ᠪᠦᠬᠡ ᠱᠠᠯᠪᠢᠩ ︵ᠠᠷᠪᠠᠨ ᠳᠦᠷᠪᠡ︶
ᠨᠡᠶᠢᠲᠡᠯᠡᠭᠰᠡᠨ ᠴᠠᠭ᠄
2023/7/5
   ᠠᠷᠪᠡᠨ ᠳᠦᠷᠪᠡ ᠪᠦᠬᠡ ᠱᠠᠯᠪᠢᠩ ᠡᠵᠢ ᠪᠤᠯᠤᠨ ᠴᠡᠭᠡᠵᠢᠨ ᠭᠡᠷ ᠢᠶᠠᠨ ᠡᠭᠦᠷᠴᠦ ᠲᠡᠭᠷᠢ ᠡᠯᠡᠰᠦ ᠶᠢ ᠲᠤᠭᠤᠯᠤᠭᠰᠠᠨ      ᠨᠢᠭᠡᠨ ᠡᠳᠦᠷ᠂ ᠱᠠᠯᠪᠢᠩ ᠡᠪᠡᠰᠦ ᠨᠣᠭᠤᠭ᠎ᠠ ᠪᠠᠷ ᠰᠡᠷᠭᠡᠭ᠂ ᠦᠩ ᠰᠢᠮᠡᠯᠢᠭ ᠪᠡᠯᠴᠢᠭᠡᠷ ᠰᠠᠶᠢᠲᠠᠢ ᠭᠠᠵᠠᠷ ᠣᠲᠣᠷ ᠲᠤ ᠭᠠᠷᠬᠤ ᠪᠠᠷ ᠪᠤᠯᠵᠠᠢ᠃    ᠲᠡᠭᠡᠭᠡᠳ ᠠᠪᠠᠭᠠᠢ ᠭᠡᠦᠭᠡᠳ ᠨᠢ ᠤᠷᠢᠳᠠ ᠪᠠᠷ ᠮᠠᠯ ᠢᠶᠠᠨ ᠬᠠᠷᠢᠭᠤᠯᠤᠨ ᠲᠠᠭᠤᠵᠤ ᠶᠠᠪᠤᠵᠠᠢ ᠭᠡᠨ᠎ᠡ᠃    ᠱᠠᠯᠪᠢᠩ ᠪᠠᠶᠢᠷᠢᠨ ᠳᠤ ᠢᠳᠡᠰᠢᠯᠡᠭᠰᠡᠨ ᠲᠡᠮᠡᠭᠡᠨ ᠳᠡᠭᠡᠨ ᠶᠠᠪᠤᠵᠤ᠂ ᠬᠠᠶᠢᠵᠦ ᠠᠪᠴᠢᠷᠠᠭᠠᠳ ᠡᠵᠢ ᠪᠤᠯᠤᠨ ᠭᠡᠷ ᠬᠦᠰᠢᠭᠡ ᠪᠠᠨ ᠨᠡᠭᠦᠯᠭᠡᠬᠦ ᠭᠡᠰᠡᠨ ᠴᠢᠨᠢ ᠦᠨᠦᠭᠢ ᠲᠡᠮᠡᠭᠡ ᠨᠢ ᠶᠡᠷᠦ ᠬᠠᠶᠢᠵᠦ ᠤᠯᠲᠠᠭᠰᠠᠨ ᠦᠭᠡᠢ᠂ ᠢᠩᠬᠢᠭᠡᠳ᠄ ᠵᠡ ᠂ ᠤᠯᠳᠠᠬᠤ ᠦᠭᠡᠢ ᠪᠣᠯ ᠪᠠᠶᠢᠭ᠂ ᠲᠡᠷᠨ ᠲᠡᠮᠡᠭᠡ ᠪᠠᠶᠢᠷᠢᠨ ᠳᠠᠭᠠᠨ ᠪᠠᠶᠢᠬᠤ ᠯᠡ ᠪᠠᠶᠢᠯ ᠦᠭᠡᠢ ᠭᠡᠵᠦ ᠪᠤᠳᠤᠭᠠᠳ ᠴᠡᠭᠡᠵᠢᠨ ᠭᠡᠷ ᠢᠶᠠᠨ ᠪᠠᠭᠤᠯᠭᠠᠨ᠂ ᠶᠠᠭᠤᠮ᠎ᠠ ᠬᠡᠦᠮ᠎ᠡ ᠪᠠᠨ ᠲᠢᠭᠯᠡᠨ ᠴᠡᠭᠡᠵᠢᠨ ᠭᠡᠷ ᠢᠶᠠᠨ ᠲᠦᠷᠪᠡᠯᠵᠢᠯᠡᠨ ᠡᠳ᠋ᠯᠡᠯ ᠬᠡᠷᠡᠭᠰᠡᠯ ᠭᠡᠷ ᠲᠠᠢ ᠪᠠᠨ ᠬᠠᠮᠳᠤᠳᠠ ᠪᠠᠭᠯᠠᠵᠤ ᠪᠡᠯᠡᠳᠭᠡᠭᠡᠳ ᠲᠡᠭᠡᠷ᠎ᠡ ᠨᠢ ᠡᠵᠢ ᠪᠠᠨ ᠰᠠᠭᠤᠯᠭᠠᠭᠠᠳ᠂ ᠲᠡᠯᠡᠭᠡᠢ ᠳᠤ ᠠᠯᠳᠠᠷ ᠨᠡᠷ᠎ᠡ ᠲᠠᠢ ᠠᠯᠠᠱᠠ ᠶᠢᠨ ᠭᠤᠷᠪᠡᠨ ᠶᠡᠭᠡ ᠡᠯᠡᠰᠦᠨ ᠳᠠᠯᠠᠢ ᠶᠢᠨ ᠨᠢᠭᠡ ᠨᠢ ᠪᠣᠯᠬᠤ ᠲᠡᠭᠷᠢ ᠡᠯᠡᠰᠦ ᠶᠢ ᠲᠤᠭᠤᠯᠤᠨ ᠶᠠᠪᠤᠵᠤ ᠭᠡᠨ᠎ᠡ᠃    ᠮᠤᠩᠭᠤᠯᠴᠤᠳ ᠤᠨ ᠮᠡᠳᠡᠵᠦ ᠪᠠᠶᠢᠬᠤ ᠪᠠᠷ᠂ ᠴᠡᠭᠡᠵᠢᠨ ᠭᠡᠷ ᠢ ᠠᠴᠢᠶᠠᠯᠠᠬᠤ ᠳᠤ ᠬᠤᠮ ᠪᠤᠶᠤ ᠵᠠᠭᠠᠰᠦ ᠲᠠᠢ ᠰᠠᠶᠢᠨ ᠴᠢᠳᠠᠯ ᠲᠠᠢ ᠲᠡᠮᠡᠭᠡᠨ ᠳᠤ ᠠᠴᠢᠶᠠᠯᠠᠳᠠᠭ ᠶᠤᠮ᠃ ᠬᠠᠷᠢᠨ ᠠᠵᠢᠭ ᠦᠭᠡᠢ ᠡᠭᠦᠷᠴᠦ ᠶᠠᠪᠤᠭᠰᠠᠨ ᠱᠠᠯᠪᠢᠩ ᠰᠤᠮᠠᠯ ᠲᠠᠢ ᠬᠤᠷᠭᠤᠯ ᠡᠭᠦᠷᠦᠭᠰᠡᠨ ᠰᠢᠭ ᠡᠭᠦᠷᠦᠭᠡᠳ ᠲᠡᠭᠷᠢ ᠡᠯᠡᠰᠦ ᠶᠢ ᠲᠤᠭᠤᠯᠵᠤ ᠶᠠᠪᠤᠵᠤ ᠭᠡᠨ᠎ᠡ᠃    ᠲᠡᠭᠡᠭᠡᠳ ᠱᠠᠯᠪᠢᠩ ᠢ ᠤᠶᠢᠷ᠎ᠡ ᠬᠠᠪᠢ ᠶᠢᠨ ᠬᠦᠮᠦᠰ ᠤᠳ ᠭᠠᠶᠢᠬᠠᠨ᠄ ︽ᠱᠠᠯᠪᠢᠩ ᠶᠠᠭᠠᠬᠢᠭᠰᠠᠨ ᠶᠡᠭᠡ ᠴᠢᠳᠠᠯ ᠲᠡᠩᠭᠡᠭᠡ ᠲᠠᠢ ᠬᠥᠮᠦᠨ ᠪᠤᠢ᠂ ᠪᠠᠰᠠ ᠡᠵᠢ ᠪᠠᠨ ᠲᠡᠷᠨ ᠪᠠᠭᠯᠠᠭᠰᠠᠨ ᠴᠡᠭᠡᠵᠢᠨ ᠭᠡᠷ ᠤᠨ ᠲᠡᠭᠡᠷ᠎ᠡ ᠨᠢ ᠰᠠᠭᠤᠯᠭᠠᠭᠠᠳ ᠶᠠᠪᠤᠵᠤ ᠪᠠᠶᠢᠵᠦ ᠭᠡᠨ᠎ᠡ᠃ ᠡᠨ᠋ᠨ ᠤᠴᠢᠷ ᠢ ᠬᠦᠮᠦᠨ ᠳᠤ ᠬᠡᠯᠡᠬᠦ ᠳᠤ ᠭᠦᠮᠦᠨ ᠢᠲᠡᠭᠡᠮᠡᠷ ᠶᠠᠪᠤᠳᠠᠯ ᠪᠢᠰᠢ︾ ᠭᠡᠵᠦ ᠭᠡᠯᠡᠯᠴᠡᠳᠡᠭ ᠪᠠᠶᠢᠵᠠᠢ᠃    ᠱᠠᠯᠪᠢᠩ ᠡᠵᠢ ᠪᠤᠯᠣᠨ ᠴᠡᠭᠡᠵᠢᠨ ᠭᠡᠷ ᠢᠶᠠᠨ ᠡᠭᠦᠷᠦᠭᠡᠳ ᠲᠡᠭᠷᠢ ᠡᠯᠡᠰᠦ ᠶᠢ ᠲᠠᠪᠠᠵᠦ ᠭᠡᠰᠡᠨ ᠶᠠᠷᠢᠶ᠎ᠡ ᠬᠤᠰᠢᠭᠤ ᠨᠣᠲᠤᠭ ᠢᠶᠠᠷ ᠲᠠᠷᠬᠠᠵᠤ᠂ ᠬᠦᠮᠦᠰ ᠤᠳ ᠭᠠᠶᠢᠬᠠᠯᠴᠡᠨ ᠲᠤᠮᠤᠭᠴᠢᠯᠠᠨ ᠶᠠᠷᠢᠯᠴᠠᠬᠤ ᠪᠤᠯᠵᠠᠢ᠃ ︵ᠦᠷᠬᠦᠯᠵᠢᠯᠡᠯ ᠪᠣᠢ︶
 
ᠢᠷᠡᠯᠲᠡ᠄ ᠠᠯᠠᠱᠠ ᠪᠦᠬᠡ ᠱᠠᠯᠪᠢᠩ ᠤᠨ ᠳᠣᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号