ᠬᠤᠷᠢᠨ ᠨᠢᠭᠡ ᠪᠦᠬᠡ ᠱᠠᠯᠪᠢᠩ ᠬᠦᠮᠦᠨ ᠤ ᠶᠢᠷᠲᠢᠨᠴᠦ ᠠᠴᠠ ᠰᠠᠯᠬᠤ ᠶᠢᠨ ᠡᠮᠦᠨ᠎ᠡ ᠦᠯᠡᠳᠡᠭᠡᠭᠰᠡᠨ ᠬᠠᠲᠠᠭᠤ | ᠭᠡᠷᠢᠶᠡᠰ | | ᠱᠠᠯᠪᠢᠩ ᠠᠷᠣ ᠬᠠᠯᠬ᠎ᠠ ᠠᠴᠠ ᠠᠯᠠᠱᠠ ᠨᠣᠲᠤᠭ ᠲᠠᠭᠠᠨ ᠬᠠᠷᠢᠵᠤ ᠢᠷᠡᠭᠰᠡᠨ ᠠᠴᠠ ᠬᠤᠶᠢᠰᠢ᠂ ᠶᠡᠭᠡ ᠪᠠᠭ᠎ᠠ | ᠨᠠᠶᠢᠷ ᠤᠨ ᠭᠠᠵᠠᠷ ᠪᠦᠬᠡ ᠶᠢᠨ ᠲᠠᠯᠠᠪᠣᠷ ᠲᠤ ᠲᠠᠬᠢᠵᠤ ᠶᠠᠷᠦ ᠭᠠᠷᠤᠭᠰᠠᠨ ᠦᠭᠡᠢ ᠠᠮᠣᠭᠤᠯᠠᠩ ᠰᠠᠶᠢᠬᠠᠨ ᠠᠵᠠ | ᠵᠢᠷᠭᠠᠯ ᠲᠠᠢ ᠨᠣᠲᠤᠭ ᠲᠠᠭᠠᠨ ᠬᠠᠷᠢᠵᠦ᠂ ᠠᠪᠠᠭᠠᠢ ᠬᠡᠦᠭᠡᠳ ᠲᠠᠢ ᠪᠠᠨ ᠬᠠᠮᠲᠦ ᠣᠨᠳᠣᠷᠣᠯᠲᠣ ᠪᠣᠯᠠᠭ ᠭᠡᠳᠡᠭ ᠵᠠᠬ᠎ᠠ | ᠬᠢᠵᠠᠭᠠᠷ ᠭᠠᠵᠠᠷ ᠲᠤ ᠮᠠᠯ ᠮᠠᠯᠵᠢᠨ ᠠᠮᠢᠳᠤᠷᠡᠵᠦ᠂ ᠠᠮᠤᠷ ᠲᠦᠪᠰᠢᠨ ᠰᠠᠭᠤᠵᠤ ᠪᠠᠶᠢᠵᠡᠢ᠃ ᠭᠡᠲᠡᠯ᠎ᠡ ᠦᠪᠡᠷ ᠤᠨ | ᠡᠷᠬᠡ ᠦᠭᠡᠢ ᠰᠡᠳᠬᠢᠯ ᠳᠤᠨᠢ ᠡᠮᠦᠨ᠎ᠡ ᠬᠠᠭᠠᠰ ᠨᠠᠰᠤᠨ ᠤ ᠶᠠᠪᠤᠭᠰᠠᠨ ᠰᠠᠭᠤᠭᠰᠠᠨ ᠤᠴᠢᠷ ᠶᠠᠪᠤᠳᠡᠯ ᠤᠳ ᠢᠶᠠᠨ | ᠡᠷᠬᠢᠴᠠᠭᠦᠯᠦᠨ ᠪᠣᠳᠣᠵᠣ᠂ ᠬᠦᠮᠦᠨ ᠤ ᠶᠢᠷᠲᠢᠨᠴᠦ ᠶᠢᠨ ᠬᠦᠢᠲᠡᠨ ᠬᠠᠯᠠᠭᠤᠨ ᠤ ᠲᠡᠭᠰᠢ ᠪᠤᠰᠣ ᠤᠴᠢᠷ ᠤᠳ ᠲᠤ | ᠭᠤᠮᠣᠳᠠᠨ᠂ ᠡᠵᠡᠨ ᠬᠠᠭᠠᠨ ᠡᠷᠬᠡᠲᠡᠨ ᠰᠦᠷᠲᠡᠨ ᠤ ᠬᠠᠪᠴᠢᠯᠭ᠎ᠠ ᠬᠤᠣᠷᠯᠠᠯ ᠳᠤ ᠬᠤᠷᠣᠰᠴᠦ᠂ ᠲᠠᠬᠢᠵᠦ ᠯᠡ | ᠬᠦᠮᠦᠨ ᠤ ᠡᠮᠦᠨ᠎ᠡ ᠬᠦᠴᠦ ᠪᠠᠨ ᠵᠠᠷᠤᠵᠤ᠂ ᠪᠠᠶᠠᠳ ᠨᠤᠶᠠᠳ ᠤᠨ ᠪᠠᠬ᠎ᠠ ᠶᠢ ᠨᠢ ᠬᠠᠩᠭᠠᠬᠤ ᠶᠠᠪᠤᠳᠠᠯ ᠬᠢᠬᠦ ᠦᠭᠡᠢ | ᠭᠡᠵᠦ ᠲᠡᠭᠷᠢ ᠪᠤᠷᠬᠠᠨ ᠳᠠᠭᠠᠨ ᠲᠠᠭᠠᠳᠬᠠᠯ ᠲᠠᠩᠭᠠᠷᠢᠭ ᠲᠠᠯᠪᠢᠭᠰᠠᠨ ᠪᠠᠶᠢᠵᠡᠢ᠃ ᠭᠡᠪᠡᠴᠦ ᠪᠠᠰᠠ ᠨᠢᠭᠡ ᠪᠤᠳᠤᠵᠤ | ᠦᠵᠡᠬᠦ ᠳᠤ᠂ ᠡᠴᠢᠭᠡ ᠡᠬᠡ ᠠᠴᠠ ᠵᠠᠶᠠᠭᠠᠭᠰᠠᠨ ᠡᠨ᠋ᠨ ᠰᠠᠶᠢᠬᠠᠨ ᠪᠡᠶ᠎ᠡ ᠪᠠ ᠡᠵᠡᠨ ᠬᠠᠭᠠᠨ ᠢ ᠰᠤᠴᠢᠭᠠᠭᠰᠠᠨ ᠲᠡᠷᠨ | ᠭᠠᠶᠢᠬᠠᠮᠰᠢᠭᠲᠤ ᠨᠡᠷ᠎ᠡ ᠪᠠᠨ ᠡᠯᠡᠰᠦᠨ ᠬᠤᠲᠤᠭᠤᠷ ᠲᠤ ᠠᠨᠢᠷ ᠴᠢᠮᠡᠭᠡ ᠦᠭᠡᠢ ᠪᠤᠯᠠᠭᠳᠠᠭᠤᠯᠵᠣ ᠣᠷᠬᠢᠬᠤ ᠨᠢ | ᠲᠠᠩᠴᠦ ᠬᠠᠶᠢᠷᠠᠨ ᠮᠡᠲᠦ ᠰᠠᠨᠠᠭᠳᠠᠬᠤ ᠲᠤᠯᠠ᠂ ᠡᠷ᠎ᠡ ᠴᠢᠳᠠᠯ ᠤᠨ ᠢᠶᠠᠨ ᠭᠡᠷᠡᠴᠢ ᠪᠤᠯᠭᠠᠵᠤ ᠬᠤᠶᠢᠴᠢ ᠦᠶ᠎ᠡ ᠶᠢᠨ | ᠬᠦᠮᠦᠰ ᠲᠤ ᠡᠶᠢᠮᠦ ᠨᠢᠭᠡ ᠬᠦᠮᠦᠨ ᠪᠠᠶᠢᠵᠠᠢ ᠭᠡᠰᠡᠨ ᠢ ᠮᠡᠳᠡᠲᠦᠭᠡᠢ ᠭᠡᠵᠦ ᠲᠡᠮᠳᠡᠭ ᠦᠯᠡᠳᠡᠭᠡᠶ᠎ᠡ ᠭᠡᠳ ᠨᠢᠭᠡ | ᠲᠤᠯᠤᠭᠠᠢ ᠶᠢᠨ ᠤᠷᠤᠢ ᠲᠡᠭᠡᠷ᠎ᠡ ᠬᠤᠨᠢᠨ ᠴᠢᠨᠡᠭᠡᠨ ᠭᠤᠷᠪᠡᠨ ᠪᠦᠳᠦᠭᠦᠨ ᠴᠢᠯᠠᠭᠤ ᠶᠢ ᠲᠤᠯᠭ᠎ᠠ ᠪᠤᠯᠭᠠᠨ ᠵᠠᠰᠠᠨ | ᠲᠠᠯᠪᠢᠵᠤ᠂ ᠪᠠᠰᠠ ᠰᠠᠶᠢᠨ ᠪᠦᠳᠦᠭᠦᠨ ᠦᠬᠡᠷ ᠤᠨ ᠬᠢᠷᠢᠲᠠᠢ ᠨᠢᠭᠡᠨ ᠲᠤᠮᠤ ᠴᠢᠯᠠᠭᠤ ᠲᠡᠪᠠᠷᠢᠵᠦ ᠠᠪᠴᠦ ᠢᠷᠡᠭᠡᠳ | ᠲᠡᠭᠡᠷ᠎ᠡ ᠨᠢ ᠭᠦᠨᠳᠠᠢ ᠳᠠᠮᠨᠠᠨ ᠲᠠᠯᠪᠢᠵᠠᠢ᠃ ᠪᠦᠬᠡ ᠱᠠᠯᠪᠢᠩ ︽ᠵᠠᠭᠤᠨ ᠬᠤᠨᠢᠨ ᠤ ᠨᠦᠮᠦᠷᠢ ᠪᠤᠯᠵᠣ ᠮᠢᠩᠭᠠᠨ | ᠵᠢᠯ ᠤᠨ ᠲᠤᠷᠠᠰᠬᠠᠯ ᠪᠣᠯᠳᠣᠭᠠᠢ︕︾ ᠭᠡᠮᠡᠨ ᠪᠤᠳᠤᠭᠠᠳ ᠬᠤᠵᠢᠮ ᠤᠨ ᠭᠦᠮᠦᠰ ᠲᠤ ᠲᠤᠷᠠᠰᠬᠠᠯ ᠪᠣᠯᠭᠠᠨ | ᠦᠯᠡᠳᠡᠭᠡᠭᠰᠡᠨ ᠲᠡᠷᠨ ᠬᠦᠨᠳᠡᠢ ᠳᠠᠮᠨᠠᠭᠰᠠᠨ ᠦᠬᠡᠷ ᠤᠨ ᠴᠢᠨᠡᠭᠡᠨ ᠴᠢᠯᠠᠭᠤ ᠣᠳᠣ ᠴᠦ ᠭᠡᠳ ᠮᠦᠨ ᠲᠡᠷᠡ | ᠭᠠᠵᠠᠷ ᠲᠠᠭᠠᠨ ᠪᠠᠶᠢᠭᠰᠠᠭᠠᠷ ᠪᠢᠯᠡ᠃ | ᠱᠠᠯᠪᠢᠩ ᠤᠨ ᠲᠡᠪᠡᠷᠢᠵᠦ ᠲᠠᠯᠪᠢᠭᠰᠠᠨ ᠲᠡᠷᠨ ᠦᠬᠡᠷ ᠤᠨ ᠴᠢᠨᠡᠭᠡᠨ ᠴᠢᠯᠠᠭᠤ ᠪᠠᠶᠢᠬᠤ ᠭᠠᠵᠠᠷ ᠪᠣᠯ ᠣᠭ ᠤᠨ | ᠠᠯᠠᠱᠠ ᠵᠡᠭᠦᠨ ᠬᠤᠰᠢᠭᠤᠨ ᠤ ᠵᠠᠬ᠎ᠠ ᠲᠤᠯᠤᠭᠠᠨ ᠤ ᠪᠠᠭ ᠤᠨ ᠴᠢᠯᠠᠭᠤᠨ ᠤᠩᠭᠤᠴᠠᠳᠠᠢ ᠶᠢᠨ ᠵᠡᠭᠦᠨ ᠬᠤᠶᠢᠨ᠎ᠠ | ᠪᠠᠶᠢᠭ᠎ᠠ ᠭᠤᠣᠯ ᠤᠨ ᠬᠦᠪᠡᠭᠡ ᠳᠤ ᠪᠣᠢ᠃ | ᠣᠳᠣ ᠠᠯᠠᠱᠠ ᠵᠡᠭᠦᠨ ᠬᠤᠰᠢᠭᠤᠨ ᠤ ᠵᠠᠰᠠᠭ ᠤᠨ ᠤᠷᠳᠤᠨ ᠬᠢᠭᠡᠳ ᠤᠨᠳᠤᠷᠣᠯᠲᠣ ᠪᠠᠯᠭᠠᠰᠦᠨ ᠠᠴᠠ | ᠱᠠᠯᠪᠢᠩ ᠢ ᠲᠣᠷᠠᠰᠬᠠᠵᠤ ᠲᠡᠷᠡᠬᠦ ᠦᠬᠡᠷ ᠤᠨ ᠴᠢᠨᠡᠭᠡᠨ ᠪᠦᠳᠦᠭᠦᠨ ᠴᠢᠯᠠᠭᠤ ᠶᠢ ᠬᠠᠮᠠᠭᠠᠯᠠᠨ ᠲᠠᠬᠢᠵᠦ ᠪᠤᠢ᠃ ᠮᠦᠨ | ᠴᠦ ᠲᠤᠰ ᠪᠠᠯᠭᠠᠰᠦᠨ ᠤ ᠦᠵᠡᠮᠦᠷᠢ ᠶᠢᠨ ᠭᠠᠵᠠᠷ ᠪᠤᠯᠭᠠᠨ᠂ ᠵᠣᠭᠠᠴᠠᠯ ᠤᠨ ᠭᠦᠮᠦᠰ ᠤᠨ ᠰᠤᠨᠢᠷᠬᠠᠯ ᠢ ᠲᠠᠳᠠᠵᠦ | ᠪᠠᠶᠢᠭ᠎ᠠ ᠶᠤᠮ᠃ | ᠪᠦᠬᠡ ᠱᠠᠯᠪᠢᠩ ᠲᠡᠷᠡ ᠪᠦᠳᠦᠭᠦᠨ ᠦᠬᠡᠷ ᠤᠨ ᠴᠢᠨᠡᠭᠡᠨ ᠴᠢᠯᠠᠭᠤ ᠶᠢ ᠲᠡᠪᠡᠷᠢᠵᠦ ᠲᠠᠯᠪᠢᠭᠰᠠᠨ ᠤ ᠬᠤᠶᠢᠨ᠎ᠠ | ᠱᠠᠯᠪᠢᠩ ᠳᠤ ᠪᠠᠰᠠ ᠨᠢᠭᠡᠨ ᠲᠦᠪᠡᠭᠳᠡᠢ ᠣᠴᠢᠷ ᠲᠤᠯᠭᠠᠷᠠᠵᠡᠢ᠃ | ᠨᠢᠭᠡ ᠪᠠᠶᠠᠨ ᠬᠤᠳᠠᠯᠳᠤᠭᠠᠴᠢᠨ ᠬᠢᠲᠠᠳ ᠱᠠᠯᠪᠢᠩ ᠤᠨ ᠲᠡᠪᠡᠷᠢᠵᠤ ᠲᠠᠯᠪᠢᠭᠰᠠᠨ ᠲᠡᠷᠡ ᠦᠬᠡᠷ ᠤᠨ ᠴᠢᠨᠡᠭᠡᠨ | ᠪᠦᠳᠦᠭᠦᠨ ᠴᠢᠯᠠᠭᠤ ᠶᠢ ᠭᠦᠮᠦᠨ ᠲᠡᠪᠡᠷᠢᠵᠦ ᠲᠠᠯᠪᠢᠭᠰᠠᠨ ᠢ ᠦᠬᠦᠪᠡᠴᠦ ᠢᠲᠡᠭᠡᠬᠦ ᠦᠭᠡᠢ ᠪᠠᠶᠢᠵᠤ ᠭᠦᠮᠦᠨ ᠤ | ᠬᠢᠳᠡᠭ ᠠᠵᠢᠯ ᠪᠢᠰᠢ ᠭᠡᠳ ᠱᠠᠯᠪᠢᠩ ᠢ ᠰᠤᠷᠠᠭᠯᠠᠨ ᠬᠠᠶᠢᠵᠤ ᠢᠷᠡᠵᠤ ᠭᠡᠨ᠎ᠡ᠃ | ᠲᠡᠭᠡᠭᠡᠳ ᠱᠠᠯᠪᠢᠩ ᠲᠠᠢ ᠤᠴᠠᠷᠠᠭᠠᠳ ᠮᠦᠷᠦᠢ ᠲᠠᠯᠪᠢᠬᠤ ᠪᠤᠯᠵᠤ᠄ ︽ᠴᠢ ᠲᠡᠷᠡ ᠪᠦᠳᠦᠬᠦᠨ ᠦᠬᠡᠷ ᠤᠨ | ᠴᠢᠨᠡᠭᠡᠨ ᠴᠢᠯᠠᠭᠤ ᠶᠢ ᠲᠡᠪᠡᠷᠢᠵᠤ ᠲᠠᠯᠪᠢᠭᠰᠠᠨ ᠶᠤᠮ ᠪᠣᠯ ᠣᠳᠣ ᠮᠢᠨᠦ ᠵᠢᠷᠭᠤᠭᠠᠨ ᠯᠠᠭᠤᠰᠠ ᠶᠢ ᠨᠢᠭᠡ ᠲᠡᠲᠠᠵᠤ | ᠦᠵᠡ᠃ ᠬᠡᠷᠪᠡ ᠲᠠᠲᠠᠭᠠᠳ ᠵᠤᠭᠰᠤᠭᠠᠵᠤ ᠴᠢᠳᠠᠳᠠᠭ ᠪᠣᠯ ᠪᠢ ᠴᠢᠮᠠᠳᠦ ᠮᠢᠩᠭᠠᠨ ᠴᠠᠭᠠᠨ ᠵᠤᠭᠤᠰ ᠦᠭᠭᠦᠶ᠎ᠡ᠂ ᠴᠢ | ᠬᠡᠷᠪᠡ ᠮᠢᠨᠦ ᠵᠢᠷᠭᠤᠭᠠᠨ ᠯᠠᠭᠤᠰᠠ ᠶᠢ ᠲᠠᠲᠠᠭᠠᠳ ᠵᠤᠭᠰᠤᠭᠠᠵᠤ ᠴᠢᠳᠠᠳᠠᠭ ᠦᠭᠡᠢ ᠪᠣᠯ ᠮᠢᠨᠦ ᠬᠡᠯᠡᠭᠰᠡᠨ ᠢᠶᠠᠨ ᠪᠢ | ᠠᠮᠠ ᠪᠠᠷ ᠪᠢᠰᠢ ᠬᠠᠷᠢᠨ ᠪᠦᠭᠰᠡ ᠪᠠᠷ ᠭᠠᠷᠤᠭᠰᠠᠨ ᠬᠡᠢ ᠪᠤᠯᠣᠨ᠎ᠠ ᠭᠡᠵᠦ ᠡᠵᠡᠯᠡᠶ᠎ᠡ᠃ ᠶᠠᠮᠠᠷ ᠪᠣᠢ︖ ᠨᠠᠳᠠ ᠲᠠᠢ | ᠮᠦᠷᠦᠢ ᠲᠠᠯᠪᠢᠬᠤ ᠵᠣᠷᠢᠭ ᠪᠠᠶᠢᠨ᠎ᠠ ᠤᠤ︖︾ ᠭᠡᠵᠦ ᠱᠠᠯᠪᠢᠩ ᠠᠴᠠ ᠠᠰᠠᠭᠤᠵᠠᠢ᠃ | ᠱᠠᠯᠪᠢᠩ ᠡᠨ᠋ᠨ ᠦᠭᠡ ᠶᠢ ᠰᠤᠨᠤᠰᠤᠭᠠᠳ ᠶᠠᠭᠤ ᠴᠤ ᠬᠡᠯᠡᠯ ᠦᠭᠡᠢ ᠪᠤᠴᠠᠭᠠᠳ ᠶᠠᠪᠤᠬᠤ ᠭᠡᠰᠡᠨ ᠳᠤ᠂ | ᠬᠤᠳᠠᠯᠳᠤᠭᠠᠴᠢᠨ ᠰᠠᠨᠳᠤᠷᠴᠦ ᠱᠠᠯᠪᠢᠩ ᠤᠨ ᠡᠮᠦᠨ᠎ᠡ ᠨᠢ ᠢᠷᠡᠵᠦ ᠵᠤᠭᠰᠤᠭᠠᠳ ᠬᠡᠯᠡᠵᠡᠢ᠄ ︽ᠶᠠᠮᠠᠷ ᠪᠠᠶᠢᠨ᠎ᠠ ᠳ᠋ᠠ︖ | ᠬᠤᠳᠠᠯ ᠴᠢᠨᠢ ᠪᠠᠶᠢᠬᠤ ᠪᠢᠰᠢ ᠤᠤ︖ ᠡᠰᠡ ᠪᠣᠯ ᠵᠢᠭᠠᠬᠠᠨ ᠶᠠᠭᠤᠮ᠎ᠠ ᠣᠯᠵᠣ ᠠᠪᠬᠤ ᠭᠡᠰᠡᠨ ᠰᠠᠨᠠᠭ᠎ᠠ ᠲᠠᠢ | ᠪᠠᠶᠢᠨ᠎ᠠ ᠤᠤ︖ ᠲᠠᠶᠢᠮᠦ ᠰᠠᠨᠠᠭ᠎ᠠ ᠲᠠᠢ ᠪᠠᠶᠢᠳᠠᠭ ᠪᠣᠯ ᠪᠢ ᠮᠢᠩᠭᠠᠨ ᠶᠠᠩᠴᠢᠶᠡᠨ ᠭᠠᠷᠭᠠᠶᠡ᠃ ᠮᠦᠷᠦᠢ ᠪᠠᠨ | ᠣᠯᠪᠠᠯ ᠮᠦᠨ ᠲᠤᠤᠷ᠎ᠡ ᠪᠠᠨ ᠲᠡᠭᠦᠵᠦ ᠠᠪᠤᠭᠠᠳ ᠶᠠᠪᠤ᠂ ᠪᠢ ᠯᠠᠪ ᠬᠡᠯᠡᠭᠰᠡᠨ ᠦᠭᠡ ᠪᠠᠨ ᠪᠤᠴᠠᠭᠠᠬᠤ ᠦᠭᠡᠢ᠃ | ᠮᠢᠩᠭ᠎ᠠ ᠪᠠᠶᠢᠳᠤᠭᠠᠢ ᠲᠦᠮᠡᠨ ᠶᠠᠩᠴᠢᠶᠡᠨ ᠠᠯᠳᠠᠬᠤ ᠪᠠᠷ ᠪᠤᠳᠤᠪᠠᠴᠦ ᠪᠢ ᠪᠣᠯ ᠲᠡᠳᠦ᠋ᠢᠬᠡᠨ ᠶᠠᠭᠤᠮ᠎ᠠ ᠪᠠᠷ | ᠬᠤᠳᠦ᠋ᠢᠬᠤ ᠡᠷ᠎ᠡ ᠪᠢᠰᠢ ᠰᠢᠦ︕︾ ᠭᠡᠰᠡᠨ ᠳᠤ ᠱᠠᠯᠪᠢᠩ ᠤᠨ ᠠᠭᠤᠷ ᠨᠢ ᠬᠦᠷᠴᠦ᠄ ︽ᠪᠢ ᠴᠦ ᠪᠠᠰᠠ ᠴᠢᠨᠦ | ᠲᠡᠷᠡ ᠪᠤᠵᠠᠷ ᠵᠤᠭᠤᠰᠤᠨ ᠳᠤ ᠴᠢᠨᠢ ᠲᠤᠷᠠᠯᠠᠬᠤ ᠪᠠᠷ ᠭᠦᠮᠦᠨ ᠪᠢᠰᠢ ᠡ᠂ ᠬᠠᠷᠢᠨ ᠴᠢᠨᠦ ᠲᠡᠷᠨ ᠠᠮᠠ ᠶᠢ ᠯᠡ | ᠭᠦᠮᠦᠨ ᠤ ᠠᠮᠠᠨ ᠤ ᠲᠤᠭᠠᠨ ᠠᠴᠠ ᠬᠠᠶᠠᠶ᠎ᠠ ᠭᠡᠵᠦ ᠪᠤᠳᠤᠵᠤ ᠪᠠᠶᠢᠨ᠎ᠠ᠃ ᠶᠠᠪᠤᠵᠤ ᠯᠠᠭᠤᠰᠠ ᠪᠠᠨ ᠠᠪᠤᠭᠠᠳ ᠢᠷ᠎ᠡ︾ | ᠭᠡᠵᠦ ᠤᠮᠤᠭ ᠲᠠᠢ ᠬᠡᠯᠡᠭᠰᠡᠨ ᠳᠤ ᠲᠡᠷᠡ ᠬᠤᠳᠠᠯᠳᠤᠭᠠᠴᠢᠨ ᠬᠢᠲᠠᠳ ᠶᠠᠪᠤᠵᠤ ᠵᠢᠷᠭᠤᠭᠠᠨ ᠯᠠᠭᠤᠰᠠ ᠪᠠᠨ | ᠭᠦᠲᠦᠯᠦᠭᠡᠳ ᠢᠷᠡᠵᠡᠢ᠃ | ᠲᠡᠭᠡᠭᠡᠳ ᠱᠠᠯᠪᠢᠩ ᠲᠡᠷᠡ ᠬᠤᠳᠠᠯᠳᠤᠭᠠᠴᠢᠨ ᠬᠢᠲᠠᠳ ᠲᠠᠢ ᠮᠦᠷᠦᠢ ᠲᠠᠯᠪᠢᠬᠤ ᠪᠠᠷ ᠪᠣᠯᠵᠠᠢ᠃ ᠲᠡᠷᠡ | ᠬᠤᠳᠠᠯᠳᠤᠭᠠᠴᠢᠨ ᠵᠢᠷᠭᠤᠭᠠᠨ ᠪᠦᠳᠦᠭᠦᠨ ᠯᠠᠭᠤᠰᠠ ᠪᠤᠯᠤᠨ ᠵᠢᠷᠭᠤᠭᠠᠨ ᠤᠯᠤᠰᠤᠨ ᠠᠷᠭᠠᠮᠵᠢ ᠠᠪᠴᠢᠷᠡᠵᠤ᠂ ᠨᠢᠭᠡ | ᠲᠠᠯ᠎ᠠ ᠶᠢᠨ ᠦᠵᠦᠭᠦᠷ ᠤᠳ ᠢ ᠨᠢ ᠵᠢᠷᠭᠤᠭᠠᠨ ᠪᠦᠳᠦᠭᠦᠨ ᠯᠠᠭᠤᠰᠠ ᠳᠠᠭᠠᠨ ᠨᠢᠭᠡ ᠨᠢᠭᠡ ᠪᠠᠷ ᠤᠶᠠᠵᠤ᠂ ᠨᠦᠬᠦᠭᠡ | ᠦᠵᠦᠭᠦᠷ ᠤᠳ ᠢ ᠨᠢ ᠨᠠᠶᠢᠯᠡᠭᠦᠯᠦᠨ ᠵᠠᠩᠬᠢᠳᠴᠦ ᠨᠢᠭᠡ ᠪᠣᠯᠭᠠᠭᠠᠳ ᠱᠠᠯᠪᠢᠩ ᠳᠤ ᠦᠭᠴᠡᠢ᠃ | ᠵᠠ᠂ ᠣᠳᠣ ᠪᠣᠯᠣᠯ᠎ᠠ ᠭᠡᠬᠦ ᠶᠢᠨ ᠬᠢᠷᠢ ᠳᠤ᠂ ᠡᠨ᠋ᠨ ᠲᠡᠯ᠎ᠠ ᠳᠤ ᠬᠤᠳᠠᠯᠳᠤᠭᠠᠴᠢᠨ ᠪᠡᠶ᠎ᠡ ᠪᠠᠷ ᠢᠶᠠᠨ ᠢᠷᠡᠭᠡᠳ | ᠲᠠᠰᠢᠭᠤᠷ ᠡᠷᠬᠢᠬᠦᠯᠦᠨ ᠴᠢᠪᠬ᠎ᠠ ᠴᠢᠪᠬ᠎ᠠ ᠲᠠᠰᠢᠭᠤᠷᠳᠠᠵᠤ ᠵᠢᠷᠭᠤᠭᠠᠨ ᠯᠠᠭᠤᠰᠠ ᠪᠠᠨ ᠤᠷᠤᠭᠰᠢ ᠨᠢ ᠵᠢᠳᠬᠦᠬᠦᠯᠵᠦ᠂ | ᠲᠡᠷᠨ ᠲᠠᠯ᠎ᠠ ᠳᠤ ᠱᠠᠯᠪᠢᠩ ᠭᠠᠭᠴᠠᠭᠠᠷ ᠢᠶᠠᠨ ᠪᠦᠭᠡᠷᠡᠭ ᠦᠭᠰᠦᠭᠦᠯᠦᠨ ᠵᠢᠷᠭᠤᠭᠠᠨ ᠯᠠᠭᠤᠰᠠ ᠶᠢ ᠬᠤᠶᠢᠰᠢ ᠨᠢ | ᠲᠠᠲᠠᠵᠤ᠂ ᠬᠤᠶᠡᠷ ᠡᠲᠡᠭᠡᠳ ᠭᠦᠴᠦ ᠲᠡᠩᠴᠡᠨ ᠲᠡᠮᠡᠴᠡᠯᠳᠤᠵᠤ ᠡᠬᠢᠯᠠᠵᠡᠢ᠃ ᠲᠡᠭᠡᠭᠰᠡᠭᠡᠷ ᠪᠠᠶᠢᠳᠠᠯ᠎ᠡ᠂ ᠱᠠᠯᠪᠢᠩ ᠤᠨ | ᠰᠤᠲᠠᠰᠤ ᠨᠢ ᠭᠦᠷᠡᠶᠢᠨ ᠪᠤᠯᠴᠢᠩ ᠨᠢ ᠵᠠᠩᠭᠢᠷᠡᠵᠤ᠂ ᠭᠡᠨᠡᠳᠭᠡᠨ ︽ᠬᠠᠢ︕︾ ᠭᠡᠵᠤ ᠭᠠᠵᠠᠷ ᠲᠤᠷᠭᠢᠮᠠ ᠴᠢᠩᠭ᠎ᠠ | ᠲᠠᠭᠤ ᠪᠠᠷ ᠨᠢᠭᠡ ᠯᠡ ᠰᠦᠷᠡᠬᠡᠢ ᠬᠠᠰᠬᠢᠷᠦᠨ ᠤᠭᠵᠠᠷᠠᠬᠤ ᠳᠤ ᠦᠨᠦ ᠵᠢᠷᠭᠤᠭᠠᠨ ᠪᠦᠳᠦᠭᠦᠨ ᠯᠠᠭᠤᠰᠠ ᠨᠢ | ᠪᠣᠯᠵᠤᠭ᠎ᠠ ᠲᠠᠢ ᠶᠤᠮ ᠰᠢᠭ᠋ ᠨᠢᠭᠡ ᠵᠡᠷᠭᠡ ᠪᠠᠷ ᠬᠤᠶᠢᠰᠢ ᠪᠠᠨ ᠨᠢᠭᠡ ᠨᠢᠭᠡ ᠠᠯᠬᠤᠮ ᠤᠬᠤᠷᠢᠵᠤ ᠠᠮᠢᠰᠬᠤᠭᠠᠳᠠᠨ | ᠵᠣᠭᠰᠣᠵᠠᠭᠠᠵᠤ ᠪᠠᠶᠢᠵᠠᠢ ᠭᠡᠨ᠎ᠡ᠃ | ᠦᠨᠦ ᠰᠠᠶᠢᠬᠢ ᠬᠤᠳᠠᠯᠳᠤᠭᠠᠴᠢᠨ ᠣᠳᠣ ᠴᠦ ᠮᠦᠩᠬᠦ ᠪᠠᠨ ᠠᠯᠳᠠᠵᠤ ᠭᠦᠢᠴᠡᠪᠡ ᠰᠢᠦ ᠭᠡᠵᠦ ᠬᠠᠷᠠᠮᠰᠡᠨ | ᠬᠤᠷᠣᠰᠣᠭᠰᠠᠨ ᠶᠠᠩᠵᠤ ᠲᠠᠢ᠂ ᠱᠠᠯᠪᠢᠩ ᠤᠷᠤᠭᠤ ᠬᠤᠯᠠᠭᠠᠢ ᠪᠠᠷ ᠨᠢᠳᠦ ᠪᠠᠨ ᠭᠦᠯᠢᠯᠵᠡᠨ ᠬᠠᠷ᠎ᠠ ᠴᠠᠭᠠᠨ ᠲᠠᠭᠤ | ᠦᠭᠡᠢ ᠭᠤᠩᠰᠦ᠋ᠢᠨ ᠵᠤᠭᠰᠤᠵᠤ᠂ ᠱᠠᠯᠪᠢᠩ ᠨᠢ ᠣᠳᠣ ᠴᠢᠨᠦ ᠲᠡᠷᠡ ᠠᠮᠠ ᠴᠦ ᠭᠦᠮᠦᠨ ᠤ ᠠᠮᠠ ᠪᠢᠰᠢ ᠪᠤᠯᠵᠤ | ᠲᠠᠭᠤᠰᠤᠭᠰᠠᠠ ᠰᠢᠦ ᠭᠡᠰᠡᠨ ᠪᠠᠶᠢᠳᠠᠯ ᠲᠠᠢ ᠬᠤᠳᠠᠯᠳᠤᠭᠠᠴᠢᠨ ᠢ ᠨᠢᠭᠡ ᠰᠠᠶᠢᠨ ᠬᠠᠷᠠᠵᠤ ᠠᠪᠤᠭᠠᠳ ᠶᠠᠪᠤᠭᠠᠳ | ᠦᠭᠴᠡᠢ᠃ | ᠲᠡᠭᠦᠨ ᠤ ᠮᠠᠷᠭᠠᠰᠢ ᠠᠴᠠ ᠱᠠᠯᠪᠢᠩ ᠤᠨ ᠴᠡᠭᠡᠵᠢ ᠨᠢ ᠬᠠᠳᠬᠤᠯᠠᠨ ᠠᠮᠢᠰᠬᠤᠯ ᠨᠢ ᠲᠡᠭᠡᠷᠡᠳᠡᠵᠤ ᠲᠠᠮᠢᠷ | ᠰᠦᠯᠳᠡ ᠨᠢ ᠮᠠᠭᠤᠳᠠᠭᠰᠠᠭᠠᠷ ᠪᠠᠶᠢᠭᠠᠳ ᠴᠠᠭᠠᠰᠢ ᠪᠠᠨ ᠬᠡᠪᠲᠡᠷᠢ ᠳᠤ ᠤᠷᠤᠵᠠᠢ᠃ | ᠲᠡᠭᠡᠭᠡᠳ ᠨᠢᠭᠡ ᠡᠳᠦᠷ ᠠᠪᠠᠭᠠᠢ ᠳᠠᠭᠠᠨ ᠬᠡᠯᠡᠵᠡᠢ᠄ ︽ᠪᠢ ᠵᠠᠯᠢᠲᠦ ᠭᠦᠮᠦᠨ ᠤ ᠠᠷᠭᠠᠨ ᠳᠤ ᠤᠷᠤᠵᠤ ᠬᠡᠷᠡᠭ | ᠦᠭᠡᠢ ᠮᠡᠯᠵᠢᠶ᠎ᠡ ᠲᠠᠯᠪᠢᠭᠠᠳ ᠪᠡᠶ᠎ᠡ ᠪᠠᠨ ᠦᠭᠡᠢ ᠬᠢᠵᠦ ᠤᠷᠬᠢᠯ᠎ᠠ᠃ ᠡᠨ᠋ᠨ ᠶᠢᠷᠲᠢᠨᠴᠦ ᠳᠤ ᠭᠦᠮᠦᠨ ᠪᠤᠯᠵᠣ | ᠲᠦᠷᠦᠪᠡᠯ ᠭᠡᠵᠢᠶᠡᠳᠠ ᠮᠤᠤᠷ ᠰᠢᠭ᠋ ᠬᠢᠮᠦᠰᠦ ᠪᠠᠨ ᠨᠢᠭᠤᠵᠤ ᠶᠠᠪᠤᠬᠤ ᠯᠡ ᠬᠡᠷᠡᠭᠳᠡᠢ ᠶᠤᠮ ᠪᠠᠶᠢᠨ᠎ᠠ᠃ ᠬᠦᠦ ᠮᠢᠨᠢ | ᠣᠳᠣ ᠭᠤᠷᠪᠠ ᠲᠦᠷᠪᠡᠨ ᠨᠠᠰᠤ ᠲᠠᠢ ᠪᠠᠶᠢᠵᠤ ᠪᠠᠶᠢᠭᠠᠳ ᠴᠢᠯᠠᠭᠤᠨ ᠲᠡᠭᠡᠷᠮ᠎ᠡ ᠶᠢ ᠨᠢᠭᠡ ᠨᠢᠭᠡ ᠭᠠᠷ ᠲᠠᠭᠠᠨ | ᠪᠠᠷᠢᠭᠠᠳ ᠬᠦᠶᠦᠵᠦ ᠪᠠᠶᠢᠨ᠎ᠠ ᠰᠢᠦ᠃ ᠲᠡᠭᠦᠨ ᠢ ᠨᠢ ᠡᠷᠲᠡᠨ ᠠᠴᠠ ᠬᠡᠯᠡᠵᠦ ᠪᠠᠶᠢᠯᠭᠠᠬᠤ ᠦᠭᠡᠢ ᠪᠣᠯ᠂ | ᠬᠤᠵᠢᠮ ᠳᠠᠭᠠᠨ ᠪᠠᠰᠠ ᠮᠢᠨᠦ ᠮᠦᠷ ᠢᠶᠠᠷ ᠶᠠᠪᠤᠬᠤ ᠮᠠᠭᠠᠳ ᠦᠭᠡᠢ ᠶᠤᠮ᠂ ᠲᠡᠮᠡᠭᠡ ᠮᠠᠯ ᠢᠶᠠᠨ ᠬᠠᠷᠠᠭᠠᠳ | ᠠᠮᠢᠳᠤᠷᠡᠵᠤ ᠡᠰᠡ ᠪᠤᠯᠤᠨ᠎ᠠ ᠤᠤ︖ ᠵᠠᠪᠠᠯ ᠪᠦᠬᠡᠴᠢᠨ ᠪᠣᠯᠬᠤ ᠭᠡᠳ ᠶᠠᠮᠠᠷ ᠡᠴᠢᠭᠡ ᠪᠠᠨ ᠬᠢᠬᠦ ᠶᠤᠮ ᠪᠤᠢ︖ | ᠬᠡᠷᠪᠡ ᠴᠢ ᠮᠢᠨᠦ ᠦᠭᠡ ᠪᠠᠷ ᠡᠰᠡ ᠪᠣᠯᠭᠠᠪᠠᠯ᠂ ᠶᠠᠪᠤᠬᠤ ᠳᠠᠭᠠᠨ ᠪᠢ ᠬᠦᠦ ᠪᠠᠨ ᠠᠪᠤᠭᠠᠳ ᠶᠠᠪᠤᠨ᠎ᠠ︕︾ | ᠭᠡᠵᠡᠢ᠃ | ᠭᠦᠮᠦᠨ ᠤ ᠤᠷᠴᠢᠯᠠᠩ ᠤᠨ ᠵᠤᠪᠠᠯᠠᠩ ᠵᠦᠳᠡᠭᠦᠷᠢ ᠭᠡᠭᠴᠢ ᠦᠪᠡᠷ ᠤᠨ ᠡᠷᠬᠡ ᠦᠭᠡᠢ ᠤᠴᠠᠷᠠᠳᠠᠭ ᠶᠤᠮ ᠭᠡᠵᠦ | ᠱᠠᠯᠪᠢᠩ ᠪᠤᠳᠤᠭᠠᠳ ᠮᠠᠭᠤ ᠬᠦᠦ ᠮᠢᠨᠢ ᠨᠠᠳᠠ ᠠᠴᠠ ᠢᠯᠡᠭᠦᠦ ᠵᠤᠪᠠᠯᠠᠩ ᠠᠮᠰᠠᠬᠤ ᠶᠢᠨ ᠤᠷᠤᠨ ᠳᠤ ᠬᠠᠮᠲᠦ ᠪᠠᠷ | ᠭᠦᠮᠦᠨ ᠤ ᠶᠢᠷᠲᠢᠨᠴᠦ ᠠᠴᠠ ᠰᠠᠯᠤᠶᠡ ᠭᠡᠳ ᠴᠤᠷ ᠤᠨ ᠭᠠᠭᠴᠠ ᠬᠦᠦ ᠪᠠᠨ ᠬᠦᠨᠦᠭᠡᠭᠰᠡᠨ ᠭᠡᠨ᠎ᠡ᠃ | ᠲᠡᠷᠨ ᠵᠢᠰᠦᠷ ᠬᠤᠳᠠᠯᠳᠣᠭᠠᠴᠢᠨ ᠤ ᠠᠷᠭ᠎ᠠ ᠮᠡᠭᠡ ᠳᠤ ᠣᠷᠣᠵᠣ ᠲᠡᠭᠦᠨ ᠤ ᠵᠢᠷᠭᠤᠭᠠᠨ ᠯᠠᠭᠤᠰᠠ ᠲᠠᠢ ᠲᠡᠭᠡᠰᠦ | ᠲᠠᠳᠠᠭᠰᠠᠨ ᠶᠠᠪᠤᠳᠠᠯ ᠠᠴᠠ ᠪᠤᠯᠵᠤ᠂ ᠪᠦᠬᠡ ᠱᠠᠯᠪᠢᠩ ᠤᠨ ᠴᠡᠭᠡᠵᠢ ᠨᠢ ᠭᠡᠮᠲᠦᠵᠦ᠂ ᠠᠮᠢᠰᠬᠤᠯ ᠨᠢ ᠲᠡᠭᠡᠷᠡᠳᠡᠵᠦ | ᠲᠠᠮᠢᠷ ᠰᠦᠯᠳᠠ ᠨᠢ ᠮᠠᠭᠤᠳᠠᠭᠰᠠᠭᠠᠷ ᠬᠡᠪᠳᠡᠷᠢ ᠳᠤ ᠤᠷᠤᠵᠤ᠂ ᠲᠡᠭᠦᠨ ᠠᠴᠠ ᠪᠤᠯᠵᠤ ᠡᠪᠡᠳᠴᠢᠨ ᠳᠤ ᠨᠡᠷᠪᠡᠭᠳᠡᠭᠡᠳ | ᠣᠨᠳᠣᠷᠣᠯᠳᠦ ᠰᠤᠮᠤᠨ ᠤ ᠲᠠᠯᠠᠢ ᠴᠢᠷᠭ᠎ᠠ ᠭᠡᠳᠡᠭ ᠭᠠᠵᠠᠷ 60 ᠭᠠᠷᠤᠢ ᠨᠠᠰᠦᠨ ᠰᠡᠭᠦᠳᠠᠷ ᠲᠠᠢ ᠲᠠᠭᠠᠯᠠᠯ ᠲᠡᠭᠦᠰᠦᠨ | ᠨᠠᠷᠠ ᠲᠠᠰᠢᠶᠠᠯᠠᠪᠠ᠃ | ᠢᠩᠬᠢᠭᠡᠳ ᠠᠯᠠᠱᠠ ᠬᠤᠱᠤᠳ ᠤᠨ ᠨᠢᠭᠡᠨ ᠦᠶ᠎ᠡ ᠶᠢᠨ ᠠᠪᠤᠷᠭᠤ ᠪᠦᠬᠡ ᠶᠢᠷᠲᠢᠨᠴᠦ ᠠᠴᠠ ᠠᠩᠬᠢᠵᠢᠷᠠᠪᠠ᠃ | ᠪᠦᠬᠡ ᠱᠠᠯᠪᠢᠩ ᠲᠠᠭᠠᠯᠠᠯ ᠲᠡᠭᠦᠰᠦᠭᠰᠡᠨ ᠤ ᠬᠤᠶᠢᠨ᠎ᠠ ᠴᠢᠨᠲᠠᠷ ᠢ ᠤᠷᠤᠰᠢᠭᠤᠯᠤᠭᠰᠠᠨ ᠭᠠᠵᠠᠷ ᠨᠢ ᠣᠨᠳᠣᠷᠣᠯᠳᠣ | ᠰᠤᠮᠤᠨ ᠤ ᠬᠤᠶᠢᠲᠦ ᠲᠠᠯ᠎ᠠ ᠳᠤ ᠪᠠᠶᠢᠬᠤ ᠬᠤᠶᠢᠳᠦ ᠬᠦᠳᠡᠭᠡ ᠭᠡᠳᠡᠭ ᠡᠯᠡᠰᠦᠨ ᠳᠣᠮᠳᠠ ᠪᠠᠶᠢᠬᠤ ᠲᠠᠯᠠᠢ ᠴᠢᠷᠭ᠎ᠠ | ᠭᠡᠳᠡᠭ ᠭᠠᠵᠠᠷ ᠪᠤᠯᠤᠨ᠎ᠠ᠃ | ᠬᠤᠵᠢᠮ ᠨᠢᠭᠡ ᠲᠡᠮᠡᠭᠡᠴᠢᠨ ᠶᠠᠪᠤᠵᠤ ᠪᠠᠶᠢᠭᠠᠳ ᠴᠢᠨᠳᠠᠷ ᠢ ᠤᠷᠤᠰᠢᠭᠤᠯᠤᠭᠰᠠᠨ ᠭᠠᠵᠠᠷ ᠲᠡᠭᠡᠷ᠎ᠡ ᠲᠠᠭᠠᠷᠠᠯᠳᠤᠨ | ᠬᠦᠷᠴᠡᠢ᠃ ᠦᠵᠡᠬᠦᠯ᠎ᠡ ᠨᠠᠷᠠᠨ ᠳᠤ ᠰᠢᠷᠠᠭᠳᠠᠭᠠᠳ ᠠᠷᠠᠰᠦ ᠮᠢᠬ᠎ᠠ ᠨᠢ ᠪᠦᠷ ᠦᠭᠡᠢ ᠪᠣᠯᠵᠠᠢ᠃ ᠪᠠᠶᠢᠬᠤ ᠶᠠᠰᠤ ᠠᠴᠠ | ᠴᠡᠭᠡᠵᠢᠨ ᠪᠡᠶ᠎ᠡ ᠨᠢ ᠪᠠᠶᠢᠵᠤ᠂ ᠴᠡᠭᠡᠵᠢᠨ ᠤ ᠬᠠᠪᠢᠷᠭ᠎ᠠ ᠨᠢ ᠪᠢᠲᠡᠭᠦᠦ ᠪᠠᠶᠢᠵᠤ ᠴᠢᠨ᠋ᠸ᠎ᠠ ᠡᠭᠦᠷᠯᠡᠵᠦ ᠪᠠᠶᠢᠭᠰᠠᠨ ᠭᠡᠨ᠎ᠡ᠃ | ᠬᠡᠭᠦᠳᠡᠭ ᠨᠢ ᠶᠠᠭ ᠨᠢᠭᠡ ᠲᠤᠮᠤ ᠤᠰᠤᠨ ᠭᠠᠩ ᠰᠢᠭ᠋ ᠭᠦᠨᠲᠡᠢ ᠶᠠᠭᠤᠮ᠎ᠠ ᠪᠠᠶᠢᠭᠰᠠᠨ ᠭᠡᠨ᠎ᠡ᠃ ᠬᠤᠵᠢᠮ ᠤᠨ | ᠭᠦᠮᠦᠰ ᠭᠠᠶᠢᠬᠠᠯᠴᠡᠨ ᠭᠡᠯᠡᠯᠴᠡᠳᠡᠭ ᠪᠠᠶᠢᠵᠡᠢ᠃ ︵ᠳᠡᠭᠦᠰᠪᠡ︶ |