ᠪᠦᠬᠡ ᠱᠠᠯᠪᠢᠩ ( ᠬᠤᠷᠢᠨ ᠨᠢᠬᠡ︶
ᠨᠡᠶᠢᠲᠡᠯᠡᠭᠰᠡᠨ ᠴᠠᠭ᠄
2023/7/28
   ᠬᠤᠷᠢᠨ ᠨᠢᠭᠡ   ᠪᠦᠬᠡ ᠱᠠᠯᠪᠢᠩ ᠬᠦᠮᠦᠨ ᠤ ᠶᠢᠷᠲᠢᠨᠴᠦ ᠠᠴᠠ ᠰᠠᠯᠬᠤ ᠶᠢᠨ ᠡᠮᠦᠨ᠎ᠡ ᠦᠯᠡᠳᠡᠭᠡᠭᠰᠡᠨ ᠬᠠᠲᠠᠭᠤ ᠭᠡᠷᠢᠶᠡᠰ    ᠱᠠᠯᠪᠢᠩ ᠠᠷᠣ ᠬᠠᠯᠬ᠎ᠠ ᠠᠴᠠ ᠠᠯᠠᠱᠠ ᠨᠣᠲᠤᠭ ᠲᠠᠭᠠᠨ ᠬᠠᠷᠢᠵᠤ ᠢᠷᠡᠭᠰᠡᠨ ᠠᠴᠠ ᠬᠤᠶᠢᠰᠢ᠂ ᠶᠡᠭᠡ ᠪᠠᠭ᠎ᠠ ᠨᠠᠶᠢᠷ ᠤᠨ ᠭᠠᠵᠠᠷ ᠪᠦᠬᠡ ᠶᠢᠨ ᠲᠠᠯᠠᠪᠣᠷ ᠲᠤ ᠲᠠᠬᠢᠵᠤ ᠶᠠᠷᠦ ᠭᠠᠷᠤᠭᠰᠠᠨ ᠦᠭᠡᠢ ᠠᠮᠣᠭᠤᠯᠠᠩ ᠰᠠᠶᠢᠬᠠᠨ ᠠᠵᠠ ᠵᠢᠷᠭᠠᠯ ᠲᠠᠢ ᠨᠣᠲᠤᠭ ᠲᠠᠭᠠᠨ ᠬᠠᠷᠢᠵᠦ᠂ ᠠᠪᠠᠭᠠᠢ ᠬᠡᠦᠭᠡᠳ ᠲᠠᠢ ᠪᠠᠨ ᠬᠠᠮᠲᠦ ᠣᠨᠳᠣᠷᠣᠯᠲᠣ ᠪᠣᠯᠠᠭ ᠭᠡᠳᠡᠭ ᠵᠠᠬ᠎ᠠ ᠬᠢᠵᠠᠭᠠᠷ ᠭᠠᠵᠠᠷ ᠲᠤ ᠮᠠᠯ ᠮᠠᠯᠵᠢᠨ ᠠᠮᠢᠳᠤᠷᠡᠵᠦ᠂ ᠠᠮᠤᠷ ᠲᠦᠪᠰᠢᠨ ᠰᠠᠭᠤᠵᠤ ᠪᠠᠶᠢᠵᠡᠢ᠃ ᠭᠡᠲᠡᠯ᠎ᠡ ᠦᠪᠡᠷ ᠤᠨ ᠡᠷᠬᠡ ᠦᠭᠡᠢ ᠰᠡᠳᠬᠢᠯ ᠳᠤᠨᠢ ᠡᠮᠦᠨ᠎ᠡ ᠬᠠᠭᠠᠰ ᠨᠠᠰᠤᠨ ᠤ ᠶᠠᠪᠤᠭᠰᠠᠨ ᠰᠠᠭᠤᠭᠰᠠᠨ ᠤᠴᠢᠷ ᠶᠠᠪᠤᠳᠡᠯ ᠤᠳ ᠢᠶᠠᠨ ᠡᠷᠬᠢᠴᠠᠭᠦᠯᠦᠨ ᠪᠣᠳᠣᠵᠣ᠂ ᠬᠦᠮᠦᠨ ᠤ ᠶᠢᠷᠲᠢᠨᠴᠦ ᠶᠢᠨ ᠬᠦᠢᠲᠡᠨ ᠬᠠᠯᠠᠭᠤᠨ ᠤ ᠲᠡᠭᠰᠢ ᠪᠤᠰᠣ ᠤᠴᠢᠷ ᠤᠳ ᠲᠤ ᠭᠤᠮᠣᠳᠠᠨ᠂ ᠡᠵᠡᠨ ᠬᠠᠭᠠᠨ ᠡᠷᠬᠡᠲᠡᠨ ᠰᠦᠷᠲᠡᠨ ᠤ ᠬᠠᠪᠴᠢᠯᠭ᠎ᠠ ᠬᠤᠣᠷᠯᠠᠯ ᠳᠤ ᠬᠤᠷᠣᠰᠴᠦ᠂ ᠲᠠᠬᠢᠵᠦ ᠯᠡ ᠬᠦᠮᠦᠨ ᠤ ᠡᠮᠦᠨ᠎ᠡ ᠬᠦᠴᠦ ᠪᠠᠨ ᠵᠠᠷᠤᠵᠤ᠂ ᠪᠠᠶᠠᠳ ᠨᠤᠶᠠᠳ ᠤᠨ ᠪᠠᠬ᠎ᠠ ᠶᠢ ᠨᠢ ᠬᠠᠩᠭᠠᠬᠤ ᠶᠠᠪᠤᠳᠠᠯ ᠬᠢᠬᠦ ᠦᠭᠡᠢ ᠭᠡᠵᠦ ᠲᠡᠭᠷᠢ ᠪᠤᠷᠬᠠᠨ ᠳᠠᠭᠠᠨ ᠲᠠᠭᠠᠳᠬᠠᠯ ᠲᠠᠩᠭᠠᠷᠢᠭ ᠲᠠᠯᠪᠢᠭᠰᠠᠨ ᠪᠠᠶᠢᠵᠡᠢ᠃ ᠭᠡᠪᠡᠴᠦ ᠪᠠᠰᠠ ᠨᠢᠭᠡ ᠪᠤᠳᠤᠵᠤ ᠦᠵᠡᠬᠦ ᠳᠤ᠂ ᠡᠴᠢᠭᠡ ᠡᠬᠡ ᠠᠴᠠ ᠵᠠᠶᠠᠭᠠᠭᠰᠠᠨ ᠡᠨ᠋ᠨ ᠰᠠᠶᠢᠬᠠᠨ ᠪᠡᠶ᠎ᠡ ᠪᠠ ᠡᠵᠡᠨ ᠬᠠᠭᠠᠨ ᠢ ᠰᠤᠴᠢᠭᠠᠭᠰᠠᠨ ᠲᠡᠷᠨ ᠭᠠᠶᠢᠬᠠᠮᠰᠢᠭᠲᠤ ᠨᠡᠷ᠎ᠡ ᠪᠠᠨ ᠡᠯᠡᠰᠦᠨ ᠬᠤᠲᠤᠭᠤᠷ ᠲᠤ ᠠᠨᠢᠷ ᠴᠢᠮᠡᠭᠡ ᠦᠭᠡᠢ ᠪᠤᠯᠠᠭᠳᠠᠭᠤᠯᠵᠣ ᠣᠷᠬᠢᠬᠤ ᠨᠢ ᠲᠠᠩᠴᠦ ᠬᠠᠶᠢᠷᠠᠨ ᠮᠡᠲᠦ ᠰᠠᠨᠠᠭᠳᠠᠬᠤ ᠲᠤᠯᠠ᠂ ᠡᠷ᠎ᠡ ᠴᠢᠳᠠᠯ ᠤᠨ ᠢᠶᠠᠨ ᠭᠡᠷᠡᠴᠢ ᠪᠤᠯᠭᠠᠵᠤ ᠬᠤᠶᠢᠴᠢ ᠦᠶ᠎ᠡ ᠶᠢᠨ ᠬᠦᠮᠦᠰ ᠲᠤ ᠡᠶᠢᠮᠦ ᠨᠢᠭᠡ ᠬᠦᠮᠦᠨ ᠪᠠᠶᠢᠵᠠᠢ ᠭᠡᠰᠡᠨ ᠢ ᠮᠡᠳᠡᠲᠦᠭᠡᠢ ᠭᠡᠵᠦ ᠲᠡᠮᠳᠡᠭ ᠦᠯᠡᠳᠡᠭᠡᠶ᠎ᠡ ᠭᠡᠳ ᠨᠢᠭᠡ ᠲᠤᠯᠤᠭᠠᠢ ᠶᠢᠨ ᠤᠷᠤᠢ ᠲᠡᠭᠡᠷ᠎ᠡ ᠬᠤᠨᠢᠨ ᠴᠢᠨᠡᠭᠡᠨ ᠭᠤᠷᠪᠡᠨ ᠪᠦᠳᠦᠭᠦᠨ ᠴᠢᠯᠠᠭᠤ ᠶᠢ ᠲᠤᠯᠭ᠎ᠠ ᠪᠤᠯᠭᠠᠨ ᠵᠠᠰᠠᠨ ᠲᠠᠯᠪᠢᠵᠤ᠂ ᠪᠠᠰᠠ ᠰᠠᠶᠢᠨ ᠪᠦᠳᠦᠭᠦᠨ ᠦᠬᠡᠷ ᠤᠨ ᠬᠢᠷᠢᠲᠠᠢ ᠨᠢᠭᠡᠨ ᠲᠤᠮᠤ ᠴᠢᠯᠠᠭᠤ ᠲᠡᠪᠠᠷᠢᠵᠦ ᠠᠪᠴᠦ ᠢᠷᠡᠭᠡᠳ ᠲᠡᠭᠡᠷ᠎ᠡ ᠨᠢ ᠭᠦᠨᠳᠠᠢ ᠳᠠᠮᠨᠠᠨ ᠲᠠᠯᠪᠢᠵᠠᠢ᠃ ᠪᠦᠬᠡ ᠱᠠᠯᠪᠢᠩ ︽ᠵᠠᠭᠤᠨ ᠬᠤᠨᠢᠨ ᠤ ᠨᠦᠮᠦᠷᠢ ᠪᠤᠯᠵᠣ ᠮᠢᠩᠭᠠᠨ ᠵᠢᠯ ᠤᠨ ᠲᠤᠷᠠᠰᠬᠠᠯ ᠪᠣᠯᠳᠣᠭᠠᠢ︕︾ ᠭᠡᠮᠡᠨ ᠪᠤᠳᠤᠭᠠᠳ ᠬᠤᠵᠢᠮ ᠤᠨ ᠭᠦᠮᠦᠰ ᠲᠤ ᠲᠤᠷᠠᠰᠬᠠᠯ ᠪᠣᠯᠭᠠᠨ ᠦᠯᠡᠳᠡᠭᠡᠭᠰᠡᠨ ᠲᠡᠷᠨ ᠬᠦᠨᠳᠡᠢ ᠳᠠᠮᠨᠠᠭᠰᠠᠨ ᠦᠬᠡᠷ ᠤᠨ ᠴᠢᠨᠡᠭᠡᠨ ᠴᠢᠯᠠᠭᠤ ᠣᠳᠣ ᠴᠦ ᠭᠡᠳ ᠮᠦᠨ ᠲᠡᠷᠡ ᠭᠠᠵᠠᠷ ᠲᠠᠭᠠᠨ ᠪᠠᠶᠢᠭᠰᠠᠭᠠᠷ ᠪᠢᠯᠡ᠃    ᠱᠠᠯᠪᠢᠩ ᠤᠨ ᠲᠡᠪᠡᠷᠢᠵᠦ ᠲᠠᠯᠪᠢᠭᠰᠠᠨ ᠲᠡᠷᠨ ᠦᠬᠡᠷ ᠤᠨ ᠴᠢᠨᠡᠭᠡᠨ ᠴᠢᠯᠠᠭᠤ ᠪᠠᠶᠢᠬᠤ ᠭᠠᠵᠠᠷ ᠪᠣᠯ ᠣᠭ ᠤᠨ ᠠᠯᠠᠱᠠ ᠵᠡᠭᠦᠨ ᠬᠤᠰᠢᠭᠤᠨ ᠤ ᠵᠠᠬ᠎ᠠ ᠲᠤᠯᠤᠭᠠᠨ ᠤ ᠪᠠᠭ ᠤᠨ ᠴᠢᠯᠠᠭᠤᠨ ᠤᠩᠭᠤᠴᠠᠳᠠᠢ ᠶᠢᠨ ᠵᠡᠭᠦᠨ ᠬᠤᠶᠢᠨ᠎ᠠ ᠪᠠᠶᠢᠭ᠎ᠠ ᠭᠤᠣᠯ ᠤᠨ ᠬᠦᠪᠡᠭᠡ ᠳᠤ ᠪᠣᠢ᠃    ᠣᠳᠣ ᠠᠯᠠᠱᠠ ᠵᠡᠭᠦᠨ ᠬᠤᠰᠢᠭᠤᠨ ᠤ ᠵᠠᠰᠠᠭ ᠤᠨ ᠤᠷᠳᠤᠨ ᠬᠢᠭᠡᠳ ᠤᠨᠳᠤᠷᠣᠯᠲᠣ ᠪᠠᠯᠭᠠᠰᠦᠨ ᠠᠴᠠ ᠱᠠᠯᠪᠢᠩ ᠢ ᠲᠣᠷᠠᠰᠬᠠᠵᠤ ᠲᠡᠷᠡᠬᠦ ᠦᠬᠡᠷ ᠤᠨ ᠴᠢᠨᠡᠭᠡᠨ ᠪᠦᠳᠦᠭᠦᠨ ᠴᠢᠯᠠᠭᠤ ᠶᠢ ᠬᠠᠮᠠᠭᠠᠯᠠᠨ ᠲᠠᠬᠢᠵᠦ ᠪᠤᠢ᠃ ᠮᠦᠨ ᠴᠦ ᠲᠤᠰ ᠪᠠᠯᠭᠠᠰᠦᠨ ᠤ ᠦᠵᠡᠮᠦᠷᠢ ᠶᠢᠨ ᠭᠠᠵᠠᠷ ᠪᠤᠯᠭᠠᠨ᠂ ᠵᠣᠭᠠᠴᠠᠯ ᠤᠨ ᠭᠦᠮᠦᠰ ᠤᠨ ᠰᠤᠨᠢᠷᠬᠠᠯ ᠢ ᠲᠠᠳᠠᠵᠦ ᠪᠠᠶᠢᠭ᠎ᠠ ᠶᠤᠮ᠃    ᠪᠦᠬᠡ ᠱᠠᠯᠪᠢᠩ ᠲᠡᠷᠡ ᠪᠦᠳᠦᠭᠦᠨ ᠦᠬᠡᠷ ᠤᠨ ᠴᠢᠨᠡᠭᠡᠨ ᠴᠢᠯᠠᠭᠤ ᠶᠢ ᠲᠡᠪᠡᠷᠢᠵᠦ ᠲᠠᠯᠪᠢᠭᠰᠠᠨ ᠤ ᠬᠤᠶᠢᠨ᠎ᠠ ᠱᠠᠯᠪᠢᠩ ᠳᠤ ᠪᠠᠰᠠ ᠨᠢᠭᠡᠨ ᠲᠦᠪᠡᠭᠳᠡᠢ ᠣᠴᠢᠷ ᠲᠤᠯᠭᠠᠷᠠᠵᠡᠢ᠃    ᠨᠢᠭᠡ ᠪᠠᠶᠠᠨ ᠬᠤᠳᠠᠯᠳᠤᠭᠠᠴᠢᠨ ᠬᠢᠲᠠᠳ ᠱᠠᠯᠪᠢᠩ ᠤᠨ ᠲᠡᠪᠡᠷᠢᠵᠤ ᠲᠠᠯᠪᠢᠭᠰᠠᠨ ᠲᠡᠷᠡ ᠦᠬᠡᠷ ᠤᠨ ᠴᠢᠨᠡᠭᠡᠨ ᠪᠦᠳᠦᠭᠦᠨ ᠴᠢᠯᠠᠭᠤ ᠶᠢ ᠭᠦᠮᠦᠨ ᠲᠡᠪᠡᠷᠢᠵᠦ ᠲᠠᠯᠪᠢᠭᠰᠠᠨ ᠢ ᠦᠬᠦᠪᠡᠴᠦ ᠢᠲᠡᠭᠡᠬᠦ ᠦᠭᠡᠢ ᠪᠠᠶᠢᠵᠤ ᠭᠦᠮᠦᠨ ᠤ ᠬᠢᠳᠡᠭ ᠠᠵᠢᠯ ᠪᠢᠰᠢ ᠭᠡᠳ ᠱᠠᠯᠪᠢᠩ ᠢ ᠰᠤᠷᠠᠭᠯᠠᠨ ᠬᠠᠶᠢᠵᠤ ᠢᠷᠡᠵᠤ ᠭᠡᠨ᠎ᠡ᠃    ᠲᠡᠭᠡᠭᠡᠳ ᠱᠠᠯᠪᠢᠩ ᠲᠠᠢ ᠤᠴᠠᠷᠠᠭᠠᠳ ᠮᠦᠷᠦᠢ ᠲᠠᠯᠪᠢᠬᠤ ᠪᠤᠯᠵᠤ᠄ ︽ᠴᠢ ᠲᠡᠷᠡ ᠪᠦᠳᠦᠬᠦᠨ ᠦᠬᠡᠷ ᠤᠨ ᠴᠢᠨᠡᠭᠡᠨ ᠴᠢᠯᠠᠭᠤ ᠶᠢ ᠲᠡᠪᠡᠷᠢᠵᠤ ᠲᠠᠯᠪᠢᠭᠰᠠᠨ ᠶᠤᠮ ᠪᠣᠯ ᠣᠳᠣ ᠮᠢᠨᠦ ᠵᠢᠷᠭᠤᠭᠠᠨ ᠯᠠᠭᠤᠰᠠ ᠶᠢ ᠨᠢᠭᠡ ᠲᠡᠲᠠᠵᠤ ᠦᠵᠡ᠃ ᠬᠡᠷᠪᠡ ᠲᠠᠲᠠᠭᠠᠳ ᠵᠤᠭᠰᠤᠭᠠᠵᠤ ᠴᠢᠳᠠᠳᠠᠭ ᠪᠣᠯ ᠪᠢ ᠴᠢᠮᠠᠳᠦ ᠮᠢᠩᠭᠠᠨ ᠴᠠᠭᠠᠨ ᠵᠤᠭᠤᠰ ᠦᠭᠭᠦᠶ᠎ᠡ᠂ ᠴᠢ ᠬᠡᠷᠪᠡ ᠮᠢᠨᠦ ᠵᠢᠷᠭᠤᠭᠠᠨ ᠯᠠᠭᠤᠰᠠ ᠶᠢ ᠲᠠᠲᠠᠭᠠᠳ ᠵᠤᠭᠰᠤᠭᠠᠵᠤ ᠴᠢᠳᠠᠳᠠᠭ ᠦᠭᠡᠢ ᠪᠣᠯ ᠮᠢᠨᠦ ᠬᠡᠯᠡᠭᠰᠡᠨ ᠢᠶᠠᠨ ᠪᠢ ᠠᠮᠠ ᠪᠠᠷ ᠪᠢᠰᠢ ᠬᠠᠷᠢᠨ ᠪᠦᠭᠰᠡ ᠪᠠᠷ ᠭᠠᠷᠤᠭᠰᠠᠨ ᠬᠡᠢ ᠪᠤᠯᠣᠨ᠎ᠠ ᠭᠡᠵᠦ ᠡᠵᠡᠯᠡᠶ᠎ᠡ᠃ ᠶᠠᠮᠠᠷ ᠪᠣᠢ︖ ᠨᠠᠳᠠ ᠲᠠᠢ ᠮᠦᠷᠦᠢ ᠲᠠᠯᠪᠢᠬᠤ ᠵᠣᠷᠢᠭ ᠪᠠᠶᠢᠨ᠎ᠠ ᠤᠤ︖︾ ᠭᠡᠵᠦ ᠱᠠᠯᠪᠢᠩ ᠠᠴᠠ ᠠᠰᠠᠭᠤᠵᠠᠢ᠃    ᠱᠠᠯᠪᠢᠩ ᠡᠨ᠋ᠨ ᠦᠭᠡ ᠶᠢ ᠰᠤᠨᠤᠰᠤᠭᠠᠳ ᠶᠠᠭᠤ ᠴᠤ ᠬᠡᠯᠡᠯ ᠦᠭᠡᠢ ᠪᠤᠴᠠᠭᠠᠳ ᠶᠠᠪᠤᠬᠤ ᠭᠡᠰᠡᠨ ᠳᠤ᠂ ᠬᠤᠳᠠᠯᠳᠤᠭᠠᠴᠢᠨ ᠰᠠᠨᠳᠤᠷᠴᠦ ᠱᠠᠯᠪᠢᠩ ᠤᠨ ᠡᠮᠦᠨ᠎ᠡ ᠨᠢ ᠢᠷᠡᠵᠦ ᠵᠤᠭᠰᠤᠭᠠᠳ ᠬᠡᠯᠡᠵᠡᠢ᠄ ︽ᠶᠠᠮᠠᠷ ᠪᠠᠶᠢᠨ᠎ᠠ ᠳ᠋ᠠ︖ ᠬᠤᠳᠠᠯ ᠴᠢᠨᠢ ᠪᠠᠶᠢᠬᠤ ᠪᠢᠰᠢ ᠤᠤ︖ ᠡᠰᠡ ᠪᠣᠯ ᠵᠢᠭᠠᠬᠠᠨ ᠶᠠᠭᠤᠮ᠎ᠠ ᠣᠯᠵᠣ ᠠᠪᠬᠤ ᠭᠡᠰᠡᠨ ᠰᠠᠨᠠᠭ᠎ᠠ ᠲᠠᠢ ᠪᠠᠶᠢᠨ᠎ᠠ ᠤᠤ︖ ᠲᠠᠶᠢᠮᠦ ᠰᠠᠨᠠᠭ᠎ᠠ ᠲᠠᠢ ᠪᠠᠶᠢᠳᠠᠭ ᠪᠣᠯ ᠪᠢ ᠮᠢᠩᠭᠠᠨ ᠶᠠᠩᠴᠢᠶᠡᠨ ᠭᠠᠷᠭᠠᠶ᠎ᠡ᠃ ᠮᠦᠷᠦᠢ ᠪᠠᠨ ᠣᠯᠪᠠᠯ ᠮᠦᠨ ᠲᠤᠤᠷ᠎ᠡ ᠪᠠᠨ ᠲᠡᠭᠦᠵᠦ ᠠᠪᠤᠭᠠᠳ ᠶᠠᠪᠤ᠂ ᠪᠢ ᠯᠠᠪ ᠬᠡᠯᠡᠭᠰᠡᠨ ᠦᠭᠡ ᠪᠠᠨ ᠪᠤᠴᠠᠭᠠᠬᠤ ᠦᠭᠡᠢ᠃ ᠮᠢᠩᠭ᠎ᠠ ᠪᠠᠶᠢᠳᠤᠭᠠᠢ ᠲᠦᠮᠡᠨ ᠶᠠᠩᠴᠢᠶᠡᠨ ᠠᠯᠳᠠᠬᠤ ᠪᠠᠷ ᠪᠤᠳᠤᠪᠠᠴᠦ ᠪᠢ ᠪᠣᠯ ᠲᠡᠳᠦ᠋ᠢᠬᠡᠨ ᠶᠠᠭᠤᠮ᠎ᠠ ᠪᠠᠷ ᠬᠤᠳᠦ᠋ᠢᠬᠤ ᠡᠷ᠎ᠡ ᠪᠢᠰᠢ ᠰᠢᠦ︕︾ ᠭᠡᠰᠡᠨ ᠳᠤ ᠱᠠᠯᠪᠢᠩ ᠤᠨ ᠠᠭᠤᠷ ᠨᠢ ᠬᠦᠷᠴᠦ᠄ ︽ᠪᠢ ᠴᠦ ᠪᠠᠰᠠ ᠴᠢᠨᠦ ᠲᠡᠷᠡ ᠪᠤᠵᠠᠷ ᠵᠤᠭᠤᠰᠤᠨ ᠳᠤ ᠴᠢᠨᠢ ᠲᠤᠷᠠᠯᠠᠬᠤ ᠪᠠᠷ ᠭᠦᠮᠦᠨ ᠪᠢᠰᠢ ᠡ᠂ ᠬᠠᠷᠢᠨ ᠴᠢᠨᠦ ᠲᠡᠷᠨ ᠠᠮᠠ ᠶᠢ ᠯᠡ ᠭᠦᠮᠦᠨ ᠤ ᠠᠮᠠᠨ ᠤ ᠲᠤᠭᠠᠨ ᠠᠴᠠ ᠬᠠᠶᠠᠶ᠎ᠠ ᠭᠡᠵᠦ ᠪᠤᠳᠤᠵᠤ ᠪᠠᠶᠢᠨ᠎ᠠ᠃ ᠶᠠᠪᠤᠵᠤ ᠯᠠᠭᠤᠰᠠ ᠪᠠᠨ ᠠᠪᠤᠭᠠᠳ ᠢᠷ᠎ᠡ︾ ᠭᠡᠵᠦ ᠤᠮᠤᠭ ᠲᠠᠢ ᠬᠡᠯᠡᠭᠰᠡᠨ ᠳᠤ ᠲᠡᠷᠡ ᠬᠤᠳᠠᠯᠳᠤᠭᠠᠴᠢᠨ ᠬᠢᠲᠠᠳ ᠶᠠᠪᠤᠵᠤ ᠵᠢᠷᠭᠤᠭᠠᠨ ᠯᠠᠭᠤᠰᠠ ᠪᠠᠨ ᠭᠦᠲᠦᠯᠦᠭᠡᠳ ᠢᠷᠡᠵᠡᠢ᠃    ᠲᠡᠭᠡᠭᠡᠳ ᠱᠠᠯᠪᠢᠩ ᠲᠡᠷᠡ ᠬᠤᠳᠠᠯᠳᠤᠭᠠᠴᠢᠨ ᠬᠢᠲᠠᠳ ᠲᠠᠢ ᠮᠦᠷᠦᠢ ᠲᠠᠯᠪᠢᠬᠤ ᠪᠠᠷ ᠪᠣᠯᠵᠠᠢ᠃ ᠲᠡᠷᠡ ᠬᠤᠳᠠᠯᠳᠤᠭᠠᠴᠢᠨ ᠵᠢᠷᠭᠤᠭᠠᠨ ᠪᠦᠳᠦᠭᠦᠨ ᠯᠠᠭᠤᠰᠠ ᠪᠤᠯᠤᠨ ᠵᠢᠷᠭᠤᠭᠠᠨ ᠤᠯᠤᠰᠤᠨ ᠠᠷᠭᠠᠮᠵᠢ ᠠᠪᠴᠢᠷᠡᠵᠤ᠂ ᠨᠢᠭᠡ ᠲᠠᠯ᠎ᠠ ᠶᠢᠨ ᠦᠵᠦᠭᠦᠷ ᠤᠳ ᠢ ᠨᠢ ᠵᠢᠷᠭᠤᠭᠠᠨ ᠪᠦᠳᠦᠭᠦᠨ ᠯᠠᠭᠤᠰᠠ ᠳᠠᠭᠠᠨ ᠨᠢᠭᠡ ᠨᠢᠭᠡ ᠪᠠᠷ ᠤᠶᠠᠵᠤ᠂ ᠨᠦᠬᠦᠭᠡ ᠦᠵᠦᠭᠦᠷ ᠤᠳ ᠢ ᠨᠢ ᠨᠠᠶᠢᠯᠡᠭᠦᠯᠦᠨ ᠵᠠᠩᠬᠢᠳᠴᠦ ᠨᠢᠭᠡ ᠪᠣᠯᠭᠠᠭᠠᠳ ᠱᠠᠯᠪᠢᠩ ᠳᠤ ᠦᠭᠴᠡᠢ᠃    ᠵᠠ᠂ ᠣᠳᠣ ᠪᠣᠯᠣᠯ᠎ᠠ ᠭᠡᠬᠦ ᠶᠢᠨ ᠬᠢᠷᠢ ᠳᠤ᠂ ᠡᠨ᠋ᠨ ᠲᠡᠯ᠎ᠠ ᠳᠤ ᠬᠤᠳᠠᠯᠳᠤᠭᠠᠴᠢᠨ ᠪᠡᠶ᠎ᠡ ᠪᠠᠷ ᠢᠶᠠᠨ ᠢᠷᠡᠭᠡᠳ ᠲᠠᠰᠢᠭᠤᠷ ᠡᠷᠬᠢᠬᠦᠯᠦᠨ ᠴᠢᠪᠬ᠎ᠠ ᠴᠢᠪᠬ᠎ᠠ ᠲᠠᠰᠢᠭᠤᠷᠳᠠᠵᠤ ᠵᠢᠷᠭᠤᠭᠠᠨ ᠯᠠᠭᠤᠰᠠ ᠪᠠᠨ ᠤᠷᠤᠭᠰᠢ ᠨᠢ ᠵᠢᠳᠬᠦᠬᠦᠯᠵᠦ᠂ ᠲᠡᠷᠨ ᠲᠠᠯ᠎ᠠ ᠳᠤ ᠱᠠᠯᠪᠢᠩ ᠭᠠᠭᠴᠠᠭᠠᠷ ᠢᠶᠠᠨ ᠪᠦᠭᠡᠷᠡᠭ ᠦᠭᠰᠦᠭᠦᠯᠦᠨ ᠵᠢᠷᠭᠤᠭᠠᠨ ᠯᠠᠭᠤᠰᠠ ᠶᠢ ᠬᠤᠶᠢᠰᠢ ᠨᠢ ᠲᠠᠲᠠᠵᠤ᠂ ᠬᠤᠶᠡᠷ ᠡᠲᠡᠭᠡᠳ ᠭᠦᠴᠦ ᠲᠡᠩᠴᠡᠨ ᠲᠡᠮᠡᠴᠡᠯᠳᠤᠵᠤ ᠡᠬᠢᠯᠠᠵᠡᠢ᠃ ᠲᠡᠭᠡᠭᠰᠡᠭᠡᠷ ᠪᠠᠶᠢᠳᠠᠯ᠎ᠡ᠂ ᠱᠠᠯᠪᠢᠩ ᠤᠨ ᠰᠤᠲᠠᠰᠤ ᠨᠢ ᠭᠦᠷᠡᠶᠢᠨ ᠪᠤᠯᠴᠢᠩ ᠨᠢ ᠵᠠᠩᠭᠢᠷᠡᠵᠤ᠂ ᠭᠡᠨᠡᠳᠭᠡᠨ ︽ᠬᠠᠢ︕︾ ᠭᠡᠵᠤ ᠭᠠᠵᠠᠷ ᠲᠤᠷᠭᠢᠮ᠎ᠠ ᠴᠢᠩᠭ᠎ᠠ ᠲᠠᠭᠤ ᠪᠠᠷ ᠨᠢᠭᠡ ᠯᠡ ᠰᠦᠷᠡᠬᠡᠢ ᠬᠠᠰᠬᠢᠷᠦᠨ ᠤᠭᠵᠠᠷᠠᠬᠤ ᠳᠤ ᠦᠨᠦ ᠵᠢᠷᠭᠤᠭᠠᠨ ᠪᠦᠳᠦᠭᠦᠨ ᠯᠠᠭᠤᠰᠠ ᠨᠢ ᠪᠣᠯᠵᠤᠭ᠎ᠠ ᠲᠠᠢ ᠶᠤᠮ ᠰᠢᠭ᠋ ᠨᠢᠭᠡ ᠵᠡᠷᠭᠡ ᠪᠠᠷ ᠬᠤᠶᠢᠰᠢ ᠪᠠᠨ ᠨᠢᠭᠡ ᠨᠢᠭᠡ ᠠᠯᠬᠤᠮ ᠤᠬᠤᠷᠢᠵᠤ ᠠᠮᠢᠰᠬᠤᠭᠠᠳᠠᠨ ᠵᠣᠭᠰᠣᠵᠠᠭᠠᠵᠤ ᠪᠠᠶᠢᠵᠠᠢ ᠭᠡᠨ᠎ᠡ᠃    ᠦᠨᠦ ᠰᠠᠶᠢᠬᠢ ᠬᠤᠳᠠᠯᠳᠤᠭᠠᠴᠢᠨ ᠣᠳᠣ ᠴᠦ ᠮᠦᠩᠬᠦ ᠪᠠᠨ ᠠᠯᠳᠠᠵᠤ ᠭᠦᠢᠴᠡᠪᠡ ᠰᠢᠦ ᠭᠡᠵᠦ ᠬᠠᠷᠠᠮᠰᠡᠨ ᠬᠤᠷᠣᠰᠣᠭᠰᠠᠨ ᠶᠠᠩᠵᠤ ᠲᠠᠢ᠂ ᠱᠠᠯᠪᠢᠩ ᠤᠷᠤᠭᠤ ᠬᠤᠯᠠᠭᠠᠢ ᠪᠠᠷ ᠨᠢᠳᠦ ᠪᠠᠨ ᠭᠦᠯᠢᠯᠵᠡᠨ ᠬᠠᠷ᠎ᠠ ᠴᠠᠭᠠᠨ ᠲᠠᠭᠤ ᠦᠭᠡᠢ ᠭᠤᠩᠰᠦ᠋ᠢᠨ ᠵᠤᠭᠰᠤᠵᠤ᠂ ᠱᠠᠯᠪᠢᠩ ᠨᠢ ᠣᠳᠣ ᠴᠢᠨᠦ ᠲᠡᠷᠡ ᠠᠮᠠ ᠴᠦ ᠭᠦᠮᠦᠨ ᠤ ᠠᠮᠠ ᠪᠢᠰᠢ ᠪᠤᠯᠵᠤ ᠲᠠᠭᠤᠰᠤᠭᠰᠠᠠ ᠰᠢᠦ ᠭᠡᠰᠡᠨ ᠪᠠᠶᠢᠳᠠᠯ ᠲᠠᠢ ᠬᠤᠳᠠᠯᠳᠤᠭᠠᠴᠢᠨ ᠢ ᠨᠢᠭᠡ ᠰᠠᠶᠢᠨ ᠬᠠᠷᠠᠵᠤ ᠠᠪᠤᠭᠠᠳ ᠶᠠᠪᠤᠭᠠᠳ ᠦᠭᠴᠡᠢ᠃    ᠲᠡᠭᠦᠨ ᠤ ᠮᠠᠷᠭᠠᠰᠢ ᠠᠴᠠ ᠱᠠᠯᠪᠢᠩ ᠤᠨ ᠴᠡᠭᠡᠵᠢ ᠨᠢ ᠬᠠᠳᠬᠤᠯᠠᠨ ᠠᠮᠢᠰᠬᠤᠯ ᠨᠢ ᠲᠡᠭᠡᠷᠡᠳᠡᠵᠤ ᠲᠠᠮᠢᠷ ᠰᠦᠯᠳᠡ ᠨᠢ ᠮᠠᠭᠤᠳᠠᠭᠰᠠᠭᠠᠷ ᠪᠠᠶᠢᠭᠠᠳ ᠴᠠᠭᠠᠰᠢ ᠪᠠᠨ ᠬᠡᠪᠲᠡᠷᠢ ᠳᠤ ᠤᠷᠤᠵᠠᠢ᠃    ᠲᠡᠭᠡᠭᠡᠳ ᠨᠢᠭᠡ ᠡᠳᠦᠷ ᠠᠪᠠᠭᠠᠢ ᠳᠠᠭᠠᠨ ᠬᠡᠯᠡᠵᠡᠢ᠄ ︽ᠪᠢ ᠵᠠᠯᠢᠲᠦ ᠭᠦᠮᠦᠨ ᠤ ᠠᠷᠭᠠᠨ ᠳᠤ ᠤᠷᠤᠵᠤ ᠬᠡᠷᠡᠭ ᠦᠭᠡᠢ ᠮᠡᠯᠵᠢᠶ᠎ᠡ ᠲᠠᠯᠪᠢᠭᠠᠳ ᠪᠡᠶ᠎ᠡ ᠪᠠᠨ ᠦᠭᠡᠢ ᠬᠢᠵᠦ ᠤᠷᠬᠢᠯ᠎ᠠ᠃ ᠡᠨ᠋ᠨ ᠶᠢᠷᠲᠢᠨᠴᠦ ᠳᠤ ᠭᠦᠮᠦᠨ ᠪᠤᠯᠵᠣ ᠲᠦᠷᠦᠪᠡᠯ ᠭᠡᠵᠢᠶᠡᠳᠠ ᠮᠤᠤᠷ ᠰᠢᠭ᠋ ᠬᠢᠮᠦᠰᠦ ᠪᠠᠨ ᠨᠢᠭᠤᠵᠤ ᠶᠠᠪᠤᠬᠤ ᠯᠡ ᠬᠡᠷᠡᠭᠳᠡᠢ ᠶᠤᠮ ᠪᠠᠶᠢᠨ᠎ᠠ᠃ ᠬᠦᠦ ᠮᠢᠨᠢ ᠣᠳᠣ ᠭᠤᠷᠪᠠ ᠲᠦᠷᠪᠡᠨ ᠨᠠᠰᠤ ᠲᠠᠢ ᠪᠠᠶᠢᠵᠤ ᠪᠠᠶᠢᠭᠠᠳ ᠴᠢᠯᠠᠭᠤᠨ ᠲᠡᠭᠡᠷᠮ᠎ᠡ ᠶᠢ ᠨᠢᠭᠡ ᠨᠢᠭᠡ ᠭᠠᠷ ᠲᠠᠭᠠᠨ ᠪᠠᠷᠢᠭᠠᠳ ᠬᠦᠶᠦᠵᠦ ᠪᠠᠶᠢᠨ᠎ᠠ ᠰᠢᠦ᠃ ᠲᠡᠭᠦᠨ ᠢ ᠨᠢ ᠡᠷᠲᠡᠨ ᠠᠴᠠ ᠬᠡᠯᠡᠵᠦ ᠪᠠᠶᠢᠯᠭᠠᠬᠤ ᠦᠭᠡᠢ ᠪᠣᠯ᠂ ᠬᠤᠵᠢᠮ ᠳᠠᠭᠠᠨ ᠪᠠᠰᠠ ᠮᠢᠨᠦ ᠮᠦᠷ  ᠢᠶᠠᠷ ᠶᠠᠪᠤᠬᠤ ᠮᠠᠭᠠᠳ ᠦᠭᠡᠢ ᠶᠤᠮ᠂ ᠲᠡᠮᠡᠭᠡ ᠮᠠᠯ  ᠢᠶᠠᠨ ᠬᠠᠷᠠᠭᠠᠳ ᠠᠮᠢᠳᠤᠷᠡᠵᠤ ᠡᠰᠡ ᠪᠤᠯᠤᠨ᠎ᠠ ᠤᠤ︖ ᠵᠠᠪᠠᠯ ᠪᠦᠬᠡᠴᠢᠨ ᠪᠣᠯᠬᠤ ᠭᠡᠳ ᠶᠠᠮᠠᠷ ᠡᠴᠢᠭᠡ  ᠪᠠᠨ ᠬᠢᠬᠦ ᠶᠤᠮ ᠪᠤᠢ︖ ᠬᠡᠷᠪᠡ ᠴᠢ ᠮᠢᠨᠦ ᠦᠭᠡ  ᠪᠠᠷ ᠡᠰᠡ ᠪᠣᠯᠭᠠᠪᠠᠯ᠂ ᠶᠠᠪᠤᠬᠤ  ᠳᠠᠭᠠᠨ ᠪᠢ ᠬᠦᠦ  ᠪᠠᠨ ᠠᠪᠤᠭᠠᠳ ᠶᠠᠪᠤᠨ᠎ᠠ︕︾ ᠭᠡᠵᠡᠢ᠃    ᠭᠦᠮᠦᠨ ᠤ ᠤᠷᠴᠢᠯᠠᠩ ᠤᠨ ᠵᠤᠪᠠᠯᠠᠩ ᠵᠦᠳᠡᠭᠦᠷᠢ ᠭᠡᠭᠴᠢ ᠦᠪᠡᠷ ᠤᠨ ᠡᠷᠬᠡ ᠦᠭᠡᠢ ᠤᠴᠠᠷᠠᠳᠠᠭ ᠶᠤᠮ ᠭᠡᠵᠦ ᠱᠠᠯᠪᠢᠩ ᠪᠤᠳᠤᠭᠠᠳ ᠮᠠᠭᠤ ᠬᠦᠦ ᠮᠢᠨᠢ ᠨᠠᠳᠠ ᠠᠴᠠ ᠢᠯᠡᠭᠦᠦ ᠵᠤᠪᠠᠯᠠᠩ ᠠᠮᠰᠠᠬᠤ ᠶᠢᠨ ᠤᠷᠤᠨ ᠳᠤ ᠬᠠᠮᠲᠦ ᠪᠠᠷ ᠭᠦᠮᠦᠨ ᠤ ᠶᠢᠷᠲᠢᠨᠴᠦ ᠠᠴᠠ ᠰᠠᠯᠤᠶ᠎ᠡ ᠭᠡᠳ ᠴᠤᠷ ᠤᠨ ᠭᠠᠭᠴᠠ ᠬᠦᠦ ᠪᠠᠨ ᠬᠦᠨᠦᠭᠡᠭᠰᠡᠨ ᠭᠡᠨ᠎ᠡ᠃    ᠲᠡᠷᠨ ᠵᠢᠰᠦᠷ ᠬᠤᠳᠠᠯᠳᠣᠭᠠᠴᠢᠨ ᠤ ᠠᠷᠭ᠎ᠠ ᠮᠡᠭᠡ ᠳᠤ ᠣᠷᠣᠵᠣ ᠲᠡᠭᠦᠨ ᠤ ᠵᠢᠷᠭᠤᠭᠠᠨ ᠯᠠᠭᠤᠰᠠ ᠲᠠᠢ ᠲᠡᠭᠡᠰᠦ ᠲᠠᠳᠠᠭᠰᠠᠨ ᠶᠠᠪᠤᠳᠠᠯ ᠠᠴᠠ ᠪᠤᠯᠵᠤ᠂ ᠪᠦᠬᠡ ᠱᠠᠯᠪᠢᠩ ᠤᠨ ᠴᠡᠭᠡᠵᠢ ᠨᠢ ᠭᠡᠮᠲᠦᠵᠦ᠂ ᠠᠮᠢᠰᠬᠤᠯ ᠨᠢ ᠲᠡᠭᠡᠷᠡᠳᠡᠵᠦ ᠲᠠᠮᠢᠷ ᠰᠦᠯᠳᠠ ᠨᠢ ᠮᠠᠭᠤᠳᠠᠭᠰᠠᠭᠠᠷ ᠬᠡᠪᠳᠡᠷᠢ ᠳᠤ ᠤᠷᠤᠵᠤ᠂ ᠲᠡᠭᠦᠨ ᠠᠴᠠ ᠪᠤᠯᠵᠤ ᠡᠪᠡᠳᠴᠢᠨ ᠳᠤ ᠨᠡᠷᠪᠡᠭᠳᠡᠭᠡᠳ ᠣᠨᠳᠣᠷᠣᠯᠳᠦ ᠰᠤᠮᠤᠨ ᠤ ᠲᠠᠯᠠᠢ ᠴᠢᠷᠭ᠎ᠠ ᠭᠡᠳᠡᠭ ᠭᠠᠵᠠᠷ 60 ᠭᠠᠷᠤᠢ ᠨᠠᠰᠦᠨ ᠰᠡᠭᠦᠳᠠᠷ ᠲᠠᠢ ᠲᠠᠭᠠᠯᠠᠯ ᠲᠡᠭᠦᠰᠦᠨ ᠨᠠᠷᠠ ᠲᠠᠰᠢᠶᠠᠯᠠᠪᠠ᠃    ᠢᠩᠬᠢᠭᠡᠳ ᠠᠯᠠᠱᠠ ᠬᠤᠱᠤᠳ  ᠤᠨ ᠨᠢᠭᠡᠨ ᠦᠶ᠎ᠡ  ᠶᠢᠨ ᠠᠪᠤᠷᠭᠤ ᠪᠦᠬᠡ ᠶᠢᠷᠲᠢᠨᠴᠦ  ᠠᠴᠠ ᠠᠩᠬᠢᠵᠢᠷᠠᠪᠠ᠃    ᠪᠦᠬᠡ ᠱᠠᠯᠪᠢᠩ ᠲᠠᠭᠠᠯᠠᠯ ᠲᠡᠭᠦᠰᠦᠭᠰᠡᠨ ᠤ ᠬᠤᠶᠢᠨ᠎ᠠ ᠴᠢᠨᠲᠠᠷ ᠢ ᠤᠷᠤᠰᠢᠭᠤᠯᠤᠭᠰᠠᠨ ᠭᠠᠵᠠᠷ ᠨᠢ ᠣᠨᠳᠣᠷᠣᠯᠳᠣ ᠰᠤᠮᠤᠨ ᠤ ᠬᠤᠶᠢᠲᠦ ᠲᠠᠯ᠎ᠠ ᠳᠤ ᠪᠠᠶᠢᠬᠤ ᠬᠤᠶᠢᠳᠦ ᠬᠦᠳᠡᠭᠡ ᠭᠡᠳᠡᠭ ᠡᠯᠡᠰᠦᠨ ᠳᠣᠮᠳᠠ ᠪᠠᠶᠢᠬᠤ ᠲᠠᠯᠠᠢ ᠴᠢᠷᠭ᠎ᠠ ᠭᠡᠳᠡᠭ ᠭᠠᠵᠠᠷ ᠪᠤᠯᠤᠨ᠎ᠠ᠃    ᠬᠤᠵᠢᠮ ᠨᠢᠭᠡ ᠲᠡᠮᠡᠭᠡᠴᠢᠨ ᠶᠠᠪᠤᠵᠤ ᠪᠠᠶᠢᠭᠠᠳ ᠴᠢᠨᠳᠠᠷ ᠢ ᠤᠷᠤᠰᠢᠭᠤᠯᠤᠭᠰᠠᠨ ᠭᠠᠵᠠᠷ ᠲᠡᠭᠡᠷ᠎ᠡ ᠲᠠᠭᠠᠷᠠᠯᠳᠤᠨ ᠬᠦᠷᠴᠡᠢ᠃ ᠦᠵᠡᠬᠦᠯ᠎ᠡ ᠨᠠᠷᠠᠨ ᠳᠤ ᠰᠢᠷᠠᠭᠳᠠᠭᠠᠳ ᠠᠷᠠᠰᠦ ᠮᠢᠬ᠎ᠠ ᠨᠢ ᠪᠦᠷ ᠦᠭᠡᠢ ᠪᠣᠯᠵᠠᠢ᠃ ᠪᠠᠶᠢᠬᠤ ᠶᠠᠰᠤ ᠠᠴᠠ ᠴᠡᠭᠡᠵᠢᠨ ᠪᠡᠶ᠎ᠡ ᠨᠢ ᠪᠠᠶᠢᠵᠤ᠂ ᠴᠡᠭᠡᠵᠢᠨ ᠤ ᠬᠠᠪᠢᠷᠭ᠎ᠠ ᠨᠢ ᠪᠢᠲᠡᠭᠦᠦ ᠪᠠᠶᠢᠵᠤ ᠴᠢᠨ᠋ᠸ᠎ᠠ ᠡᠭᠦᠷᠯᠡᠵᠦ ᠪᠠᠶᠢᠭᠰᠠᠨ ᠭᠡᠨ᠎ᠡ᠃ ᠬᠡᠭᠦᠳᠡᠭ ᠨᠢ ᠶᠠᠭ ᠨᠢᠭᠡ ᠲᠤᠮᠤ ᠤᠰᠤᠨ ᠭᠠᠩ ᠰᠢᠭ᠋ ᠭᠦᠨᠲᠡᠢ ᠶᠠᠭᠤᠮ᠎ᠠ ᠪᠠᠶᠢᠭᠰᠠᠨ ᠭᠡᠨ᠎ᠡ᠃ ᠬᠤᠵᠢᠮ ᠤᠨ ᠭᠦᠮᠦᠰ ᠭᠠᠶᠢᠬᠠᠯᠴᠡᠨ ᠭᠡᠯᠡᠯᠴᠡᠳᠡᠭ ᠪᠠᠶᠢᠵᠡᠢ᠃ ︵ᠳᠡᠭᠦᠰᠪᠡ︶
 
ᠢᠷᠡᠯᠲᠡ᠄ ᠠᠯᠠᠱᠠ ᠪᠦᠬᠡ ᠱᠠᠯᠪᠢᠩ ᠤᠨ ᠳᠣᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号