ᠠᠷᠪᠡᠨ ᠭᠤᠷᠪᠠ ᠡᠵᠢ ᠪᠠᠨ ᠡᠭᠦᠷᠴᠦ ᠡᠯᠡᠰᠦ ᠮᠡᠩᠬᠠ ᠶᠢ ᠲᠤᠭᠤᠯᠪᠠ | | ᠪᠠᠰᠠ ᠨᠢᠭᠡᠨ ᠲᠤᠮᠤᠭ ᠶᠠᠷᠢᠶᠡᠨ ᠳᠤ ᠪᠦᠬᠡ ᠱᠠᠯᠪᠢᠩ ᠡᠵᠢ ᠪᠠᠨ ᠡᠭᠦᠷᠦᠭᠡᠳ ᠶᠠᠪᠤᠵᠤ ᠪᠠᠶᠢᠭᠰᠠᠨ ᠭᠡᠳᠡᠭ᠃ | ᠠᠯᠠᠱᠠ ᠬᠠᠶᠢᠷᠬᠠᠨ ᠤ ᠪᠠᠷᠠᠭᠤᠨ ᠬᠤᠷᠮᠤᠢ᠂ ᠲᠡᠭᠷᠢ ᠡᠯᠡᠰᠦᠨ ᠤ ᠵᠡᠭᠦᠨ ᠵᠠᠬ᠎ᠠ ᠪᠠᠷ ᠪᠠᠶᠢᠷᠢᠯᠡᠨ ᠤᠷᠤᠰᠢᠵᠤ | ᠪᠠᠶᠢᠭ᠎ᠠ ᠭᠦᠪᠡᠭᠡᠨᠠᠮᠭᠠ ᠪᠠᠭ ᠤᠨ ᠨᠠᠮᠤᠭ ᠤᠰᠤᠨ ᠨᠢ ᠰᠠᠶᠢᠨ᠂ ᠡᠪᠡᠰᠦ ᠤᠷᠭᠤᠮᠠᠯ ᠢᠶᠠᠷ ᠰᠤᠷᠭᠤᠭ ᠪᠡᠯᠴᠢᠭᠡᠷ ᠲᠤ | ᠨᠡᠭᠦᠳᠡᠯᠯᠡᠨ ᠰᠠᠭᠤᠵᠤ ᠪᠠᠶᠢᠭᠰᠠᠨ ᠱᠠᠯᠪᠢᠩ ᠲᠡᠮᠡᠭᠡᠨ ᠰᠦᠷᠦᠭ ᠢᠶᠠᠨ ᠪᠡᠯᠴᠢᠭᠡᠷᠯᠡᠭᠦᠯᠵᠦ ᠪᠠᠶᠢᠪᠠ᠃ ᠰᠦᠷᠦᠭ ᠢᠶᠠᠨ | ᠮᠠᠨᠠᠭᠰᠠᠨ ᠪᠤᠭᠤᠴᠢᠶᠡ ᠲᠠᠢ ᠭᠦᠷᠡᠩ ᠤᠯᠠᠭᠠᠨ ᠪᠤᠤᠷ᠎ᠠ ᠭᠡᠨᠡᠳᠭᠡᠨ ᠴᠢᠨ᠋ᠸ᠎ᠠ ᠦᠵᠡᠭᠰᠡᠨ ᠰᠢᠭ ᠭᠦᠭᠡᠰᠦ ᠪᠤᠷᠭᠢᠭᠤᠯᠤᠨ | ᠭᠦᠷᠴᠢᠬᠢᠨᠠᠵᠦ᠂ ᠰᠢᠭᠡᠰᠦ ᠰᠠᠪᠢᠷᠠᠭᠤᠯᠤᠨ ᠱᠠᠪᠢᠭᠠᠳ ᠪᠤᠲᠠ ᠨᠤᠤᠷᠠᠨ ᠭᠦᠯᠪᠡᠷᠢᠬᠦ ᠳᠤ ᠪᠤᠰᠤᠳ ᠲᠡᠮᠡᠭᠡᠳ ᠨᠢ | ᠰᠤᠴᠢᠨ ᠪᠦᠭᠡᠮᠨᠡᠷᠡᠭᠰᠡᠨ ᠢᠶᠠᠨ ᠲᠡᠷᠭᠡᠳᠡᠭᠦᠷ ᠠᠭᠠᠵᠢᠮ ᠢᠶᠠᠷ ᠦᠩᠭᠡᠷᠡᠵᠦ ᠶᠠᠪᠤᠭ᠎ᠠ ᠦᠷᠭᠦᠪᠡᠯ ᠴᠦ ᠦᠷᠭᠦᠮᠡᠷ | ᠲᠦᠩᠬᠦ᠋ᠢᠭᠰᠡᠨ ᠶᠡᠭᠡ ᠡᠭᠦᠷᠭᠡ ᠲᠠᠢ ᠭᠦᠮᠦᠨ ᠢ ᠬᠤᠰᠢᠭᠤᠷᠡᠨ ᠲᠠᠭᠠᠵᠦ ᠰᠡᠷᠳᠡᠭᠡᠨᠡᠨᠡ᠃ ᠦᠷᠭᠦᠭᠡᠭᠰᠡᠨ ᠭᠦᠮᠦᠨ ᠨᠢ | ᠡᠰᠡ ᠮᠡᠳᠡᠭᠰᠡᠨ ᠢᠶᠠᠷ ᠶᠠᠪᠤᠭᠰᠠᠭᠠᠷ ᠪᠠᠶᠢᠬᠤ ᠳᠤ ᠦᠷᠭᠦᠭᠰᠡᠨ ᠲᠡᠮᠡᠭᠡ ᠨᠦᠭᠦᠳ ᠴᠦ ᠭᠠᠶᠢᠬᠠᠨ ᠬᠠᠷᠠᠵᠠᠭᠠᠵᠤ | ᠡᠭᠦᠷᠭᠡᠨ ᠭᠤᠣᠯ ᠳᠠᠬᠢ ᠡᠬᠡᠨᠡᠷ ᠭᠦᠮᠦᠨ ᠤ ᠭᠠᠷ ᠬᠤᠷᠦ᠋ᠢᠯᠠᠭᠰᠠᠨ ᠲᠠᠭᠤ ᠲᠠᠢ ᠲᠤᠬᠢᠶ᠎ᠡ ᠲᠠᠢ ᠠᠭᠤᠵᠢᠷᠠᠭᠰᠠᠨ | ᠭᠡᠯᠳᠡᠢ ᠭᠦᠵᠦᠭᠦᠦ ᠰᠤᠩᠭᠠᠨ ᠦᠨᠦᠷᠯᠡᠭᠰᠡᠭᠡᠷ ᠬᠤᠴᠤᠷᠤᠯ᠎ᠠ᠃ | ᠡᠭᠦᠷᠭᠡᠴᠢᠨ ᠭᠦᠮᠦᠨ ᠨᠢ ᠬᠠᠷᠢᠨ ᠱᠠᠯᠪᠢᠩ ᠪᠠᠶᠢᠵᠦ ᠪᠢᠯᠡ᠃ ᠴᠡᠭᠡᠵᠢᠨ ᠭᠡᠷ ᠢᠶᠠᠨ ᠪᠦᠬᠦ ᠬᠤᠭᠰᠢᠯ ᠲᠠᠢ ᠨᠢ | ᠲᠦᠷᠪᠡᠯᠵᠢᠨ ᠪᠠᠭᠯᠠᠵᠤ ᠲᠡᠭᠡᠷ᠎ᠡ ᠨᠢ ᠡᠵᠢ ᠪᠠᠨ ᠰᠠᠭᠤᠯᠭᠠᠭᠠᠳ ᠡᠭᠦᠷᠴᠦ ᠶᠠᠪᠤᠭ᠎ᠠ ᠡᠨ᠋ᠨ ᠡᠷ᠎ᠡ᠂ | ᠨᠠᠮᠬᠠᠢ ᠶᠢᠨ ᠬᠢᠨ ᠠᠴᠠ ᠭᠠᠷᠴᠦ ᠭᠡᠳᠦᠨ ᠬᠤᠨᠤᠭ ᠠᠶᠠᠯᠠᠭᠠᠳ ᠲᠡᠭᠷᠢ ᠡᠯᠡᠰᠦ ᠶᠢ ᠭᠦᠪᠡᠭᠡᠯᠡᠨ ᠠᠳᠡ ᠢᠷᠡᠵᠡᠢ᠃ | ᠰᠦᠨᠢ ᠪᠠᠷ ᠡᠵᠢ ᠪᠠᠨ ᠲᠠᠭᠠᠭᠤᠯᠵᠤ ᠭᠠᠷᠤᠭᠠᠳ ᠵᠤᠭᠰᠤᠯ ᠦᠭᠡᠢ ᠠᠶᠠᠯᠠᠵᠤ ᠦᠷᠯᠦᠭᠡ ᠪᠤᠯᠬᠤ ᠳᠤ ᠡᠵᠢ ᠶᠢᠨ ᠢᠶᠠᠨ | ᠶᠠᠳᠠᠷᠠᠵᠤ ᠲᠦᠢᠯᠳᠠᠭᠰᠠᠨ ᠢ ᠬᠠᠷᠠᠭᠠᠳ ᠡᠭᠦᠷᠭᠡᠨ ᠭᠤᠣᠯ ᠳᠤ ᠠᠯᠪᠠ ᠪᠠᠷ ᠰᠠᠭᠤᠯᠭᠠᠵᠤ᠂ ᠦᠷᠭᠦᠯᠵᠢᠯᠡᠨ ᠵᠡᠮ ᠢᠶᠠᠨ | ᠬᠦᠭᠡᠭᠡᠭᠰᠡᠨ ᠪᠠᠶᠢᠵᠡᠢ᠃ | ᠬᠤᠮ ᠠᠴᠢᠶ᠎ᠡ ᠲᠠᠢ ᠲᠡᠮᠡᠭᠡᠨ ᠨᠢᠷᠤᠭᠤᠨ ᠲᠡᠭᠡᠷ᠎ᠡ ᠰᠠᠭᠤᠭᠰᠠᠨ ᠰᠢᠭ᠋ ᠲᠠᠭᠠᠲᠠᠢ ᠰᠠᠨᠠᠭᠳᠠᠪᠠᠴᠤ ᠬᠤᠶᠡᠷ | ᠲᠡᠮᠡᠭᠡᠨ ᠳᠤ ᠠᠴᠢᠮᠡᠷ ᠭᠡᠳᠦᠨ ᠵᠠᠭᠤᠨ ᠵᠢᠩ ᠢ ᠡᠭᠦᠷᠦᠭᠰᠡᠨ ᠬᠦᠦ ᠳᠡᠭᠡᠨ ᠲᠠᠷᠤᠭᠠᠰᠦ ᠨᠠᠮᠡᠨ ᠶᠠᠪᠤᠭ᠎ᠠ ᠡᠬᠡ ᠶᠢᠨ | ᠰᠡᠳᠬᠢᠯ᠂ ᠡᠷᠬᠡ ᠦᠭᠡᠢ ᠤᠶᠠᠷᠠᠨ ᠪᠠᠶᠢᠨ ᠪᠠᠶᠢᠨ ᠨᠢᠯᠪᠤᠰᠦ ᠪᠠᠨ ᠠᠷᠴᠢᠵᠦ ᠡᠭᠦᠷᠭᠡ ᠠᠴᠠ ᠪᠠᠨ ᠪᠠᠭᠤᠬᠤ ᠶᠢ ᠠᠬᠢᠨ | ᠲᠠᠬᠢᠨ ᠱᠠᠭᠠᠷᠳᠠᠪᠠᠴᠦ ᠬᠦᠦ ᠨᠢ ᠴᠢᠬᠢ ᠦᠭᠡᠢ ᠰᠢᠭ ᠠᠭᠤᠯᠠ ᠲᠡᠯ᠎ᠠ᠂ ᠡᠯᠡᠰᠦ ᠮᠠᠩᠬ᠎ᠠ ᠶᠢ ᠲᠤᠭᠤᠴᠢᠨ ᠨᠢᠭᠡᠨ | ᠠᠮᠢᠰᠬᠤᠭ᠎ᠠ ᠪᠠᠷ ᠠᠯᠬᠤᠭᠰᠠᠭᠠᠷ ᠪᠠᠶᠢᠵᠡᠢ᠃ ᠦᠷᠯᠦᠭᠡ ᠪᠠᠷ ᠶᠠᠪᠤᠬᠤ ᠶᠢᠨ ᠠᠯᠳᠠᠰ ᠡᠬᠡ ᠬᠦᠦ ᠬᠤᠶᠡᠷ ᠤᠨ ᠲᠤᠮᠳᠠ | ᠡᠭᠦᠷᠬᠦ ᠪᠠ ᠠᠯᠬᠤᠬᠤ ᠶᠢᠨ ᠮᠠᠷᠭᠤᠭᠠᠨ ᠪᠣᠯᠳᠠᠭ ᠴᠦ ᠬᠦᠦ ᠨᠢ ᠭᠦᠴᠦ ᠪᠠᠷ ᠲᠦᠷᠢᠵᠦ᠂ ᠡᠬᠡ ᠪᠠᠨ ᠡᠷᠭᠦᠵᠦ | ᠡᠭᠦᠷᠦᠭᠰᠡᠭᠡᠷ ᠶᠠᠪᠤᠭ᠎ᠠ ᠢ ᠡᠨ᠋ᠨ ᠪᠢᠯᠡ᠃ ᠲᠠᠪᠢ ᠭᠠᠷᠤᠢ ᠨᠠᠰᠦᠨ ᠤ ᠲᠦᠷᠦᠭᠡ ᠰᠢᠭᠦᠷᠡᠵᠦ ᠶᠠᠪᠤᠭ᠎ᠠ ᠡᠬᠡ ᠨᠢ | ᠲᠠᠷᠳᠠᠬᠤ ᠪᠤᠯᠤᠭ᠎ᠠ ᠦᠭᠡᠢ ᠴᠦ ᠬᠦᠦ ᠶᠢᠨ ᠢᠶᠠᠨ ᠠᠶ᠎ᠠ ᠪᠠᠷ ᠭᠦᠯ ᠠᠮᠠᠷᠠᠨ ᠪᠠᠶᠢᠬᠤ ᠨᠢ ᠵᠤᠪᠠᠯᠠᠩ ᠤᠨ ᠲᠣᠮᠳᠠ ᠠᠴᠠ | ᠵᠠᠪᠰᠢᠵᠤ ᠪᠠᠶᠢᠭ᠎ᠠ ᠵᠢᠷᠭᠠᠯ ᠤᠨ ᠨᠢᠭᠡᠨ ᠪᠤᠶᠤ᠃ ᠭᠡᠪᠡᠴᠦ ᠡᠨ᠋ᠨ ᠪᠣᠯ ᠬᠦᠦ ᠶᠢᠨ ᠢᠶᠠᠨ ᠬᠠᠮᠳᠤ ᠮᠦᠷᠦᠭᠡᠳᠦᠨ ᠪᠠᠶᠢᠭ᠎ᠠ | ᠠᠰᠢᠳᠠ ᠶᠢᠨ ᠵᠢᠷᠭᠠᠯ ᠪᠢᠰᠢ ᠭᠡᠳᠡᠭ ᠢ ᠡᠬᠡ ᠨᠢ ᠮᠡᠳᠡᠷᠡᠭᠰᠡᠨ ᠳᠡᠭᠡᠨ ᠲᠤᠭᠳᠠᠵᠤ ᠶᠠᠳᠡᠨ ᠪᠠᠶᠢᠪᠠᠴᠦ ᠬᠦᠦ ᠨᠢ | ᠠᠴᠢᠲᠦ ᠡᠵᠢ ᠶᠢᠨ ᠠᠴᠢ ᠶᠢ ᠬᠠᠷᠢᠭᠤᠯᠵᠤ ᠪᠠᠶᠢᠭ᠎ᠠ ᠭᠡᠵᠦ ᠪᠤᠳᠤᠵᠤ ᠪᠠᠶᠢᠵᠡᠢ᠃ | ᠬᠤᠷᠸ᠎ᠠ ᠶᠢᠨ ᠤᠯᠠᠩᠬᠢ ᠨᠢ ᠬᠤᠭᠤᠰᠤᠨ ᠶᠠᠳᠠᠭᠤᠴᠤᠳ ᠪᠠᠶᠢᠵᠦ ᠲᠣᠭᠠᠨ ᠤ ᠤᠯᠠᠨ ᠢᠶᠠᠷ ᠡᠵᠡᠯᠡᠨ ᠪᠠᠶᠢᠪᠠᠴᠦ | ᠵᠠᠶᠠᠭ᠎ᠠ ᠴᠢᠨᠢ ᠲᠡᠷᠨ ᠭᠡᠵᠦ ᠪᠤᠷᠬᠠᠨ ᠲᠡᠭᠷᠢ ᠨᠤᠮᠯᠠᠵᠤ᠂ ᠬᠠᠤᠯᠢ ᠪᠠᠷ ᠲᠤᠭᠳᠠᠭᠠᠭᠰᠠᠨ ᠢ ᠶᠠᠭᠠᠬᠢᠯᠲᠠᠢ ᠪᠤᠢ︖ | ᠨᠠᠷᠠ ᠲᠠᠢ ᠬᠤᠷᠸ᠎ᠠ ᠶᠢᠨ ᠡᠳᠦᠷ ᠰᠦᠨᠢ ᠶᠢᠨ ᠡᠭᠡᠯᠵᠢ ᠬᠡᠨ ᠳᠤ ᠴᠦ ᠠᠳᠠᠯᠢᠬᠠᠨ ᠬᠤᠪᠢ ᠲᠡᠭᠰᠢ ᠤᠨᠤᠭᠳᠠᠵᠤ | ᠪᠠᠶᠢᠳᠠᠭ ᠶᠤᠮ᠃ ᠨᠠᠮᠬᠠᠢ ᠴᠢᠮ᠎ᠡ ᠳᠤ ᠪᠠᠶᠡᠨ ᠢᠶᠠᠨ ᠭᠠᠶᠢᠬᠠᠭᠤᠯᠵᠤ ᠬᠢᠬᠠᠬᠤ ᠡᠳᠦᠷ ᠪᠠᠶᠢᠬᠤ ᠳᠤ ᠱᠠᠯᠪᠢᠩ ᠨᠠᠳᠠ | ᠵᠣᠷᠢᠭ ᠢᠶᠠᠨ ᠭᠠᠶᠢᠬᠠᠭᠤᠯᠵᠤ ᠬᠠᠷᠢᠭᠤ ᠪᠠᠨ ᠪᠠᠷᠢᠬᠤ ᠡᠳᠦᠷ ᠯᠠᠪ ᠪᠤᠢ᠃ ᠦᠬᠢᠨ ᠤ ᠴᠢᠨᠢ ᠪᠡᠶ᠎ᠡ ᠠᠷᠪᠠᠭ᠋ᠠᠨ | ᠪᠣᠳᠠ ᠶᠢᠨ ᠦᠨ᠎ᠡ ᠲᠠᠢ ᠪᠣᠯ ᠱᠠᠯᠪᠢᠩ ᠮᠢᠨᠦ ᠡᠷ᠎ᠡ ᠵᠣᠷᠢᠭ ᠵᠠᠭᠤᠨ ᠲᠡᠬᠢᠨ ᠢᠶᠠᠷ ᠵᠤᠭᠰᠤᠬᠤ ᠦᠭᠡᠢ ᠭᠡᠰᠡᠨ ᠢ ᠡᠷᠳᠠ | ᠤᠷᠣᠢ ᠦᠭᠡᠢ ᠮᠡᠳᠡᠭᠦᠯᠬᠦ ᠰᠠᠨ᠃ ᠴᠢᠨᠦ ᠨᠠᠷᠠ ᠡᠷᠳᠠ ᠪᠠᠶᠢᠨ᠎ᠠ ᠤᠤ᠂ ᠮᠢᠨᠤ ᠨᠠᠷᠠ ᠡᠷᠳᠠ ᠪᠠᠶᠢᠨ᠎ᠠ ᠤᠤ᠂ | ᠬᠦᠯᠢᠶᠡᠵᠦ ᠪᠠᠢ᠃ ᠬᠦᠬᠡ ᠲᠡᠭᠷᠢ ᠨᠢᠳᠦ ᠦᠭᠡᠢ ᠴᠦ ᠭᠦᠮᠦᠨ ᠤ ᠬᠦᠦ ᠶᠢᠨ ᠭᠡᠯᠡᠭᠰᠡᠨ ᠢ ᠭᠡᠷᠡᠴᠢᠯᠡᠬᠦ ᠡᠳᠦᠷ ᠯᠠᠪ | ᠪᠣᠢ᠃ | — ᠭᠦᠪᠡᠭᠦᠨ ᠮᠢᠨᠢ ᠶᠠᠳᠠᠷᠡᠵᠦ ᠪᠠᠶᠢᠭ᠎ᠠ ᠤᠤ︖ ᠭᠡᠰᠡᠨ ᠡᠬᠡ ᠶᠢᠨ ᠦᠭᠡᠨ ᠳᠤ ᠪᠤᠳᠤᠯ ᠲᠠᠰᠤᠯᠤᠭᠳᠠᠵᠤ᠂ | ᠡᠭᠦᠷᠭᠡ ᠪᠠᠨ ᠲᠠᠯᠪᠢᠭᠠᠳ᠂ ᠡᠵᠢ ᠪᠠᠨ ᠲᠦᠰᠢᠵᠦ ᠪᠠᠭᠤᠯᠭᠠᠨ᠎ᠠ᠃ | — ᠲᠡᠮᠡᠭᠡ ᠲᠤᠭᠳᠠᠭᠰᠠᠨ ᠪᠤᠶᠠᠨ ᠲᠠᠢ ᠭᠠᠵᠡᠷ ᠪᠠᠶᠢᠨ᠎ᠠ᠂ ᠬᠤᠨᠤᠭᠠᠳ ᠶᠠᠪᠤᠶ᠎ᠠ ᠭᠡᠵᠦ ᠡᠵᠢ ᠨᠢ ᠭᠡᠯᠡᠭᠡᠳ | ᠲᠦᠯᠡᠰᠢ ᠴᠤᠭᠯᠠᠭᠤᠯᠤᠨ ᠶᠠᠭᠠᠷᠠᠬᠤ ᠳᠤ ᠬᠦᠦ ᠨᠢ ᠭᠡᠳᠠ ᠴᠤᠬᠢᠵᠦ ᠭᠠᠯ ᠢᠶᠠᠨ ᠰᠢᠲᠠᠭᠠᠪᠠ᠃ | — ᠡᠵᠢ ᠲᠠ ᠠᠳᠠ ᠰᠠᠭᠤᠭᠠᠳ ᠴᠠᠢ ᠴᠢᠨᠡᠵᠦ ᠪᠠᠶᠢᠨ᠎ᠠ ᠤᠤ᠂ ᠪᠢ ᠲᠦᠯᠡᠭᠡ ᠲᠡᠭᠦᠵᠦ ᠢᠷᠡᠭᠡᠳ ᠭᠡᠷ ᠢᠶᠠᠨ | ᠪᠠᠷᠢᠶᠡ ᠭᠡᠳ ᠪᠤᠵᠢᠭᠢᠨᠠᠭᠰᠠᠨ ᠱᠠᠯᠪᠢᠩ ᠲᠦᠳᠡᠭᠡᠨ ᠵᠠᠭᠤᠷ᠎ᠡ ᠲᠡᠷᠡ ᠪᠦᠬᠦᠨ ᠢ ᠭᠦᠢᠴᠡᠯᠳᠦᠭᠦᠯᠵᠦ᠂ ᠭᠡᠷ ᠳᠡᠭᠡᠨ | ᠰᠠᠭᠤᠭᠠᠳ ᠴᠠᠶᠢᠯᠠᠵᠤ ᠡᠬᠢᠯᠡᠯ᠎ᠡ᠃ | — ᠠᠭᠤᠯᠡᠨ ᠳᠤ ᠭᠦᠲᠦᠯ ᠲᠠᠢ᠂ ᠡᠯᠡᠰᠦᠨ ᠳᠤ ᠭᠠᠷᠤᠯᠭ᠎ᠠ ᠲᠠᠢ ᠭᠡᠳᠡᠭ ᠶᠤᠮ᠃ ᠡᠨ᠋ᠨ ᠶᠡᠭᠡ ᠡᠯᠡᠰᠦᠨ | ᠲᠠᠯᠠᠢ ᠶᠢᠨ ᠭᠠᠷᠤᠯᠭ᠎ᠠ ᠨᠢ ᠬᠠᠮᠢᠭ᠎ᠠ ᠪᠠᠨ ᠪᠠᠶᠢᠳᠠᠭ ᠪᠣᠯ ᠭᠡᠵᠦ ᠡᠵᠢ ᠨᠢ ᠰᠠᠨᠠᠭᠠᠰᠢᠷᠡᠨ ᠪᠠᠶᠢᠪᠠ᠃ | — ᠭᠠᠷᠤᠯᠭ᠎ᠠ ᠪᠠᠷ ᠶᠠᠪᠤᠬᠤ ᠦᠭᠡᠢ ᠴᠦ ᠭᠡᠰᠡᠨ ᠶᠠᠪᠠᠭᠠᠨ ᠭᠦᠮᠦᠨ ᠪᠢᠳᠡᠬᠦᠳᠡᠬᠦ ᠦᠭᠡᠢ ᠪᠠᠶᠢᠯᠭᠦᠢ᠃ | ᠵᠠᠮ ᠲᠠᠢ ᠴᠦ ᠡᠯᠡᠰᠦ᠂ ᠵᠠᠮ ᠦᠭᠡᠢ ᠴᠦ ᠡᠯᠡᠰᠦ ᠪᠦᠷ ᠠᠳᠠᠯᠢᠬᠠᠨ ᠰᠢᠬᠢᠳᠦᠨᠠ᠃ ᠶᠠᠪᠤᠵᠤ ᠯᠡ ᠪᠤᠯᠤᠭᠰᠠᠨ | ᠴᠠᠭ ᠲᠤ ᠶᠠᠭᠠᠬᠢᠭᠠᠳ ᠴᠦ ᠭᠡᠰᠡᠨ ᠭᠠᠳᠤᠯᠬᠤ ᠠᠷᠭ᠎ᠠ ᠤᠯᠳᠠᠨ᠎ᠠ᠂ ᠡᠵᠢ ᠰᠠᠨᠠᠭ᠎ᠠ ᠠᠮᠤᠷ ᠪᠠᠶᠢᠭᠠᠷᠠᠢ ᠭᠡᠵᠦ ᠬᠦᠦ ᠨᠢ | ᠢᠨᠢᠶᠠᠮᠰᠦᠭᠯᠡᠨ ᠪᠠᠶᠢᠯ᠎ᠠ᠃ | — ᠠᠴᠢᠶᠠᠯᠠᠬᠤ ᠲᠡᠮᠡᠭᠡ ᠲᠠᠢ ᠪᠠᠶᠢᠭᠰᠠᠨ ᠪᠣᠯ ᠭᠡᠳᠦᠢ ᠰᠠᠶᠢᠬᠠᠨ ᠪᠣᠢ᠂ ᠶᠠᠳᠠᠬᠤ ᠳᠤ ᠮᠠᠭᠤ ᠭᠦᠭᠰᠢᠨ ᠠᠲᠠ | ᠴᠦ ᠬᠡᠭᠡᠷ᠎ᠡ ᠬᠦᠳᠡᠭᠡ ᠶᠠᠪᠤᠭᠠᠳ ᠤᠯᠳᠠᠬᠤ ᠦᠭᠡᠢ ᠪᠤᠢ ᠳ᠋ᠠ᠃ ᠮᠠᠩᠭᠠᠳᠤᠷ ᠦᠷᠦᠭᠦᠨ ᠡᠵᠢ ᠨᠢ ᠲᠦᠷᠦᠭᠦᠯᠡᠭᠡᠳ | ᠶᠠᠪᠤᠶ᠎ᠡ᠂ ᠮᠢᠨᠦ ᠬᠦᠦ ᠬᠤᠶᠢᠨ᠎ᠠ ᠠᠴᠠ ᠶᠠᠭᠠᠷᠠᠯ ᠦᠭᠡᠢ ᠶᠠᠪᠤ᠂ ᠡᠯᠡᠰᠦᠨ ᠳᠤ ᠶᠠᠪᠤᠬᠤ ᠳᠤ ᠶᠠᠭᠠᠷᠠᠵᠣ ᠪᠣᠯᠳᠠᠭ | ᠦᠭᠡᠢ ᠶᠤᠮ᠃ | — ᠲᠡᠭᠡᠵᠦ ᠪᠣᠯᠬᠤ ᠦᠭᠡᠢ᠃ ᠭᠡᠨᠡᠳᠲᠡ ᠰᠠᠯᠬᠢᠨ ᠰᠢᠭᠤᠷᠭᠠᠨ ᠲᠡᠭᠳᠡᠪᠡᠯ ᠬᠤᠶᠠᠭᠤᠯᠨ ᠲᠦᠭᠡᠷᠢᠭᠡᠳ ᠬᠡᠨ | ᠠᠯᠢᠨ ᠢᠶᠠᠨ ᠤᠯᠬᠤ ᠪᠠᠨ ᠪᠠᠶᠢᠴᠢᠬᠠᠪᠠᠯ ᠶᠠᠭᠠᠬᠢᠨ᠎ᠠ᠃ | — ᠦᠨᠡᠭᠡᠷ ᠴᠦ ᠲᠠᠶᠢᠮᠦ ᠪᠢᠰᠢ ᠤᠤ᠂ ᠭᠠᠢ ᠲᠠᠭᠠᠷᠠᠬᠤ ᠳᠤ ᠶᠠᠮᠠᠷ ᠴᠢᠭ ᠪᠠᠶᠢᠬ᠎ᠠ᠂ ᠡᠵᠢ ᠨᠢ ᠮᠠᠩᠭᠠᠳᠤᠷ | ᠡᠭᠦᠷᠦᠭᠦᠯᠬᠦ ᠦᠭᠡᠢ᠂ ᠭᠦᠯ ᠦᠭᠡᠢ ᠶᠤᠮ ᠪᠢᠰᠢ ᠦᠪᠡᠷ ᠢᠶᠠᠨ ᠠᠯᠬᠤᠨ᠎ᠠ᠃ ᠬᠤᠨᠢᠨ ᠳᠤ ᠪᠦᠭᠦᠯᠢ ᠡᠳᠦᠷ ᠶᠠᠪᠠᠭᠠᠨ | ᠶᠠᠪᠤᠭᠠᠳ ᠪᠣᠯᠳᠠᠭ ᠯᠡ ᠪᠠᠶᠢᠭᠰᠠᠨ ᠶᠤᠮ ᠴᠢᠨᠢ ᠡᠭᠦᠷᠭᠡ ᠲᠠᠢ ᠴᠢᠮ᠎ᠡ ᠠᠴᠠ ᠬᠠᠶᠠᠭᠳᠠᠬᠤ ᠪᠠᠷ ᠦᠭᠡᠢ ᠪᠠᠶᠢᠬ᠎ᠠ᠃ | — ᠡᠨ᠋ᠨ ᠴᠢᠨᠢ ᠡᠯᠡᠰᠦ ᠰᠢᠦ᠂ ᠲᠠ ᠶᠠᠪᠤᠵᠤ ᠲᠠᠶᠢᠯᠬᠦ ᠦᠭᠡᠢ᠃ | — ᠡᠯᠡᠰᠦ ᠪᠣᠯ ᠡᠯᠡᠰᠦ ᠯᠡ ᠪᠢᠵᠡ᠂ ᠴᠢᠮᠠᠶᠢ ᠪᠢ ᠡᠯᠡᠰᠦᠨ ᠳᠤ ᠴᠢᠷᠴᠦ ᠪᠠᠶᠢᠭᠠᠳ ᠦᠰᠭᠡᠭᠰᠡᠨ ᠰᠢᠦ᠃ | — ᠲᠡᠷᠡ ᠲᠡᠮᠡᠭᠡᠨ ᠠᠴᠠ ᠨᠢᠭᠡ ᠶᠢ ᠤᠭᠤᠰᠤᠷᠯᠠᠵᠦ ᠠᠴᠢᠭᠠᠳ ᠶᠠᠪᠤᠭᠰᠠᠨ ᠪᠣᠯ ᠳ᠋ᠠ᠃ | — ᠬᠤᠭᠤᠰᠤᠨ ᠪᠤᠯᠪᠠᠴᠦ ᠭᠦᠮᠦᠨ ᠤ ᠶᠠᠭᠤᠮᠡᠨ ᠳᠤ ᠭᠠᠷ ᠬᠦᠷᠭᠡᠬᠦ ᠪᠠᠨ ᠪᠠᠶᠢᠶ᠎ᠡ᠂ ᠬᠤᠯᠠᠭᠠᠢ ᠬᠢᠶ᠎ᠡ ᠭᠡᠵᠦ | ᠪᠤᠳᠤᠪᠠᠴᠦ ᠨᠢᠭᠦᠯ ᠰᠢᠦ ᠬᠦᠦ ᠮᠢᠨᠢ᠃ | — ᠤᠨᠤᠭ᠎ᠠ ᠪᠤᠯᠤᠮᠠᠷ ᠠᠲᠠ ᠪᠠᠶᠢᠪᠡᠯ ᠨᠢᠭᠡ ᠶᠢ ᠬᠤᠳᠠᠯᠳᠤᠵᠤ ᠶᠠᠪᠤᠶ᠎ᠡ ᠭᠡᠵᠦ ᠪᠤᠳᠤᠯ᠎ᠠ᠃ | ᠭᠡᠨᠡᠳᠲᠡ ᠭᠦᠮᠦᠨ ᠬᠠᠰᠬᠢᠷᠬᠤ ᠨᠢ ᠰᠤᠨᠤᠰᠳᠠᠪᠠ᠃ ᠱᠠᠯᠪᠢᠩ ᠰᠠᠨᠳᠤᠷᠤᠨ ᠠᠶᠠᠭ᠎ᠠ ᠪᠠᠨ ᠲᠠᠯᠪᠢᠵᠤ᠂ ᠭᠠᠳᠠᠭᠰᠢ | ᠭᠠᠷᠴᠦ ᠬᠠᠷᠠᠭᠰᠠᠨ ᠢᠶᠠᠨ ᠲᠡᠮᠡᠭᠡ ᠬᠤᠷᠢᠶᠡᠵᠤ ᠶᠠᠪᠤᠭ᠎ᠠ ᠭᠦᠮᠦᠨ ᠪᠠᠶᠢᠨ᠎ᠠ᠂ ᠪᠢ ᠤᠴᠢᠵᠦ ᠠᠭᠤᠯᠵᠠᠭᠠᠳ ᠢᠷᠡᠶ᠎ᠡ | ᠭᠡᠵᠦ ᠬᠡᠯᠡᠭᠡᠳ ᠠᠯᠬᠤᠵᠤ ᠤᠴᠢᠯᠡ᠃ | — ᠨᠡᠷ᠎ᠡ ᠴᠢᠨᠢ ᠬᠡᠨ ᠭᠡᠳᠡᠭ ᠪᠤᠢ︖ ᠤᠨᠤᠭᠠᠨ ᠲᠡᠭᠡᠷ᠎ᠡ ᠠᠴᠠ ᠮᠡᠨᠳᠤᠯᠡᠭᠰᠡᠨ ᠬᠡᠭᠵᠢᠭᠦᠨ ᠲᠠᠭᠤ ᠲᠠᠢ | ᠬᠠᠯᠲᠠᠷ ᠡᠷ᠎ᠡ᠂ ᠭᠡᠷ ᠤᠨ ᠬᠢᠨᠢ ᠵᠦᠭ ᠨᠢᠳᠦ ᠬᠠᠶᠠᠯᠡᠨ ᠪᠠᠶᠢᠪᠠ᠃ | — ᠮᠢᠨᠦ ᠨᠡᠷ᠎ᠡ ᠱᠠᠯᠪᠢᠩ ᠭᠡᠳᠡᠭ᠂ ᠲᠠᠨ ᠤ ᠠᠯᠳᠠᠷ ᠬᠡᠨ ᠭᠡᠳᠡᠭ ᠪᠤᠢ︖ ᠭᠡᠵᠦ ᠱᠠᠯᠪᠢᠩ ᠴᠦ ᠴᠢᠩᠭ᠎ᠠ | ᠲᠠᠭᠤ ᠪᠠᠷ ᠠᠰᠠᠭᠤᠪᠠ᠃ | — ᠳ᠋ᠠᠨᠠᠰᠢᠷᠡ ᠲᠠᠶᠢᠵᠢ ᠭᠡᠭᠴᠢ ᠶᠢ ᠰᠤᠨᠤᠰᠤᠭᠰᠠᠨ ᠦᠭᠡᠢ ᠤᠤ︖ | — ᠲᠠᠶᠢᠵᠢ ᠪᠠᠶᠢᠨᠠᠤ ᠭᠡᠵᠦ ᠰᠤᠷᠠᠭᠯᠠᠭᠰᠠᠨ ᠦᠭᠡᠢ ᠪᠤᠯᠬᠤᠷ ᠰᠤᠨᠤᠰᠤᠭᠰᠠᠨ ᠦᠭᠡᠢ᠃ ᠲᠠᠮᠠᠭ᠎ᠠ ᠪᠠᠶᠢᠨ᠎ᠠ | ᠤᠤ ᠭᠡᠵᠦ ᠠᠵᠢᠭᠯᠠᠭᠰᠠᠨ ᠦᠭᠡᠢ ᠪᠤᠯᠬᠤᠷ ᠲᠠᠨᠢᠭᠰᠠᠨ ᠦᠭᠡᠢ ᠭᠡᠳ ᠰᠦᠭᠦᠷᠡᠨ ᠠᠯᠳᠠᠪᠠᠯ ᠲᠡᠷᠡ ᠨᠢ ᠶᠡᠭᠡᠯ᠎ᠡ | ᠰᠠᠨᠳᠤᠷᠴᠦ ᠲᠡᠮᠡᠭᠡᠨ ᠠᠴᠠ ᠦᠰᠦᠷᠦᠨ ᠪᠠᠭᠤᠭᠠᠳ᠂ | — ᠲᠠᠶᠢᠵᠢ ᠪᠢᠰᠢ᠂ ᠲᠡᠮᠡᠭᠡᠴᠢᠨ ᠨᠢ ᠪᠠᠶᠢᠨ᠎ᠠ ᠭᠡᠵᠦ ᠢᠨᠢᠶᠡᠭᠡᠳ᠂ ᠲᠠᠨᠡᠷ ᠴᠢᠨᠢ ᠬᠠᠮᠢᠭᠠᠬᠢ ᠶᠢᠨ | ᠣᠲᠣᠷᠴᠢᠨ ᠪᠤᠢ︖ ᠭᠡᠯᠡ᠃ | — ᠣᠲᠣᠷᠴᠢᠨ ᠪᠢᠰᠢ᠂ ᠨᠤᠶᠡᠨ ᠳᠤ ᠪᠠᠷᠠᠯᠬᠠᠬᠤ ᠪᠠᠷ ᠶᠠᠪᠤᠵᠤ ᠪᠠᠶᠢᠨ᠎ᠠ᠃ | — ᠮᠠᠨ ᠤ ᠨᠤᠶᠡᠨ ᠴᠢᠨᠦ ᠲᠡᠭᠡᠳᠦᠭᠦᠯᠠ ᠤᠤ︖ | — ᠲᠠᠶᠢᠵᠢ ᠶᠢᠨ ᠲᠡᠭᠡᠳᠦᠭᠦᠯᠠ ᠨᠤᠶᠡᠨ ᠪᠠᠶᠢᠳᠠᠭ᠂ ᠲᠠᠶᠢᠯᠤᠭ ᠤᠨ ᠲᠡᠭᠡᠳᠦᠭᠦᠯᠠ ᠪᠤᠤᠷᠡ ᠪᠠᠶᠢᠳᠠᠭ ᠭᠡᠳᠡᠭ᠃ | ᠨᠠᠳᠠ ᠳᠤ ᠲᠠᠶᠢᠮᠦ ᠪᠤᠶᠡᠨ ᠪᠠᠶᠢᠬᠤ ᠦᠭᠡᠢ ᠴᠦ ᠲᠠ ᠪᠢᠳᠡᠨ ᠤ ᠲᠡᠭᠡᠳᠦᠭᠦᠯᠠ ᠪᠢᠰᠢ ᠭᠡᠵᠦ ᠲᠠ ᠠᠷᠠᠢ ᠬᠡᠯᠡᠬᠦ | ᠦᠭᠡᠢ ᠪᠢᠵᠡ᠃ ᠠᠳᠤᠭᠤᠴᠢᠨ ᠢᠶᠠᠨ ᠪᠤᠯᠭᠠᠶ᠎ᠠ ᠭᠡᠬᠦ ᠳᠤᠨᠢ ᠵᠠᠷᠯᠢᠭ ᠢ ᠵᠦᠷᠢᠴᠡᠬᠦ ᠠᠷᠭ᠎ᠠ ᠦᠭᠡᠢ ᠪᠤᠯᠬᠤᠷ ᠵᠤᠷᠢᠵᠦ | ᠶᠠᠪᠤᠭ᠎ᠠ ᠶᠤᠮ᠃ ᠬᠠᠷᠢᠨ ᠤᠨᠤᠭ᠎ᠠ ᠤᠨᠤᠰᠢ ᠪᠠᠷ ᠭᠠᠴᠢᠭᠳᠠᠵᠤ ᠡᠳᠦᠷ ᠬᠤᠨᠤᠭ ᠠᠴᠠ ᠨᠢ ᠤᠰᠤᠯᠳᠠᠬᠤ ᠭᠡᠵᠦ | ᠰᠠᠨᠳᠤᠷᠭᠠᠭᠠᠳ ᠪᠠᠶᠢᠨ᠎ᠠ᠃ ᠲᠠᠨ ᠢ ᠭᠤᠶᠤᠪᠡᠯ ᠨᠢᠭᠡ ᠲᠡᠮᠡᠭᠡ ᠬᠠᠶᠢᠷᠠᠯᠠᠵᠤ ᠵᠠᠯᠭᠠᠭᠤᠯᠬᠤ ᠪᠤᠯᠪᠠᠦ︖ | — ᠠᠴᠢᠶ᠎ᠡ ᠳᠠᠭᠠᠭᠠᠬᠤ ᠶᠢ ᠨᠢ ᠭᠦᠲᠦᠯᠦᠭᠡᠳ ᠠᠶᠡᠨ ᠳᠤ ᠶᠠᠪᠤᠭᠰᠠᠨ᠂ ᠪᠤᠲᠤᠭᠤ ᠲᠤᠷᠤᠮ ᠰᠠᠯᠭᠠᠬᠤ | ᠦᠭᠡᠢ ᠶᠤᠮ ᠪᠣᠯ ᠤᠨᠤᠭ᠎ᠠ ᠪᠤᠯᠭᠠᠵᠤ ᠠᠭᠠᠷᠴᠠᠭ ᠲᠤ ᠬᠠᠪᠴᠢᠮᠡᠷ ᠶᠠᠭᠤᠮ᠎ᠠ ᠪᠠᠶᠢᠬᠤ ᠦᠭᠡᠢ ᠰᠢᠦ᠃ | — ᠲᠤᠷᠤᠮ ᠲᠠᠢ ᠢᠩᠭᠡ ᠴᠦ ᠭᠡᠰᠡᠨ ᠪᠤᠯᠤᠨ᠎ᠠ᠂ ᠮᠦᠩᠬᠦ ᠪᠠᠷ ᠠᠪᠤᠶᠡ᠃ | — ᠪᠢ ᠡᠵᠡᠨ ᠪᠤᠯᠵᠣ ᠴᠢᠳᠠᠬᠤ ᠦᠭᠡᠢ᠂ ᠲᠤᠯᠤᠭᠠᠢ ᠮᠡᠳᠡᠳᠡᠭ ᠨᠢ ᠠᠶᠠᠨ ᠳᠤ ᠮᠤᠷᠢᠯᠠᠭᠰᠠᠨ ᠪᠢᠯᠡ᠃ | ᠱᠠᠯᠪᠢᠩ ᠭᠡᠵᠦ᠂ ᠮᠤᠨᠳᠠᠭ ᠴᠢᠳᠠᠯ ᠲᠠᠢ ᠡᠷ᠎ᠡ ᠭᠡᠵᠦ ᠰᠤᠨᠤᠰᠤᠯ᠎ᠠ᠂ ᠭᠡᠷ ᠢᠶᠠᠨ ᠡᠭᠦᠷᠦᠭᠡᠳ ᠶᠠᠪᠤᠵᠤ ᠪᠠᠶᠢᠬᠤ ᠪᠠᠷ | ᠲᠠ ᠮᠦᠨ ᠤᠤ︖ | ᠱᠠᠯᠪᠢᠩ ᠢᠨᠢᠶᠡᠮᠰᠤᠭ᠍ᠯᠡᠨ᠂ ᠪᠠᠷᠤᠭ ᠯᠡ ᠪᠠᠶᠢᠬ᠎ᠠ᠂ ᠪᠠᠷᠢᠯᠳᠤᠵᠤ ᠦᠵᠡᠨ᠎ᠡ ᠤᠤ︖ ᠭᠡᠯᠡ᠃ | — ᠪᠠᠷᠢᠯᠳᠤᠬᠤ ᠪᠠᠨ ᠴᠦ ᠪᠠᠶᠢᠶ᠎ᠡ᠃ ᠪᠦᠭᠡᠴᠢᠨ ᠭᠦᠮᠦᠨ ᠤᠨᠤᠭ᠎ᠠ ᠪᠠᠷ ᠭᠠᠴᠢᠭᠳᠠᠵᠤ ᠶᠠᠪᠤᠭ᠎ᠠ ᠲᠤᠯᠠ | ᠤᠨᠤᠭ᠎ᠠ ᠤᠯᠬᠤ ᠠᠷᠭ᠎ᠠ ᠵᠢᠭᠠᠵᠤ ᠦᠭᠪᠡ᠃ ᠬᠠᠷᠢᠨ ᠮᠠᠭᠤ ᠰᠠᠨᠠᠭ᠎ᠠ ᠭᠡᠵᠦ ᠪᠢᠳᠡᠭᠡᠢ ᠪᠤᠳᠤ ᠳ᠋ᠠ᠂ ᠲᠡᠷᠡ ᠦᠨᠳᠤᠷ | ᠡᠯᠡᠰᠦᠨ ᠤ ᠪᠠᠷᠠᠭᠤᠨ ᠲᠦᠭᠦᠮ ᠳᠤ ᠨᠢᠭᠡ ᠵᠤᠯᠪᠢᠩ ᠪᠤᠤᠷ᠎ᠠ ᠮᠠᠨ ᠤ ᠭᠡᠳᠦᠨ ᠢᠩᠭᠡ ᠬᠤᠷᠢᠶᠠᠭᠠᠳ ᠪᠤᠢ᠃ ᠵᠤᠷᠢᠭ | ᠪᠠᠶᠢᠭᠠᠳ ᠴᠢᠳᠠᠯ ᠴᠢᠨᠢ ᠬᠦᠷᠪᠡᠯ ᠠᠴᠢᠶ᠎ᠡ ᠪᠠᠨ ᠠᠴᠢᠭᠠᠳ ᠴᠠᠭᠠᠰᠢ ᠨᠢ ᠲᠠᠪᠠᠵᠦ ᠭᠠᠷᠪᠡᠯ ᠵᠡᠮ ᠢ ᠲᠦᠳᠠ | ᠪᠠᠶᠢᠳᠠᠭ ᠶᠤᠮ ᠭᠡᠳ ᠡᠯᠡᠰᠦᠨ ᠤ ᠦᠨᠳᠤᠷ ᠢ ᠲᠠᠰᠢᠭᠤᠷ ᠢᠶᠠᠷ ᠵᠢᠭᠠᠯ᠎ᠠ᠃ | — ᠮᠦᠷᠭᠦᠵᠦ ᠪᠠᠶᠢᠮᠠᠷ ᠭᠦᠮᠦᠨ ᠪᠠᠶᠢᠨ᠎ᠠ᠂ ᠮᠦᠷᠭᠦᠭᠦᠯᠵᠦ ᠶᠠᠪᠤᠬᠤ ᠪᠤᠯᠳᠤᠭᠠᠢ︕ | ᠲᠠᠷᠠᠭ᠎ᠠ ᠦᠷᠯᠦᠭᠡ ᠨᠢ ᠡᠷᠲᠡ ᠶᠠᠪᠤᠬᠤ ᠪᠠᠷ ᠬᠦᠦ ᠨᠢ ᠡᠭᠦᠷᠭᠡ ᠪᠠᠨ ᠲᠢᠭᠯᠡᠵᠦ ᠪᠠᠶᠢᠳᠡᠯ᠎ᠡ ᠡᠬᠡ ᠨᠢ | ᠲᠦᠷᠦᠭᠦᠯᠡᠨ ᠠᠯᠬᠤᠵᠤ ᠤᠳᠤᠯ᠎ᠠ᠃ ᠦᠨᠦᠳᠤᠷ ᠬᠦᠦ ᠨᠢ ᠬᠤᠷᠢᠭᠯᠠᠭᠰᠠᠨ ᠦᠭᠡᠢ᠂ ᠡᠯᠡᠰᠦᠨ ᠵᠠᠭᠠᠭ ᠢᠶᠠᠷ ᠤᠷᠤᠵᠤ | ᠨᠠᠯᠢᠶᠡᠳ ᠶᠠᠪᠤᠭᠰᠠᠨ ᠡᠬᠡ ᠨᠢ ᠦᠨᠳᠤᠷ ᠡᠯᠡᠰᠦ ᠶᠢ ᠬᠤᠶᠡᠷᠳᠠ ᠲᠠᠪᠠᠵᠤ ᠭᠠᠷᠤᠭᠠᠳ᠂ ᠬᠤᠶᠢᠰᠢ ᠡᠷᠬᠢᠨ ᠬᠦᠨᠳᠦ | ᠡᠭᠦᠷᠭᠡ ᠲᠠᠢ ᠬᠦᠦ ᠪᠠᠨ ᠬᠠᠷᠠᠵᠤ ᠲᠦᠷ ᠵᠤᠭᠰᠤᠭᠠᠳ ᠴᠠᠭᠠᠰᠢ ᠪᠠᠭᠤᠵᠤ ᠲᠦᠭᠦᠮ ᠳᠤ ᠤᠷᠤᠭᠰᠠᠨ ᠢᠶᠠᠨ ᠵᠤᠭ | ᠲᠤᠰᠤᠯ᠎ᠠ᠃ ᠬᠤᠷᠠᠭᠰᠠᠨ ᠲᠡᠮᠡᠭᠡᠨ ᠵᠠᠬ᠎ᠠ ᠠᠴᠠ ᠨᠢᠭᠡ ᠪᠤᠤᠷᠡ ᠲᠤᠪᠳᠤᠯᠭᠠᠵᠤ ᠠᠶᠢᠰᠦᠢ᠃ | ᠪᠤᠷᠬᠢᠯᠤᠭᠰᠠᠨ ᠭᠦᠭᠡᠰᠦ ᠪᠠᠷ ᠲᠤᠯᠤᠭᠠᠢ ᠭᠦᠵᠦᠬᠦᠦ ᠴᠡᠭᠡᠵᠢᠨ ᠪᠡᠶ᠎ᠡ ᠪᠠᠨ ᠴᠠᠭᠠᠨ ᠢᠶᠠᠷ ᠪᠢᠯᠳᠠᠭᠰᠠᠨ ᠪᠤᠶᠢᠯᠠ | ᠪᠤᠷᠠᠨᠳᠠᠭ ᠦᠭᠡᠢ᠂ ᠠᠭᠤᠯᠠ ᠰᠢᠭ᠋ ᠪᠡᠶ᠎ᠡ ᠲᠠᠢ᠂ ᠠᠷᠰᠯᠡᠨ ᠲᠤᠯᠤᠭᠠᠢ ᠲᠠᠢ ᠰᠤᠭᠲᠤᠭᠤ ᠬᠦᠷᠡᠩ ᠪᠤᠤᠷᠡ᠂ ᠨᠤᠭᠲᠤ | ᠲᠤᠮᠤᠭ᠎ᠠ ᠦᠭᠡᠢ ᠠᠮᠠ ᠪᠠᠨ ᠲᠤᠭᠤᠢ ᠠᠩᠭᠠᠯᠵᠠᠭᠤᠯᠤᠨ ᠡᠷᠡᠦ ᠬᠠᠪᠰᠢᠵᠦ᠂ ᠬᠠᠳᠠ ᠴᠢᠯᠠᠭᠤ ᠬᠠᠪᠢᠷᠤᠯᠳᠤᠬᠤ ᠰᠢᠭ᠋ | ᠠᠷᠠᠭ᠎ᠠ ᠰᠢᠳᠦ ᠪᠠᠨ ᠲᠠᠰ ᠨᠢᠰ ᠲᠠᠲᠠᠭᠤᠯᠤᠨ᠂ ᠬᠠᠪᠤᠷ ᠤᠨ ᠲᠡᠭᠷᠢ ᠨᠦᠷᠬᠢᠯᠡᠬᠦ ᠰᠢᠭ ᠲᠠᠰᠤᠷᠠᠯ ᠦᠭᠡᠢ | ᠬᠦᠷᠴᠢᠭᠢᠨᠡᠭᠰᠡᠭᠡᠷ ᠲᠠᠰᠢᠵᠦ ᠢᠷᠡᠭᠡᠳ ᠪᠤᠲᠠ ᠲᠠᠷᠤᠨ ᠰᠦᠬᠦᠷᠡᠵᠦ ᠤᠨᠠᠨ ᠬᠦᠯᠪᠡᠷᠢᠵᠦ ᠪᠤᠰᠤᠭᠠᠳ᠂ ᠬᠤᠶᠢᠳᠦ | ᠭᠦᠯ ᠢᠶᠠᠨ ᠴᠢᠨᠡᠭᠡ ᠪᠠᠷ ᠠᠯᠴᠠᠶᠢᠵᠤ ᠰᠠᠭᠤᠨ ᠠᠯᠳᠡᠨ ᠰᠢᠭᠡᠰᠦ ᠪᠠᠷ ᠢᠶᠠᠨ ᠱᠠᠪᠢᠵᠤ ᠭᠦᠨᠳᠦ ᠲᠠᠰᠢᠭᠤᠷ ᠢᠶᠠᠷ ᠱᠠᠯᠪᠠᠭ | ᠤᠰᠤ ᠲᠠᠰᠢᠭᠤᠷᠳᠠᠨ ᠪᠠᠶᠢᠬᠤ ᠰᠢᠭ᠋ ᠰᠠᠭᠦᠯ ᠰᠢᠪᠬᠠᠷᠠᠨ ᠵᠤᠭᠰᠤᠵᠤ ᠪᠠᠶᠢᠯ᠎ᠡ᠃ | ᠦᠨᠳᠦᠷ ᠴᠤᠬᠢᠶᠡᠨ ᠠᠴᠠ ᠨᠢᠭᠡᠨᠳᠠ ᠪᠠᠭᠤᠭᠰᠠᠨ ᠡᠮᠡᠭᠡᠨ ᠵᠢᠷᠦᠭᠡ ᠲᠦᠭᠰᠢᠨ ᠠᠶᠤᠵᠤ ᠤᠬᠤᠷᠢᠬᠤ ᠵᠠᠮ ᠦᠭᠡᠢ | ᠬᠠᠰᠢᠭᠳᠠᠭᠰᠠᠨ ᠪᠤᠯᠪᠠᠴᠦ ᠠᠷᠭ᠎ᠠ ᠮᠡᠭᠡ ᠶᠢ ᠰᠦᠪᠡᠭᠴᠢᠯᠡᠨ ᠭᠠᠯᠵᠠᠭᠤ ᠪᠤᠤᠷ᠎ᠠ ᠠᠴᠠ ᠵᠠᠶᠢᠳᠠᠪᠠ᠃ | ᠵᠤᠯᠪᠢᠩ ᠰᠤᠭᠳᠤᠭᠤ ᠡᠨ᠋ᠨ ᠪᠤᠤᠷ᠎ᠠ ᠵᠤᠨ ᠪᠣᠯᠵᠣ ᠬᠠᠭᠰᠠᠭ᠎ᠠ ᠨᠢ ᠭᠠᠷᠪᠡᠯ ᠢᠩᠭᠡᠨ ᠰᠦᠷᠦᠭ ᠢᠶᠠᠨ ᠤᠷᠬᠢᠵᠤ | ᠡᠯᠡᠰᠦᠨ ᠳᠤ ᠰᠢᠷᠭᠤᠨ ᠵᠡᠷᠯᠢᠭᠰᠢᠭᠡᠳ᠂ ᠡᠪᠦᠯ ᠪᠤᠯᠪᠠᠯ ᠢᠩᠭᠡᠨ ᠲᠡᠮᠡᠭᠡ ᠶᠢ ᠰᠦᠷᠦᠭ ᠢᠶᠠᠷ ᠬᠤᠷᠢᠶᠡᠵᠤ | ᠡᠷᠯᠢᠭᠰᠢᠭᠡᠳ ᠭᠦᠮᠦᠨ ᠠᠮᠢᠲᠡᠨ ᠬᠠᠪᠢᠳᠠᠭᠤᠯᠤᠯ ᠦᠭᠡᠢ ᠤᠰᠤ ᠴᠠᠰᠤ ᠪᠠᠷ ᠬᠠᠲᠠᠭᠠᠨ ᠡᠵᠡᠨ ᠲᠠᠢ ᠨᠢ ᠭᠠᠴᠢᠳᠠᠭ | ᠪᠠᠶᠢᠵᠡᠢ᠃ ᠭᠡᠳᠦᠨ ᠵᠢᠯ ᠤᠨ ᠡᠮᠦᠨ᠎ᠡ ᠰᠠᠨᠠᠮᠰᠠᠷ ᠦᠭᠡᠢ ᠤᠴᠠᠷᠠᠭᠰᠠᠨ ᠲᠡᠮᠡᠭᠡᠴᠢᠨ ᠡᠷ᠎ᠡ ᠶᠢ ᠲᠡᠮᠡᠭᠡ ᠲᠠᠢ ᠨᠢ | ᠰᠡᠭᠯᠡᠵᠦ ᠠᠯᠠᠭᠰᠠᠨ ᠠᠴᠠ ᠬᠤᠶᠢᠰᠢ ᠬᠠᠪᠢᠳᠠᠵᠦ ᠴᠢᠳᠠᠬᠤ ᠡᠷ᠎ᠡ ᠪᠠᠶᠢᠭ᠎ᠠ ᠦᠭᠡᠢ᠃ ᠯᠾᠠᠮᠦ ᠪᠤᠷᠬᠠᠨ ᠤ ᠬᠦᠯᠦᠭ | ᠲᠣᠭᠰᠢᠷᠠᠯᠠ ᠭᠡᠳ ᠯᠠᠮᠠ ᠵᠠᠯᠠᠵᠤ ᠠᠯᠤᠰ ᠠᠴᠠ ᠰᠠᠩ ᠲᠠᠯᠪᠢᠵᠤ ᠠᠷᠢᠭᠤᠳᠬᠠᠭᠰᠠᠨ ᠪᠤᠯᠪᠠᠴᠦ ᠲᠤᠰᠠ ᠪᠤᠯᠤᠭ᠎ᠠ | ᠦᠭᠡᠢ᠂ ᠵᠤᠨ ᠪᠣᠯᠬᠤ ᠳᠤ ᠬᠠᠭᠰᠠᠭ᠎ᠠ ᠨᠢ ᠭᠠᠷᠬᠤ ᠶᠢ ᠭᠦᠯᠢᠶᠡᠳᠡᠭ ᠪᠠᠶᠢᠵᠡᠢ᠃ ᠱᠠᠯᠪᠢᠩ ᠤᠨ ᠮᠤᠨᠳᠠᠭ | ᠴᠢᠳᠠᠯ ᠲᠠᠢ ᠶᠢ ᠰᠤᠨᠤᠰᠴᠦ ᠪᠠᠶᠢᠭᠰᠠᠨ ᠲᠡᠮᠡᠭᠡᠴᠢᠨ᠂ ᠢᠩᠭᠡ ᠪᠠᠨ ᠰᠠᠯᠭᠠᠵᠤ ᠠᠪᠬᠤ ᠶᠢᠨ ᠰᠢᠯᠲᠠᠭ ᠢᠶᠠᠷ | ᠴᠢᠳᠠᠯ ᠢ ᠨᠢ ᠲᠡᠩᠰᠡᠵᠦ ᠦᠵᠡᠬᠦ ᠭᠡᠪᠡ ᠤᠤ᠂ ᠰᠠᠶᠢᠨ ᠰᠠᠨᠠᠭ᠎ᠠ ᠪᠠᠷ ᠤᠨᠤᠭ᠎ᠠ ᠵᠢᠭᠠᠵᠦ ᠦᠭᠭᠦᠭᠡᠳ | ᠬᠤᠯᠠᠳᠠᠭᠤᠯᠬᠤ ᠶᠢ ᠪᠤᠳᠤᠪᠠ ᠤᠤ᠂ ᠪᠤᠤ ᠮᠡᠳᠡ ᠡ᠃ ᠶᠠᠭᠤ ᠴᠦ ᠪᠤᠯᠤᠭᠰᠠᠨ ᠭᠠᠯᠵᠠᠭᠤ ᠪᠤᠤᠷᠡ ᠶᠢ ᠲᠠᠶᠢᠯᠵᠤ | ᠠᠪᠤᠭᠰᠠᠨ ᠱᠠᠯᠪᠢᠩ ᠪᠠᠶᠡᠷ ᠲᠠᠢ ᠯᠡ ᠪᠠᠶᠢᠯ᠎ᠠ᠃ | ᠲᠤᠮᠤᠭ᠎ᠠ ᠦᠭᠡᠢ ᠭᠡᠦᠭᠡᠳ ᠡᠷᠡᠦ ᠪᠠᠨ ᠰᠢᠬᠠᠳᠠᠭ᠂ ᠲᠤᠮᠤᠭ᠎ᠠ ᠦᠭᠡᠢ ᠪᠤᠤᠷ᠎ᠠ ᠡᠷᠡᠦ ᠪᠠᠨ ᠵᠠᠭᠠᠳᠠᠭ᠃ | ᠡᠪᠰᠢᠶᠡᠭᠡᠳ ᠵᠠᠭᠠᠷᠠᠭᠰᠠᠨ ᠪᠢᠰᠢ᠂ ᠡᠷ᠎ᠡ ᠶᠢᠨ ᠴᠢᠳᠠᠯ ᠢᠶᠠᠷ ᠡᠷᠡᠦ ᠨᠢ ᠰᠡᠨᠵᠢᠬᠢᠨᠡᠭ᠌ᠰᠠᠨ ᠡᠮᠨᠡᠭ ᠬᠠᠩᠭᠠᠯ ᠪᠤᠤᠷᠡ ᠶᠢᠨ | ᠨᠢᠮᠭᠡᠨ ᠴᠡᠪᠢ ᠶᠢ ᠬᠠᠪᠲᠠᠭ᠎ᠠ ᠲᠠᠢ ᠨᠢ ᠲᠠᠰᠢᠷ ᠠᠳᠬᠤᠵᠤ ᠡᠪᠡᠳᠭᠡᠵᠦ ᠬᠡᠪᠳᠡᠭᠦᠯᠦᠭᠡᠳ ᠡᠵᠢ ᠶᠢᠨ ᠢᠶᠠᠨ ᠠᠪᠴᠦ | ᠢᠷᠡᠭᠰᠡᠨ ᠲᠡᠭᠡᠰᠦ ᠪᠠᠷ ᠠᠳᠤᠷᠢᠲᠠᠯᠡ ᠨᠠᠬᠢᠰᠯᠠᠵᠤ ᠠᠴᠢᠶ᠎ᠡ ᠪᠠᠨ ᠶᠠᠭᠠᠷᠠᠯ ᠦᠭᠡᠢ ᠠᠴᠢᠵᠤ ᠴᠢᠳᠠᠨ ᠶᠠᠳᠠᠨ | ᠪᠠᠭᠲᠠᠭᠠᠭᠠᠳ᠂ ᠪᠤᠤᠷᠡ ᠪᠠᠨ ᠪᠤᠰᠬᠠᠵᠤ ᠬᠡᠳᠦ ᠠᠯᠬᠤᠭᠰᠠᠨ ᠱᠠᠯᠪᠢᠩ ᠠᠴᠢᠶᠡᠨ ᠭᠤᠣᠯ ᠳᠤ ᠡᠵᠢ ᠪᠠᠨ ᠡᠷᠭᠦᠵᠦ | ᠰᠠᠭᠤᠯᠭᠠᠭᠠᠳ ᠶᠠᠪᠤᠶ᠎ᠡ ᠭᠡᠯᠡ᠃ | — ᠪᠠᠶᠢᠭ ᠴᠠᠭᠠᠰᠢ ᠪᠠᠨ ᠭᠡᠳ ᠡᠬᠡ ᠨᠢ ᠬᠦᠦ ᠶᠢᠨ ᠭᠠᠷ ᠢ ᠭᠦᠴᠦᠳᠡᠢ ᠲᠦᠯᠬᠢᠪᠡ᠃ | — ᠲᠦᠢᠯᠠᠬᠤ ᠠᠴᠠ ᠨᠢ ᠠᠶᠤᠵᠤ ᠪᠠᠶᠢᠭ᠎ᠠ ᠤᠤ︖ ᠡᠨ᠋ᠨ ᠪᠣᠣᠷ᠎ᠠ ᠶᠢ ᠪᠢ ᠨᠢᠭᠡ ᠴᠦ ᠦᠰᠦᠷᠦᠭᠦᠯᠬᠦ ᠦᠭᠡᠢ | ᠴᠤᠷᠪᠤᠭ ᠠᠴᠠ ᠨᠢ ᠲᠠᠰᠦ ᠠᠳᠬᠤᠭᠠᠳ ᠭᠦᠲᠦᠯᠵᠦ ᠶᠠᠪᠤᠶ᠎ᠡ ᠭᠡᠵᠦ ᠬᠦᠦ ᠨᠢ ᠲᠠᠬᠢᠨ ᠭᠠᠷ ᠰᠤᠩᠭᠠᠪᠠ᠃ | — ᠪᠠᠶᠢᠵᠠ᠂ ᠭᠦᠪᠡᠭᠦᠨ ᠮᠢᠨᠢ ᠲᠡᠭᠡᠵᠦ ᠪᠣᠯᠬᠤ ᠦᠭᠡᠢ ᠰᠢᠦ᠃ ᠡᠭᠦᠨ ᠤ ᠤᠴᠢᠷ ᠢ ᠴᠢᠮᠡᠳᠦ ᠭᠡᠯᠡᠵᠦ | ᠦᠭᠭᠦᠶ᠎ᠡ ᠭᠡᠳ ᠡᠵᠢ ᠢ ᠠᠯᠬᠤᠬᠤ ᠶᠢᠨ ᠲᠠᠭᠠᠦ᠂ ᠠᠵᠢᠷᠭ᠎ᠠ ᠪᠤᠤᠷ᠎ᠠ ᠭᠡᠭᠴᠢ ᠲᠠᠪᠤᠨ ᠬᠤᠰᠢᠭᠤ ᠮᠠᠯ ᠤᠨ ᠤᠩᠭᠤᠨ | ᠭᠡᠢ ᠮᠣᠷᠢ ᠭᠡᠳᠡᠭ᠂ ᠦᠰᠬᠦ ᠰᠦᠷᠦᠭ ᠤᠨ ᠲᠠᠷᠬᠠᠨ ᠰᠦᠯᠳᠠ ᠪᠤᠯᠬᠤᠷ ᠡᠵᠡᠨ ᠪᠣᠯᠬᠤ ᠪᠤᠷᠬᠠᠨ ᠰᠠᠬᠢᠭᠤᠯᠰᠤᠨ | ᠭᠦᠯᠭᠡᠯᠡᠵᠦ ᠪᠠᠶᠢᠳᠠᠭ ᠶᠤᠮ᠃ ᠡᠶᠢᠮᠦ ᠠᠴᠠ ᠡᠬᠡᠨᠡᠷ ᠭᠦᠮᠦᠨ ᠬᠡᠵᠢᠶ᠎ᠡ ᠴᠦ ᠭᠡᠰᠡᠨ ᠤᠨᠣᠵᠣ ᠵᠠᠶᠢᠳᠠᠯᠠᠬᠤ ᠶᠤᠰᠤ | ᠦᠭᠡᠢ᠃ ᠵᠤᠯᠪᠢᠩ ᠪᠤᠯᠪᠠᠴᠦ ᠪᠤᠤᠷᠡ ᠶᠤᠮ ᠴᠢᠨᠢ ᠤᠩᠭᠤᠨ ᠰᠠᠲᠡᠷ ᠡᠰᠡ ᠶᠠᠪᠤᠭᠰᠠᠨ ᠴᠤ ᠤᠨᠤᠵᠤ ᠶᠠᠭᠠᠬᠢᠨ | ᠪᠣᠯᠬᠤ ᠪᠤᠢ᠂ ᠠᠴᠢᠶ᠎ᠡ ᠪᠠᠨ ᠠᠴᠢᠭᠰᠠᠨ ᠨᠢ ᠪᠤᠯᠵᠡᠢ᠃ ᠮᠠᠨᠤᠰ ᠲᠤ ᠦᠰᠭᠡᠵᠦ ᠦᠷᠡᠵᠢᠭᠦᠯᠬᠦ ᠲᠡᠮᠡᠭᠡ ᠦᠭᠡᠢ ᠴᠦ | ᠲᠡᠭᠡᠳᠦᠰ ᠤᠨ ᠬᠤᠷᠢᠭ᠎ᠠ ᠴᠡᠭᠡᠷ ᠢ ᠳᠤᠷ᠎ᠠ ᠵᠣᠷᠢᠭ ᠢᠶᠠᠷ ᠢᠶᠠᠨ ᠡᠪᠳᠡᠵᠦ᠂ ᠬᠡᠰᠢᠭ ᠪᠤᠶᠠᠨ ᠢᠶᠠᠨ ᠪᠠᠷᠠᠬᠤ ᠶᠠᠪᠤᠳᠡᠯ ᠢ | ᠶᠠᠭᠠᠬᠢᠭᠰᠠᠨ ᠴᠦ ᠬᠢᠵᠦ ᠪᠣᠯᠬᠤ ᠦᠭᠡᠢ ᠰᠢᠦ ᠭᠡᠳ ᠡᠷᠬᠢᠵᠦ ᠬᠠᠷᠠᠪᠠ᠃ | ᠵᠢᠮᠡᠯᠡᠯ ᠤᠨ ᠪᠤᠰᠤ ᠡᠨᠡᠷᠢᠯ ᠤᠨ ᠵᠦᠭᠡᠯᠡᠨ ᠬᠠᠷᠠᠴᠠ ᠳᠤᠨᠢ ᠱᠠᠯᠪᠢᠩ ᠤᠨ ᠴᠢᠷᠠᠢ ᠬᠠᠯᠠᠭᠤ ᠨᠢᠯᠴᠢᠬᠢᠨᠡᠭᠡᠳ᠂ | ᠡᠵᠢ ᠶᠢᠨ ᠰᠤᠷᠭᠠᠯ ᠢ ᠴᠡᠭᠡᠵᠢᠯᠡᠵᠦ ᠶᠠᠪᠤᠶ᠎ᠡ ᠭᠡᠰᠡᠨ ᠢᠶᠠᠨ ᠲᠤᠯᠤᠭᠠᠢ ᠲᠤᠬᠢᠵᠦ ᠮᠡᠳᠡᠭᠳᠡᠪᠡ᠃ | — ᠡᠵᠢ ᠶᠢ ᠪᠢ ᠡᠭᠦᠷᠴᠦ ᠶᠠᠪᠤᠶ᠎ᠡ ᠭᠡᠵᠦ ᠵᠦᠭᠡᠯᠡᠨ ᠲᠠᠭᠤ ᠪᠠᠷ ᠬᠡᠯᠡᠪᠡ᠃ ᠡᠵᠢ ᠨᠢ ᠬᠠᠷᠢᠨ ᠠᠯᠬᠤᠮ ᠢᠶᠠᠨ | ᠲᠦᠷᠭᠡᠳᠭᠡᠭᠡᠳ᠂ | — ᠡᠷᠡᠦ ᠡᠪᠦᠳᠦᠭ ᠨᠠᠶᠢᠯᠡᠵᠦ ᠪᠠᠶᠢᠭ᠎ᠠ ᠴᠦ ᠪᠢᠰᠢ᠂ ᠡᠨᠡᠭᠦᠭᠡᠨ ᠡᠯᠡᠰᠦ ᠶᠢ ᠲᠤᠭᠤᠯᠤᠭᠠᠳ ᠭᠠᠷᠴᠢᠬᠠᠨ᠎ᠠ | ᠭᠡᠵᠦ ᠶᠠᠪᠤᠭᠤᠳᠠ ᠭᠡᠯᠡᠭᠡᠳ ᠨᠠᠮ ᠲᠡᠭᠰᠢ ᠡᠯᠡᠰᠦᠨ ᠵᠠᠭᠠᠭ ᠢᠶᠠᠷ ᠤᠷᠤᠯᠡ᠃ | ᠠᠯᠳᠠᠢ ᠶᠢᠨ ᠡᠩᠭᠡᠷ ᠠᠴᠠ ᠠᠯᠠᠱᠠ ᠨᠣᠲᠤᠭ ᠲᠤ ᠢᠷᠡᠨ ᠢᠷᠡᠳᠡᠯᠬᠢ ᠬᠤᠯᠠ ᠶᠢᠨ ᠵᠠᠮ ᠢ ᠲᠦᠭᠳᠡᠷᠡᠯ ᠦᠭᠡᠢ | ᠲᠤᠭᠤᠯᠬᠤ ᠳᠠᠭᠠᠨ ᠠᠭᠤᠯᠠ ᠶᠢᠨ ᠪᠠᠯ ᠢ ᠮᠠᠴᠦᠵᠦ ᠶᠠᠪᠤᠯᠡ᠂ ᠤᠨᠤᠭᠠᠨ ᠲᠡᠭᠡᠷ᠎ᠡ ᠭᠦᠯ ᠠᠮᠠᠷᠡᠵᠦ ᠴᠦ ᠶᠠᠪᠤᠯᠡ᠃ | ᠦᠲᠡᠯᠬᠦ ᠶᠢᠨ ᠴᠠᠭ ᠲᠤ ᠬᠦᠦ ᠪᠠᠷ ᠢᠶᠠᠨ ᠡᠭᠦᠷᠦᠭᠦᠯᠵᠦ᠂ ᠦᠬᠦᠬᠦ ᠶᠢᠨ ᠡᠮᠦᠨ᠎ᠡ ᠲᠡᠭᠡᠭᠡᠰᠢ ᠪᠣᠯᠬᠤ ᠶᠢ ᠪᠤᠳᠤᠭ᠎ᠠ | ᠦᠭᠡᠢ᠃ ᠬᠠᠷᠢᠨ ᠶᠠᠳᠠᠷᠡᠵᠤ ᠵᠦᠳᠡᠷᠡᠬᠦ ᠶᠢᠨ ᠴᠠᠭ ᠲᠤ ᠤᠮᠳᠠ ᠴᠠᠢ ᠦᠢᠷᠡᠳᠤᠭᠤᠯᠵᠤ᠂ ᠬᠦᠯᠳᠡᠵᠦ ᠪᠡᠭᠡᠷᠡᠬᠦ ᠶᠢᠨ | ᠴᠠᠭ ᠲᠤ ᠬᠤᠴᠢᠯᠭ᠎ᠠ ᠲᠡᠪᠢᠰᠭᠡᠷ ᠲᠠᠪᠬᠤᠷᠯᠠᠵᠦ ᠦᠭᠬᠦ ᠶᠤᠮ ᠰᠢᠦ᠂ ᠬᠦᠪᠡᠬᠦᠨ ᠮᠢᠨᠢ ᠭᠡᠵᠦ ᠭᠦᠯ ᠬᠦᠨᠳᠦᠷᠡᠬᠦ ᠶᠢᠨ | ᠦᠶ᠎ᠡ ᠪᠠᠷ ᠠᠴᠢᠯᠡᠯ ᠢ ᠨᠢ ᠬᠦᠷᠲᠡᠬᠦ ᠪᠠᠨ ᠵᠦᠢᠴᠢᠯᠡᠨ ᠪᠤᠳᠤᠵᠤ ᠪᠠᠶᠢᠭᠰᠠᠨ ᠨᠢ ᠦᠨᠡᠨ ᠪᠢᠯᠡ᠃ ᠭᠦᠪᠡᠬᠦᠨ ᠮᠢᠨᠢ ᠡ | ᠂ ᠭᠠᠭᠴᠠ ᠮᠤᠳᠤ ᠭᠠᠯ ᠪᠣᠯᠳᠠᠭ ᠦᠭᠡᠢ᠂ ᠭᠠᠭᠴᠠ ᠬᠦᠮᠦᠨ ᠠᠶᠢᠯ ᠪᠣᠯᠳᠠᠭ ᠦᠭᠡᠢ ᠭᠡᠳᠡᠭ ᠬᠠᠭᠤᠴᠢᠳ ᠤᠨ | ᠦᠭᠡᠨ ᠳᠤ ᠪᠠᠶᠢᠳᠠᠭ᠃ ᠭᠦᠪᠡᠬᠦᠨ ᠮᠢᠨᠢ ᠨᠤᠶᠡᠨ ᠤ ᠠᠳᠣᠭᠤᠴᠢᠨ ᠪᠤᠯᠵᠤ ᠪᠤᠶᠡᠨ ᠠᠴᠠ ᠨᠢ ᠬᠤᠪᠢᠶᠠᠯᠴᠠᠭᠠᠳ᠂ | ᠪᠡᠷᠢ ᠪᠠᠨ ᠪᠠᠭᠤᠯᠭᠠᠨ ᠠᠪᠴᠢᠷᠡᠵᠦ ᠠᠶᠢᠯ ᠭᠡᠷ ᠪᠤᠯᠵᠤ᠂ ᠤᠳᠤᠭ᠎ᠠ ᠲᠠᠯᠪᠢᠬᠤ ᠶᠢᠨ ᠲᠡᠷᠨ ᠴᠠᠭ ᠲᠤ ᠦᠨᠦᠷ ᠢᠶᠠᠷ ᠨᠢ | ᠵᠢᠷᠭᠠᠵᠤ᠂ ᠠᠨᠢᠷ ᠢᠶᠠᠷ ᠨᠢ ᠭᠦᠯ ᠢᠶᠠᠨ ᠵᠢᠬᠢᠵᠦ ᠬᠡᠪᠲᠡᠨ᠎ᠡ ᠭᠡᠵᠦ ᠤᠯᠠᠨ ᠢ ᠪᠤᠳᠤᠭᠰᠠᠨ ᠡᠬᠡ ᠨᠢ ᠠᠯᠬᠤᠮ ᠢᠶᠠᠨ | ᠲᠦᠷᠭᠡᠳᠭᠡᠨ ᠪᠠᠶᠢᠬᠤ ᠳᠤ ᠬᠦᠦ ᠨᠢ ᠶᠠᠪᠤ ᠶᠠᠳᠠᠭᠰᠠᠨ ᠪᠤᠤᠷᠡ ᠪᠠᠨ ᠴᠢᠷᠬᠦ ᠶᠢᠨ ᠨᠠᠭᠠᠭᠤᠷ ᠭᠦᠳᠦᠯᠵᠦ | ᠬᠤᠶᠢᠨ᠎ᠠ ᠠᠴᠠ ᠵᠢᠳᠬᠦᠭᠰᠡᠭᠡᠷ ᠪᠠᠶᠢᠪᠠ᠃ | ᠠᠯᠠᠱᠠ ᠨᠤᠲᠤᠭ ᠲᠤ ᠢᠷᠡᠭᠡᠳ ᠶᠡᠭᠡ ᠡᠯᠡᠰᠦᠨ ᠤ ᠭᠦᠨ ᠳᠤ ᠤᠳᠠᠭᠠᠨ ᠵᠢᠯ ᠠᠮᠢᠳᠤᠷᠠᠭᠰᠠᠨ ᠤ ᠬᠢ ᠪᠢᠵᠠ᠂ | ᠡᠬᠡ ᠬᠦᠦ ᠬᠤᠶᠡᠷ ᠲᠤ ᠡᠭᠡᠯᠢ ᠲᠠᠢ ᠬᠠᠷᠠᠭᠳᠠᠭᠰᠠᠨ ᠡᠨ᠋ᠨ ᠲᠦᠬᠦᠮ ᠳᠤ ᠠᠮᠠᠷᠠᠬᠤ ᠪᠠᠷ ᠪᠤᠯᠤᠯ᠎ᠠ᠃ | — ᠪᠢ ᠴᠢᠮᠠᠶᠢ ᠲᠠᠭᠠᠵᠦ ᠲᠡᠭᠡᠭᠡᠰᠢ ᠪᠣᠯᠬᠤ ᠪᠠᠷ ᠠᠳᠠ ᠪᠠᠨ ᠰᠠᠭᠤᠵᠤ ᠬᠤᠴᠤᠷᠤᠮᠠᠷ ᠪᠠᠶᠢᠨ᠎ᠠ ᠭᠡᠳ | ᠲᠦᠯᠡᠭᠡ ᠲᠡᠪᠡᠷᠢᠵᠦ ᠢᠷᠡᠭᠰᠡᠨ ᠡᠬᠡ ᠨᠢ ᠡᠷᠬᠢᠨ ᠲᠤᠭᠤᠷᠢᠨ ᠢᠶᠠᠨ ᠬᠠᠷᠠᠵᠤ ᠵᠤᠭᠰᠤᠨ᠎ᠠ᠂ ᠡᠨ᠋ᠨ ᠨᠢ ᠬᠦᠦ ᠶᠢᠨ | ᠣᠭᠲᠣ ᠰᠠᠨᠠᠭᠠᠨ ᠳᠤ ᠦᠭᠡᠢ ᠦᠭᠡ ᠪᠠᠶᠢᠯ᠎ᠠ᠃ | — ᠡᠵᠢ ᠪᠠᠨ ᠬᠦᠷᠲᠡᠯ᠎ᠡ ᠲᠡᠭᠡᠭᠡᠰᠢ ᠪᠠᠷ ᠦᠵᠡᠬᠦ ᠶᠤᠮ ᠪᠣᠯ ᠨᠠᠮᠠᠶᠢ ᠭᠦᠮᠦᠨ ᠭᠡᠵᠦ ᠬᠡᠯᠡᠨ᠎ᠡ ᠤᠤ᠂ ᠲᠡᠭᠡᠵᠦ | ᠪᠣᠯᠬᠤ ᠦᠭᠡᠢ᠂ ᠬᠠᠮᠢᠭ᠎ᠠ ᠬᠦᠷᠪᠡᠴᠦ ᠬᠠᠮᠳᠤ ᠶᠠᠪᠤᠵᠠᠭᠠᠶᠡ ᠭᠡᠵᠦ ᠬᠦᠦ ᠨᠢ ᠲᠤᠯᠤᠭᠠᠢ ᠰᠡᠭᠰᠦᠷᠪᠡ᠃ | — ᠬᠦᠪᠡᠬᠦᠨ ᠮᠢᠨᠢ ᠲᠡᠭᠡᠵᠦ ᠪᠢᠳᠡᠭᠡᠢ ᠬᠡᠯᠡ᠃ ᠡᠵᠢ ᠳᠤ ᠴᠢᠨᠢ ᠶᠠᠭ ᠯᠡ ᠰᠠᠨᠠᠵᠤ ᠶᠠᠪᠤᠭᠰᠠᠨ | ᠨᠤᠲᠤᠭ ᠲᠠᠭᠠᠨ ᠢᠷᠡᠭᠰᠡᠨ ᠰᠢᠭ ᠰᠠᠨᠠᠭᠳᠠᠭᠠᠳ ᠪᠠᠶᠢᠨ᠎ᠠ᠃ ᠪᠢ ᠠᠳᠠ ᠭᠦᠯ ᠢᠶᠠᠨ ᠠᠮᠠᠷᠠᠭᠠᠵᠤ ᠰᠠᠭᠤᠶᠡ᠃ ᠴᠢ | ᠮᠢᠨᠢ ᠪᠡᠶ᠎ᠡ ᠬᠤᠷᠭᠤᠳᠠᠬᠤ ᠭᠠᠵᠡᠷ ᠢᠶᠠᠨ ᠤᠯᠤᠭᠠᠳ᠂ ᠤᠨᠤᠭ᠎ᠠ ᠤᠨᠤᠰᠢ ᠲᠠᠢ ᠪᠤᠯᠪᠠᠯ ᠨᠠᠮᠠᠶᠢ ᠢᠷᠡᠵᠦ ᠠᠪᠠᠴᠢᠬᠤ | ᠪᠢᠵᠠ᠂ ᠶᠠᠭᠤ ᠭᠡᠵᠦ ᠨᠠᠮᠠᠶᠢ ᠬᠠᠶᠠᠬᠤ ᠪᠤᠢ᠃ | ᠡᠮᠡᠭᠡᠯ ᠬᠠᠵᠠᠭᠠᠷ ᠢᠶᠠᠨ ᠲᠢᠭᠯᠡᠵᠦ ᠠᠪᠤᠭᠠᠳ ᠬᠦᠦ ᠨᠢ ᠶᠠᠪᠤᠬᠤ ᠪᠠᠷ ᠪᠤᠯᠤᠯ᠎ᠠ᠃ ᠡᠵᠢ ᠨᠢ ᠪᠤᠭᠤᠳᠠᠯ ᠢᠶᠠᠨ | ᠠᠭᠤᠳᠠᠯᠵᠤ ᠬᠦᠦ ᠶᠢᠨ ᠢᠶᠠᠨ ᠵᠡᠭᠦᠵᠦ ᠦᠰᠦᠭᠰᠨᠨ ᠠᠮᠢᠨ ᠰᠠᠬᠢᠶ᠎ᠡ ᠶᠢ ᠭᠠᠷᠭᠠᠵᠤ ᠪᠠᠷᠢᠭᠠᠳ᠂ | — ᠡᠭᠦᠨ ᠢ ᠪᠡᠶ᠎ᠡ ᠳᠡᠭᠡᠨ ᠵᠡᠭᠦᠵᠦ ᠶᠠᠪᠤ ᠭᠡᠯᠡ᠃ | — ᠰᠠᠯᠠᠩ ᠪᠢ ᠠᠪᠴᠦ ᠶᠠᠪᠤᠬᠤ ᠪᠠᠷ ᠡᠵᠢ ᠲᠠ ᠬᠠᠳᠠᠭᠠᠯᠠᠭᠠᠳ ᠰᠠᠬᠢᠭᠤᠰᠤ ᠪᠤᠷᠬᠠᠨ ᠳᠠᠭᠠᠨ ᠵᠠᠯᠪᠠᠷᠢᠵᠦ | ᠪᠠᠶᠢᠪᠡᠯ ᠵᠡᠮ ᠮᠦᠷ ᠮᠢᠨᠢ ᠦᠯᠵᠡᠢ ᠭᠡᠢ ᠮᠣᠷᠢ ᠲᠠᠢ ᠪᠠᠶᠢᠬᠤ ᠪᠢᠰᠢ ᠤᠤ ᠭᠡᠵᠦ ᠬᠦᠦ ᠨᠢ ᠢᠨᠢᠶᠠᠮᠰᠤᠭ᠍ᠯᠡᠪᠡ᠃ | — ᠴᠤᠬᠤᠮ ᠲᠠᠶᠢᠮᠦ ᠴᠦ ᠶᠤᠮ ᠤᠤ ᠭᠡᠳ ᠡᠵᠢ ᠨᠢ ᠰᠠᠮᠪᠠᠢ ᠬᠠᠳᠠᠭ ᠲᠤ ᠪᠤᠭᠤᠭᠰᠠᠨ ᠵᠢᠵᠢᠭ ᠪᠤᠭᠤᠯᠳᠠ | ᠭᠠᠷᠭᠠᠵᠤ ᠪᠠᠷᠢᠭᠠᠳ ᠡᠭᠦᠨ ᠢ ᠵᠠᠪᠠᠯ ᠵᠡᠭᠦᠵᠦ ᠶᠠᠪᠤ ᠭᠡᠯᠡ᠃ | — ᠲᠡᠷᠨ ᠴᠢᠨᠢ ᠶᠠᠭᠤ ᠪᠤᠢ︖ | — ᠲᠠᠰᠤᠷᠡᠵᠦ ᠤᠨᠠᠭᠰᠠᠨ ᠬᠦᠢ ᠴᠢᠨᠢ ᠬᠠᠶᠢᠴᠢᠯᠠᠵᠤ ᠠᠪᠤᠭᠰᠠᠨ ᠲᠠᠭᠠᠬᠢ ᠲᠠᠢ ᠪᠠᠨ ᠪᠠᠶᠢᠭ᠎ᠠ ᠶᠤᠮ᠂ ᠡᠷ᠎ᠡ | ᠬᠦᠮᠦᠨ ᠤ ᠵᠠᠪᠠᠯ ᠲᠤᠭᠤᠯᠬᠤ ᠭᠤᠷᠪᠡᠨ ᠵᠤᠪᠠᠯᠠᠩ ᠪᠠᠶᠢᠳᠠᠭ ᠴᠦ ᠲᠠᠰᠤᠷᠡᠵᠦ ᠤᠨᠠᠭᠰᠠᠨ ᠬᠦᠢ ᠨᠢ ᠡᠮ ᠲᠣᠮ | ᠪᠣᠯᠳᠠᠭ ᠤᠴᠢᠷ ᠲᠠᠢ ᠳᠠᠭᠠᠨ ᠴᠢᠮᠠᠶᠢ ᠨᠢᠯᠬ᠎ᠠ ᠪᠠᠯᠴᠢᠷ ᠪᠠᠶᠢᠬᠤ ᠳᠤ ᠨᠢᠭᠡ ᠤᠳᠠᠭ᠎ᠠ ᠠᠶᠤᠯ ᠠᠴᠠ ᠭᠡᠲᠦᠯᠭᠡᠭᠰᠡᠨ | ᠶᠤᠮ᠃ | — ᠪᠢ ᠲᠡᠬᠢᠵᠦ ᠬᠤᠯᠠ ᠶᠠᠭᠤᠮᠡᠨ ᠳᠤ ᠶᠠᠪᠤᠬᠤ ᠦᠭᠡᠢ᠂ ᠣᠳᠠᠯ ᠦᠭᠡᠢ ᠢᠷᠡᠵᠦ ᠡᠵᠢ ᠶᠢ ᠠᠪᠠᠴᠢᠨ᠎ᠠ | ᠭᠡᠳ ᠨᠡᠭᠡᠢ ᠲᠠᠪᠡᠯ ᠢᠶᠠᠨ ᠲᠠᠶᠢᠯᠵᠦ ᠪᠠᠷᠢᠯ᠎ᠡ᠃ | — ᠭᠦᠪᠡᠭᠦᠨ ᠮᠢᠨᠢ ᠰᠠᠶᠢᠨ ᠶᠠᠪᠤᠭᠠᠳ ᠰᠠᠶᠢᠨ ᠬᠠᠷᠢᠵᠦ ᠢᠷ᠎ᠡ᠂ ᠡᠵᠢ ᠨᠢ ᠲᠤᠯᠤᠭᠠᠨ ᠪᠤᠷᠬᠠᠨ ᠳᠠᠭᠠᠨ | ᠡᠲᠦᠷ ᠪᠦᠷᠢ ᠵᠠᠯᠪᠠᠷᠢᠵᠦ ᠪᠠᠶᠢᠶ᠎ᠡ ᠭᠡᠵᠡᠢ᠃ | ᠭᠦᠪᠡᠭᠦᠨ ᠮᠢᠨᠢ ᠶᠠᠪᠤᠭᠠᠳ ᠠᠷᠪᠠᠭᠠᠳ ᠬᠤᠨᠤᠯ᠎ᠠ᠃ ᠬᠤᠨ ᠰᠢᠪᠠᠭᠤ ᠴᠦ ᠶᠠᠪᠤᠭᠰᠠᠨ ᠮᠦᠷ ᠢᠶᠠᠷ ᠢᠶᠠᠨ ᠡᠷᠬᠢᠵᠦ | ᠨᠢᠰᠦᠭᠡᠳ ᠢᠷᠡᠬᠦ ᠦᠭᠡᠢ ᠤᠤ︖ ᠵᠢᠪᠡᠷ ᠰᠦᠷᠴᠦ ᠭᠠᠷᠤᠭᠰᠠᠨ ᠶᠤᠮ᠂ ᠬᠡᠢ ᠮᠣᠷᠢ ᠲᠠᠢ ᠶᠠᠪᠤᠵᠤ ᠪᠤᠢ ᠪᠠᠶᠢᠬ᠎ᠠ᠃ | ᠣᠳᠣ ᠬᠠᠮᠢᠭ᠎ᠠ ᠶᠠᠪᠤᠵᠣ ᠯᠡ ᠪᠠᠶᠢᠬᠤ ᠪᠤᠢ᠂ ᠦᠵᠡᠮᠡᠷ ᠰᠠᠨᠠᠭᠳᠠᠭᠠᠳ ᠪᠠᠶᠢᠨ᠎ᠠ᠃ ᠬᠦᠦ ᠮᠢᠨᠢ ᠲᠡᠷᠡ ᠡᠯᠡᠰᠦᠨ | ᠴᠤᠬᠢᠶᠡ ᠪᠠᠷ ᠭᠠᠷᠴᠦ ᠢᠷᠡᠬᠦ ᠶᠤᠮ ᠭᠡᠳ ᠡᠯᠡᠰᠦᠨ ᠤ ᠡᠩᠭᠡᠷ ᠲᠡᠭᠡᠷ᠎ᠡ ᠨᠠᠷᠠ ᠡᠭᠡᠪᠦᠷᠢᠯᠡᠨ ᠠᠯᠤᠰ ᠢ ᠪᠠᠷᠠᠭᠠᠳᠠᠵᠤ | ᠰᠠᠭᠤᠯᠡ᠃ ᠡᠨᠡᠭᠡᠨ ᠵᠠᠭᠤᠷ᠎ᠡ ᠶᠠᠭ ᠬᠦᠦ ᠶᠢᠨ ᠬᠢᠨᠢ ᠶᠠᠪᠤᠭᠰᠠᠨ ᠮᠦᠷ ᠢᠶᠠᠷ ᠦᠬᠡᠷ ᠲᠠᠭᠤᠭᠰᠠᠨ ᠬᠦᠮᠦᠨ | ᠨᠠᠭᠠᠰᠢᠯᠠᠵᠤ ᠪᠠᠶᠢᠬᠤ ᠨᠢ ᠬᠠᠷᠠᠭᠳᠠᠯ᠎ᠠ᠃ ᠬᠠᠷᠠᠭᠠᠳ ᠪᠠᠶᠢᠬᠤ ᠳᠤ ᠬᠦᠦ ᠨᠢ ᠮᠦᠨ ᠪᠠᠶᠢᠯᠲᠠᠢ᠃ ᠦᠪᠡᠷ ᠤᠨ ᠡᠷᠬᠡ | ᠦᠭᠡᠢ ᠲᠤᠰᠴᠦ ᠤᠴᠢᠯᠡ᠃ ᠬᠦᠦ ᠨᠢ ᠮᠦᠨ ᠪᠠᠶᠢᠨ᠎ᠠ᠂ ᠪᠢᠷᠠᠭᠤ ᠲᠠᠭᠠᠭᠤᠯᠤᠭᠰᠠᠨ ᠬᠤᠶᠡᠷ ᠴᠦ ᠦᠨᠢᠶ᠎ᠡ | ᠲᠠᠭᠤᠭᠠᠳ ᠢᠷᠡᠵᠦ ᠶᠠᠪᠤᠨ᠎ᠠ᠃ | — ᠡᠵᠢ ᠶᠢ ᠭᠠᠭᠴᠠᠭᠠᠷᠳᠠᠬᠤ ᠪᠣᠯᠪᠠ ᠤᠤ ᠭᠡᠳ ᠦᠬᠡᠷ ᠬᠤᠳᠠᠯᠳᠤᠵᠤ ᠠᠪᠬᠤ ᠪᠠᠷ ᠶᠠᠪᠤᠭᠠᠳ ᠨᠢᠭᠡ ᠵᠢᠯ | ᠪᠤᠯᠤᠭᠰᠠᠨ ᠶᠤᠮ ᠰᠢᠭ᠋ ᠪᠠᠶᠠᠷᠯᠠᠵᠤ ᠡᠵᠢ ᠳᠡᠭᠡᠨ ᠬᠦᠦ ᠨᠢ ᠢᠨᠢᠶᠠᠮᠰᠦᠭᠯᠡᠨ ᠬᠡᠯᠡᠪᠡ᠃ | — ᠡᠨ᠋ᠨ ᠬᠠᠷᠢᠨ ᠪᠤᠯᠬᠤ ᠶᠤᠮ ᠪᠠᠶᠢᠨ᠎ᠠ ᠭᠡᠵᠦ ᠡᠵᠢ ᠨᠢ ᠴᠦ ᠲᠠᠭᠠᠰᠢᠶᠡᠯᠡ᠃ | — ᠰᠦᠢᠭᠡ ᠲᠠᠢ ᠶᠢ ᠨᠢ ᠰᠢᠯᠢᠵᠦ ᠠᠪᠤᠭᠰᠠᠨ ᠶᠤᠮ᠂ ᠬᠠᠪᠤᠷ ᠲᠤᠭᠤᠯᠯᠠᠬᠤ ᠪᠠᠶᠢᠬ᠎ᠠ᠃ ᠰᠠᠭᠠᠵᠤ | ᠰᠢᠪᠳᠤᠷᠠᠭᠠᠳ ᠤᠮᠳᠠ ᠴᠠᠢ ᠪᠠᠨ ᠴᠠᠶᠢᠯᠭᠠᠵᠤ ᠪᠠᠶᠢᠭᠠᠷᠠᠢ᠂ ᠵᠤᠨ ᠪᠤᠯᠭᠠᠭᠠᠳ ᠢᠷᠡᠵᠦ ᠠᠪᠤᠨ᠎ᠠ ᠰᠢᠦ ᠭᠡᠳ | ᠦᠷᠯᠦᠭᠡ ᠪᠠᠷ ᠭᠠᠷᠤᠭᠰᠠᠨ ᠬᠦᠦ ᠶᠢᠨ ᠬᠤᠶᠢᠨ᠎ᠠ ᠠᠴᠠ ᠬᠠᠷᠠᠵᠤ ᠬᠤᠴᠤᠷᠤᠭᠰᠠᠨ ᠡᠬᠡ ᠨᠢ ᠢᠨᠢᠶᠡᠭᠰᠡᠨ ᠦᠭᠡᠢ ᠴᠦ | ᠤᠬᠢᠯᠠᠭᠰᠠᠨ ᠦᠭᠡᠢ᠃ ᠲᠦᠷᠪᠡᠨ ᠦᠬᠡᠷ ᠲᠠᠢ ᠪᠤᠯᠤᠭᠰᠠᠨ ᠬᠦᠮᠦᠨ ᠲᠦᠷᠪᠡᠨ ᠬᠦᠦ ᠲᠠᠢ ᠯᠡ ᠭᠡᠵᠦ ᠮᠡᠳᠠ᠂ ᠶᠠᠮᠠᠷ | ᠨᠡᠷ᠎ᠡ ᠦᠭᠳᠡᠭ ᠪᠢᠯᠡ ᠭᠡᠳ ᠪᠤᠳᠤᠵᠤ ᠰᠠᠭᠤᠪᠠ᠃ ︵ᠦᠷᠬᠦᠯᠵᠢᠯᠡᠯ ᠪᠣᠢ︶ | |