᠤᠷᠠᠳ ᠪᠤᠯᠤᠨ | ᠤᠷᠳᠤᠰ ᠢᠶᠠᠷ ᠲᠠᠷᠬᠠᠵᠤ ᠪᠠᠶᠢᠳᠠᠬ᠃ ᠠᠯᠠᠱᠠ ᠲᠡᠮᠡᠭᠡ ᠤᠳᠤ 32 ᠲᠦᠮᠡ ᠪᠠᠶᠢᠬᠤ ᠪᠦᠭᠡᠳ ᠦᠪᠦᠷ ᠮᠤᠩᠭᠤᠯ ᠤᠨ | ᠪᠦᠬᠦ ᠲᠡᠮᠡᠭᠡᠨ ᠤ ᠬᠠᠭᠠᠰ ᠲᠤᠭ᠎ᠠ ᠶᠢ ᠡᠵᠡᠯᠡᠳᠡᠭ᠃ ᠠᠯᠠᠱᠠ ᠨᠤᠲᠤᠭ ᠲᠡᠦᠬᠡᠨ ᠠᠴᠠ ᠲᠡᠮᠡᠭᠡ ᠠᠷᠪᠢᠨ ᠲᠠᠢ | ᠪᠠᠶᠢᠭᠰᠠᠨ ᠢᠶᠠᠷ ᠢᠶᠠᠨ ︽ᠲᠡᠮᠡᠭᠡᠲᠦ ᠨᠤᠲᠤᠭ︾ ᠬᠡᠮᠡᠨ ᠠᠯᠳᠠᠷᠰᠢᠭᠰᠠᠭᠠᠷ ᠢᠷᠡᠭᠰᠡᠨ ᠪᠤᠯᠪᠠᠴᠤ ᠤᠯᠠᠨ ᠵᠢᠯ ᠤᠨ ᠭᠠᠩ | ᠬᠠᠭᠰᠠᠷᠭᠠᠨ᠂ ᠲᠠᠲᠠᠪᠤᠷᠢ ᠲᠡᠰᠭᠡᠯ᠂ ᠲᠡᠭᠡᠷᠡᠮᠳᠡᠯᠭᠡ ᠬᠦᠨᠦᠭᠡᠯ ᠵᠡᠷᠭᠡ ᠤᠯᠠᠨ ᠲᠠᠯ᠎ᠠ ᠶᠢᠨ ᠰᠢᠯᠲᠠᠭᠠᠨ ᠠᠴᠠ ᠪᠤᠯᠵᠤ | ᠲᠤᠭ᠎ᠠ ᠲᠤᠯᠤᠭᠠᠢ ᠤᠨ ᠨᠡᠮᠡᠭᠳᠡᠯ ᠬᠠᠰᠤᠭᠳᠠᠯ ᠶᠡᠭᠡ ᠬᠡᠮᠵᠢᠶ᠎ᠡ ᠪᠠᠷ ᠬᠤᠪᠢᠷᠠᠭᠰᠠᠭᠠᠷ ᠢᠷᠡᠭᠰᠡᠨ ᠲᠡᠤᠬᠡ ᠲᠠᠢ᠃ ᠲᠡᠭᠷᠢ | ᠲᠡᠳᠭᠦᠭᠴᠢ ᠶᠢᠨ ᠬᠤᠷᠢᠨ ᠳᠤᠯᠤᠭᠠᠨ ᠤᠨ ︵1762 ᠣᠨ︶ ᠳᠤ ᠠᠯᠠᠱᠠ ᠬᠤᠱᠤᠳ ᠬᠤᠰᠢᠭᠤᠨ ᠤ ᠲᠡᠮᠡᠭᠡ | 40 ᠲᠦᠮᠡ ᠬᠦᠷᠴᠦ ᠪᠠᠶᠢᠯ᠎ᠠ ᠭᠡᠰᠡᠨ ᠪᠠᠷᠢᠮᠲᠠ ᠪᠠᠶᠢᠬᠤ ᠪᠦᠭᠡᠳ ᠡᠨ᠋ᠨ ᠨᠢ ᠠᠯᠠᠱᠠ ᠲᠡᠮᠡᠭᠡᠨ ᠤ ᠦᠰᠦᠯᠲᠡ ᠶᠢᠨ | ᠤᠷᠭᠢᠯ ᠦᠶ᠎ᠡ ᠪᠠᠶᠢᠵᠠᠢ᠃ ᠠᠯᠠᠱᠠ ᠲᠡᠮᠡᠭᠡ ᠰᠢᠨ᠎ᠡ ᠳᠤᠮᠳᠠᠳᠤ ᠤᠯᠤᠰ ᠪᠠᠶᠢᠭᠤᠯᠤᠭᠳᠠᠬᠤ ᠦᠶ᠎ᠡ ᠳᠤ᠂ 4.5 | ᠲᠦᠮᠡ ᠪᠠᠶᠢᠭᠰᠠᠨ ᠪᠤᠯ 1982 ᠤᠨ ᠪᠤᠯᠬᠤ ᠳᠤ 25 ᠲᠦᠮᠡ ᠪᠤᠯᠵᠤ᠂ 2002 ᠤᠨ ᠳᠤ ᠪᠠᠭᠤᠷᠠᠭᠠᠳ 6 | ᠲᠦᠮᠡ ᠪᠣᠯᠤᠭᠰᠠᠨ ᠪᠠᠶᠢᠨ᠎ᠠ᠃ | ᠠᠯᠠᠱᠠ ᠲᠡᠮᠡᠭᠡᠨ ᠤ ᠲᠤᠯᠤᠭᠠᠢ ᠶᠢᠨ ᠶᠡᠭᠡ ᠪᠠᠭ᠎ᠠ ᠨᠢ ᠵᠤᠬᠢᠮᠵᠢᠳᠠᠢ᠂ ᠬᠠᠮᠠᠷ ᠮᠤᠩᠬᠤᠷ᠂ ᠨᠢᠳᠤᠨ ᠤ ᠤᠬᠤᠷᠬᠠᠢ | ᠲᠥᠪᠤᠭᠡᠷ᠂ ᠬᠥᠵᠤᠬᠦᠤ ᠤᠷᠳᠤ᠂ ᠰᠠᠭᠡᠷ ᠲᠤᠤᠷ᠎ᠠ᠂ ᠲᠠᠯᠤ ᠤᠷᠳᠤ᠂ ᠴᠡᠭᠡᠵᠢ ᠥᠷᠭᠡᠨ᠂ ᠭᠡᠨᠭᠬᠦᠳᠡᠭ ᠠᠭᠤᠵᠢᠭᠤ᠂ | ᠵᠤ ᠨᠢᠷᠤᠭᠤ ᠪᠤᠯᠴᠢᠷᠬᠠᠬ᠂ ᠪᠥᠬᠦ ᠶᠢᠨ ᠬᠤᠭᠤᠷᠤᠨᠳᠤᠬᠢ ᠵᠠᠢ ᠨᠢ ᠲᠤᠬᠢᠷᠠᠮᠵᠢᠳᠠᠢ᠂ ᠲᠠᠰᠢᠶ᠎ᠠ ᠤᠬᠤᠷ᠂ ᠬᠡᠪᠡᠯᠢ ᠨᠢ | ᠪᠥᠳᠥᠭᠦᠨ᠂ ᠳᠥᠷᠪᠡᠨ ᠮᠥᠴᠢ ᠨᠡᠷᠢᠬᠠᠨ ᠥᠨᠳᠣᠷ ᠪᠥᠭᠡᠳ ᠥᠶ᠎ᠠ ᠭᠡᠰᠢᠬᠦᠤ ᠨᠢ ᠬᠥᠭᠵᠢᠬᠦᠨ᠂ ᠪᠤᠯᠴᠢᠩ | ᠰᠢᠷᠪᠤᠰᠤ ᠨᠢ ᠲᠤᠷᠨᠢᠭᠤᠨ ᠡᠷᠴᠢᠮᠯᠢᠭ᠂ ᠪᠡᠶ᠎ᠠ ᠴᠤᠬᠴᠠ ᠨᠢ ᠬᠥᠳᠡᠷ ᠪᠥᠳᠤᠬᠦᠨ ᠪᠠᠶᠢᠳᠠᠬ᠃ ᠠᠯᠠᠱᠠ ᠲᠡᠮᠡᠭᠡᠨ ᠤ | ᠵᠢᠰᠤᠮ ᠨᠢ ᠭᠤᠤᠯᠳᠠᠭᠤ ᠡᠯᠡᠰᠦᠨ ᠤ ᠪᠠ ᠭᠤᠪᠢ ᠶᠢᠨ ᠭᠡᠬᠦ ᠬᠤᠶᠠᠷ ᠲᠦᠷᠦᠯ ᠤᠨ ᠪᠡᠯᠴᠢᠭᠡᠷ ᠲᠤ ᠬᠤᠪᠢᠶᠠᠭᠳᠠᠵᠤ᠂ | ᠡᠯᠡᠰᠦᠨ ᠤ ᠲᠡᠮᠡᠭᠡ ᠨᠢ ᠨᠤᠤᠰᠤ ᠨᠠᠷᠢᠨ᠂ ᠰᠤᠷ ᠵᠦᠭᠡᠯᠡᠨ᠂ ᠬᠥᠢᠯᠡᠰᠤᠨ ᠰᠢᠷ᠎ᠠ ᠵᠢᠰᠦᠮ ᠢᠶᠠᠷ ᠭᠤᠤᠯᠯᠠᠵᠤ᠂ | ᠭᠤᠪᠢ ᠶᠢᠨ ᠲᠡᠮᠡᠭᠡ ᠨᠢ ᠨᠤᠤᠰᠤ ᠵᠤᠵᠠᠭᠠᠨ᠂ ᠰᠤᠷ ᠤᠷᠲᠤ ᠰᠢᠷᠦᠭᠦᠨ᠂ ᠤᠯᠠᠭᠠᠨ᠂ ᠤᠯᠠᠪᠤᠷ ᠬᠥᠷᠠᠩ᠂ ᠪᠤᠷᠤ | ᠵᠡᠷᠭᠡ ᠵᠢᠰᠦᠮ ᠢᠶᠠᠷ ᠭᠤᠤᠯᠯᠠᠳᠠᠭ᠃ ᠠᠯᠠᠱᠠ ᠲᠡᠮᠡᠭᠡᠨ ᠤ ᠵᠢᠯ ᠤᠨ ᠨᠤᠤᠰᠤᠨ ᠤ ᠭᠠᠷᠤᠯᠳᠠ ᠨᠢ ᠲᠤᠮᠳᠠᠴᠢ ᠪᠠᠷ 4.5 | ᠺᠢᠯᠣᠭ᠍ᠷᠠᠮ ᠳᠤ ᠬᠥᠷᠴᠤ᠂ ᠬᠠᠮᠤᠬ ᠶᠡᠭᠡ ᠨᠣᠣᠰᠣ ᠲᠠᠢ ᠲᠡᠮᠡᠭᠡ ᠠᠴᠠ 13 ᠺᠢᠯᠣᠭ᠍ᠷᠠᠮ ᠨᠣᠣᠰᠣ ᠠᠪᠳᠠᠭ᠃ |