ᠪᠦᠬᠡ ᠱᠠᠯᠪᠢᠩ ︵ᠠᠷᠪᠠᠨ ᠳᠠᠪᠤ︶
ᠨᠡᠶᠢᠲᠡᠯᠡᠭᠰᠡᠨ ᠴᠠᠭ᠄
2023/7/6
   ᠠᠷᠪᠡᠨ ᠲᠠᠪᠤ   ᠠᠪᠤᠤ ᠨᠤᠶᠡᠨ ᠲᠡᠭᠡᠷᠡᠮᠴᠢᠨ ᠳᠤ ᠲᠠᠭᠠᠷᠠᠯᠳᠤᠵᠤ ᠪᠦᠬᠡ ᠱᠠᠯᠪᠢᠩ ᠠᠪᠤᠷᠡᠵᠤ ᠭᠠᠷᠭᠠᠭᠰᠠᠨ    ᠨᠢᠭᠡ ᠤᠳᠠᠭ᠎ᠠ᠂ ᠠᠪᠤᠤ ᠨᠤᠶᠡᠨ ᠠᠯᠪᠡᠨ ᠤᠴᠢᠷ ᠪᠤᠯᠤᠨ ᠮᠦᠷᠭᠦᠯ ᠢᠶᠠᠷ ᠬᠦᠬᠡᠨᠠᠭᠤᠷ ᠤᠨ ᠭᠦᠮᠪᠤᠮ ᠬᠡᠶᠢᠳ ᠢᠶᠠᠷ ᠶᠠᠪᠤᠬᠤ ᠪᠤᠯᠵᠠᠢ᠃ ᠠᠪᠤᠤ ᠨᠤᠶᠡᠨ ᠠᠴᠠ ᠬᠦᠪᠡᠭᠦᠨ ᠯᠤᠪᠰᠠᠩᠳᠤᠷᠵᠢ ᠳᠤ ᠬᠡᠯᠡᠵᠡᠢ᠄ ︽ᠪᠢᠳᠠ ᠶᠠᠪᠤᠬᠤ ᠳᠠᠭᠠᠨ ᠠᠴᠢᠶ᠎ᠡ ᠬᠦᠰᠭᠡ᠂ ᠮᠦᠩᠭᠦ ᠵᠤᠭᠤᠰ ᠴᠦ ᠪᠠᠭ᠎ᠠ ᠪᠤᠰᠤ ᠠᠪᠴᠦ ᠶᠠᠪᠤᠬᠤ ᠶᠤᠮ᠂ ᠪᠢᠳᠡ ᠭᠡᠳᠦᠭᠦᠯᠨ ᠠᠮᠤᠷ ᠲᠦᠪᠰᠢᠨ ᠶᠠᠪᠤᠬᠤ ᠶᠢ ᠠᠩᠬᠠᠷᠬᠤ ᠭᠡᠷᠡᠭᠳᠡᠢ᠃ ᠵᠠᠮ ᠳᠤ ᠬᠤᠯᠠᠭᠠᠢ ᠲᠡᠭᠡᠷᠡᠮ ᠪᠠᠶᠢᠵᠦ ᠮᠡᠳᠡᠨ᠎ᠡ᠂ ᠪᠡᠯᠡᠳᠭᠡᠯ ᠰᠠᠷᠡᠮᠵᠢ ᠲᠠᠢ ᠪᠠᠶᠢᠬᠤ ᠬᠡᠷᠡᠭᠳᠡᠢ᠂ ᠶᠠᠭᠠᠬᠢᠪᠡᠯ ᠲᠡᠭᠡᠷ᠎ᠡ ᠪᠤᠢ︾ ᠭᠡᠰᠡᠨ ᠳᠤ ᠯᠤᠪᠰᠠᠩᠳᠤᠷᠵᠢ ᠠᠴᠠ᠄ ︽ᠨᠤᠶᠡᠨ ᠠᠪᠤ ᠶᠢᠨ ᠬᠡᠯᠡᠵᠦ ᠪᠠᠶᠢᠬᠤ ᠶᠡᠭᠡ ᠵᠦᠪ ᠪᠠᠶᠢᠨ᠎ᠠ᠂ ᠬᠡᠷᠪᠡ ᠬᠤᠯᠠᠭᠠᠢ ᠲᠡᠭᠡᠷᠡᠮ ᠳᠤ ᠲᠠᠭᠠᠷᠡᠯᠳᠤᠳᠠᠭ ᠪᠣᠯ ᠪᠢᠳᠠ ᠶᠠᠭᠤᠮ᠎ᠠ ᠪᠠᠨ ᠠᠯᠳᠠᠬᠤ ᠪᠠᠷ ᠪᠠᠷᠠᠬᠤ ᠦᠭᠡᠢ᠂ ᠪᠢᠳᠡᠨ ᠤ ᠠᠮᠢ ᠴᠤ ᠦᠷᠡᠭᠳᠡᠬᠦ ᠪᠤᠯᠤᠨ᠎ᠠ ᠰᠢᠦ︕ ᠮᠢᠨᠦ ᠦᠵᠡᠬᠦ ᠪᠠᠷ ᠪᠦᠬᠡ ᠱᠠᠯᠪᠢᠩ ᠭᠡᠵᠦ ᠡᠷ᠎ᠡ ᠴᠢᠳᠠᠯ ᠲᠠᠢ᠂ ᠵᠣᠷᠢᠭ ᠶᠡᠭᠡ ᠲᠠᠢ᠂ ᠰᠦᠷ ᠬᠦᠴᠦᠨ ᠲᠠᠢ ᠬᠦᠮᠦᠨ ᠪᠠᠶᠢᠬᠤ ᠶᠤᠮ᠂ ᠪᠢᠳᠠ ᠲᠡᠭᠦᠨ ᠢ ᠲᠠᠭᠠᠭᠤᠯᠤᠭᠠᠳ ᠶᠠᠪᠤᠪᠠᠯ ᠠᠮᠤᠷ ᠲᠦᠪᠰᠢᠨ ᠪᠠᠶᠢᠵᠦ ᠮᠡᠳᠡᠨ᠎ᠡ᠂ ᠦᠭᠡᠢ ᠪᠣᠯ ᠪᠢᠳᠡᠨ ᠳᠤ ᠶᠠᠮᠠᠷ ᠠᠷᠭ᠎ᠠ ᠪᠠᠷᠢᠯ ᠪᠠᠶᠢᠬᠤ ᠪᠤᠢ︾ ᠭᠡᠵᠡᠢ᠃ ᠨᠤᠶᠡᠨ ᠬᠦᠪᠡᠭᠦᠨ ᠤ ᠪᠠᠨ ᠦᠭᠡ ᠶᠢ ᠰᠤᠨᠤᠰᠤᠭᠠᠳ ᠬᠡᠯᠡᠭᠰᠡᠨ ᠦᠭᠡ ᠨᠢ ᠵᠦᠪ ᠪᠠᠶᠢᠨ᠎ᠠ ᠭᠡᠵᠦ ᠪᠤᠳᠤᠭᠠᠳ ᠱᠠᠯᠪᠢᠩ ᠢ ᠲᠠᠭᠤᠳᠠᠵᠤ ᠢᠷᠡᠭᠡᠳ ᠬᠤᠶᠠᠭ ᠢᠶᠠᠷ ᠶᠠᠪᠤᠭᠤᠯᠤᠶ᠎ᠠ ᠭᠡᠵᠡᠢ᠃    ᠢᠩᠬᠢᠭᠡᠳ ᠲᠠᠭᠠᠭᠤᠯᠤᠨ ᠶᠠᠪᠤᠬᠤ ᠪᠠᠷ ᠪᠡᠯᠡᠳᠭᠡᠭᠰᠡᠨ ᠲᠦᠰᠢᠮᠡᠯ᠂ ᠭᠤᠴᠢᠭ᠎ᠠ᠂ ᠬᠤᠶᠠᠭ ᠨᠠᠷ ᠤᠳ ᠴᠦ ᠶᠡᠭᠡᠯ᠎ᠡ ᠪᠠᠶᠠᠷᠯᠠᠵᠤ᠂ ᠭᠡᠷᠪᠡ ᠱᠠᠯᠪᠢᠩ ᠢ ᠡᠰᠡ ᠠᠪᠴᠦ ᠶᠠᠪᠤᠪᠠᠰᠦ ᠵᠠᠮ ᠵᠠᠭᠤᠷ᠎ᠡ ᠦᠨᠡᠭᠡᠷ ᠬᠤᠯᠠᠭᠠᠢ ᠲᠡᠭᠡᠷᠡᠮ ᠲᠠᠭᠠᠷᠠᠯᠳᠤᠳᠠᠭ ᠪᠣᠯ ᠮᠠᠨ ᠪᠢᠳᠡᠨ ᠳᠤ ᠶᠠᠮᠡᠷ ᠠᠷᠭ᠎ᠠ ᠪᠠᠶᠢᠬᠤ ᠪᠤᠢ᠂ ᠨᠤᠶᠡᠨ ᠢ ᠬᠠᠮᠠᠭᠠᠯᠠᠬᠤ ᠶᠢ ᠪᠢᠳᠡᠭᠡᠢ ᠭᠡᠯᠨ᠂ ᠪᠡᠶ᠎ᠡ ᠪᠠᠨ ᠴᠦ ᠬᠠᠮᠠᠭᠠᠯᠠᠵᠤ ᠴᠢᠳᠠᠬᠤ ᠦᠭᠡᠢ ᠰᠢᠦ ᠭᠡᠵᠡᠭᠡᠵᠡᠢ᠃ ᠲᠡᠭᠡᠭᠡᠳ ᠵᠠᠰᠠᠭ ᠶᠠᠮᠤᠨ ᠠᠴᠠ ᠸᠠᠩ ᠨᠤᠶᠡᠨ ᠤ ᠪᠠᠶᠢᠷᠢᠯᠠᠭᠤᠯᠤᠭᠰᠠᠨ ᠶᠤᠰᠤᠭᠠᠷ ᠱᠠᠯᠪᠢᠩ ᠢ ᠲᠠᠭᠤᠳᠡᠨ ᠢᠷᠡᠭᠦᠯᠵᠦ ᠭᠡᠨ᠎ᠡ᠃    ᠱᠠᠯᠪᠢᠩ ᠨᠤᠶᠡᠨ ᠤ ᠵᠠᠬᠢᠶ᠎ᠡ ᠶᠢ ᠭᠦᠯᠢᠶᠡᠵᠦ ᠠᠪᠤᠭᠠᠳ᠄ ︽ᠨᠤᠶᠡᠨ ᠤ ᠵᠠᠬᠢᠶ᠎ᠡ ᠪᠠᠶᠢᠨ᠎ᠠ᠂ ᠶᠠᠪᠤᠬᠤ ᠠᠴᠠ ᠪᠢᠰᠢ᠃ ᠬᠤᠯᠠᠭᠠᠢ ᠲᠡᠭᠡᠷᠡᠮ ᠳᠤ ᠲᠠᠭᠠᠷᠠᠯᠳᠤᠨ᠎ᠠ ᠭᠡᠭᠴᠢ ᠡᠳᠤᠷ ᠤᠨ ᠣᠳᠣ᠂ ᠡᠪᠦᠯ ᠤᠨ ᠴᠡᠴᠡᠭ ᠮᠡᠲᠦ︾ ᠭᠡᠳ ᠠᠪᠤᠤ ᠨᠤᠶᠡᠨ ᠢ ᠲᠠᠭᠠᠭᠠᠳ ᠬᠠᠮᠳᠤ ᠪᠠᠷ ᠶᠠᠪᠤᠵᠤ ᠭᠡᠨ᠎ᠡ᠃ ᠶᠠᠪᠤᠭᠰᠠᠭᠠᠷ ᠪᠠᠶᠢᠭᠠᠳ ᠬᠢᠲᠡᠳ ᠤᠨ ᠭᠠᠵᠠᠷ ᠭᠦᠷᠭᠦᠨ᠎ᠡ ᠭᠡᠨᠡᠳᠳᠠ ᠨᠢᠭᠡ ᠪᠢᠴᠢᠬᠠᠨ ᠠᠭᠤᠯᠠ ᠶᠢᠨ ᠡᠩᠭᠡᠷ ᠠᠴᠠ ᠪᠦᠳᠦᠭᠦᠨ ᠮᠤᠳᠤ ᠪᠠᠷᠢᠭᠰᠠᠨ ᠲᠦᠷᠪᠡᠨ ᠲᠡᠭᠡᠷᠡᠮᠴᠢ ᠪᠦᠬᠦ᠋ᠢᠨ ᠰᠦᠬᠦ᠋ᠢᠨ᠂ ᠰᠠᠨᠳᠤᠷᠤᠤ ᠮᠠᠠᠳᠤᠷᠤᠤ ᠭᠠᠷᠴᠦ ᠢᠷᠡᠭᠡᠳ ᠡᠮᠦᠨ᠎ᠡ ᠵᠡᠮ ᠢ ᠪᠦᠭᠯᠡᠵᠦ᠂ ᠲᠡᠳᠡᠨ ᠢ ᠲᠡᠮᠡᠭᠡᠨ ᠠᠴᠠ ᠪᠠᠭᠤᠵᠠᠭ᠎ᠠ ᠭᠡᠵᠦ ᠰᠦᠷ ᠭᠦᠴᠦᠨ ᠲᠠᠢ ᠬᠠᠰᠬᠢᠷᠤᠯᠳᠤᠨ ᠪᠠᠶᠢᠬᠤ ᠶᠢᠨ ᠵᠠᠭᠤᠷ᠎ᠡ ᠶᠠᠭᠤ ᠬᠠᠢ ᠦᠭᠡᠢ ᠪᠠᠷ ᠱᠠᠯᠪᠢᠩ ᠲᠡᠮᠡᠭᠡᠨ ᠠᠴᠠ ᠦᠰᠦᠷᠦᠨ ᠪᠠᠭᠤᠵᠤ᠄ ︽ᠲᠠᠨᠤᠰ ᠵᠤᠭᠰᠤᠴᠠᠭ᠎ᠠ︾ ᠭᠡᠵᠦ ᠶᠡᠭᠡ ᠲᠠᠭᠤᠨ ᠢᠶᠠᠷ ᠬᠠᠰᠬᠢᠷᠤᠨ ᠬᠠᠨᠴᠤᠢ ᠪᠠᠨ ᠰᠢᠮᠠᠯᠤᠨ ᠲᠡᠭᠡᠷᠡᠮ ᠤᠨ ᠦᠭᠡᠳᠠ ᠠᠴᠠ ᠲᠡᠪᠬᠢᠨ ᠭᠦᠷᠴᠦ ᠬᠦᠶᠦᠭᠰᠡᠨ ᠭᠦᠴᠦᠨ  ᠢᠶᠠᠷ   ᠢᠶᠠᠨ ᠨᠢᠳᠤᠷᠭ᠎ᠠ  ᠪᠠᠷ  ᠢᠶᠠᠨ ᠨᠢᠭᠡ ᠨᠢᠭᠡ ᠨᠢᠳᠤᠷᠭᠠᠳᠠᠭᠰᠠᠨ ᠳᠤ ᠲᠡᠷᠡ ᠭᠡᠳᠦᠨ ᠲᠡᠭᠡᠷᠡᠮ ᠤᠳ ᠰᠤᠪᠤᠷᠠᠯᠳᠤᠨ ᠤᠨᠠᠵᠠᠭᠠᠵᠤ ᠱᠠᠯᠪᠢᠩ  ᠠᠴᠠ ᠠᠶᠤᠨ ᠤᠬᠠᠭ᠎ᠠ ᠮᠡᠳᠡᠭᠡ ᠦᠭᠡᠢ ᠲᠤᠳᠠᠭᠠᠨ ᠶᠠᠪᠤᠵᠠᠭᠠᠵᠡᠢ᠃    ᠲᠡᠭᠡᠭᠡᠳ ᠪᠦᠬᠡ ᠱᠠᠯᠪᠢᠩ ᠰᠦᠷ ᠬᠦᠴᠦᠨ ᠡᠷ᠎ᠡ ᠴᠢᠳᠠᠯ ᠢᠶᠠᠷ ᠨᠤᠶᠡᠨ ᠢᠶᠠᠨ ᠬᠠᠮᠠᠭᠠᠯᠠᠨ ᠠᠪᠤᠷᠡᠵᠤ᠂ ᠠᠶᠤᠯ ᠲᠦᠭᠰᠢᠭᠦᠷᠢ ᠦᠭᠡᠢ᠂ ᠲᠡᠭᠡᠷᠡᠮ ᠤᠨ ᠬᠤᠬᠢᠷᠠᠯ ᠳᠤ ᠤᠴᠠᠷᠠᠭᠤᠯᠤᠭᠰᠠᠨ ᠦᠭᠡᠢ ᠡᠩᠭᠡ ᠠᠮᠤᠭᠤᠯᠠᠩ ᠶᠠᠪᠤᠭᠠᠳ ᠭᠦᠮᠪᠦᠮ ᠭᠡᠶᠢᠳ ᠲᠤ ᠭᠦᠷᠴᠦ ᠭᠡᠨ᠎ᠡ᠃ ︵ᠦᠷᠬᠦᠯᠵᠢᠯᠡᠯ ᠪᠣᠢ︶
 
ᠢᠷᠡᠯᠲᠡ᠄ ᠠᠯᠠᠱᠠ ᠪᠦᠬᠡ ᠱᠠᠯᠪᠢᠩ ᠤᠨ ᠳᠣᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号