ᠪᠦᠬᠡ ᠱᠠᠯᠪᠢᠩ ︵ᠬᠤᠷᠢ︶
ᠨᠡᠶᠢᠲᠡᠯᠡᠭᠰᠡᠨ ᠴᠠᠭ᠄
2023/7/24
   ᠬᠤᠷᠢ    ᠪᠦᠬᠡ ᠱᠠᠯᠪᠢᠩ ᠤᠨ ᠦᠬᠢᠨ ᠤᠩᠭᠤᠴᠠ ᠪᠠᠷ ᠬᠤᠳᠳᠤᠭ ᠤᠨ ᠠᠮᠠ ᠶᠢ ᠪᠦᠭᠯᠡᠵᠦ ᠠᠳᠤᠭᠤᠴᠢᠨ ᠢ ᠭᠠᠷᠳᠠᠭᠠᠭᠰᠠᠨ    ᠪᠦᠬᠡ ᠱᠠᠯᠪᠢᠩ ᠤᠨ ᠰᠠᠭᠤᠵᠤ ᠪᠠᠶᠢᠭ᠎ᠠ ᠭᠠᠵᠠᠷ ᠪᠣᠯ ᠤᠨᠳᠣᠷᠣᠯᠳᠣ ᠶᠢᠨ ᠴᠢᠯᠠᠭᠤᠨ ᠤᠩᠭᠤᠴᠠᠳᠠᠢ ᠶᠢᠨ ᠵᠡᠭᠦᠨ ᠬᠤᠶᠢᠨ᠎ᠠ ᠪᠠᠶᠢᠵᠡᠢ ︵ᠡᠳᠦᠭᠡ ᠶᠢᠨ ᠣᠨᠳᠣᠷᠣᠯᠳᠦ ᠪᠠᠯᠭᠠᠰᠦᠨ ᠤ ᠴᠢᠯᠠᠭᠤᠨ ᠤᠩᠭᠤᠴᠠᠳᠠᠢ ᠭᠠᠴᠠᠭ᠎ᠠ ᠶᠢᠨ ᠭᠠᠵᠠᠷ︶᠃ ᠡᠨ᠋ᠨ ᠭᠠᠵᠠᠷ ᠪᠣᠯ ᠨᠢᠩᠰᠢᠶᠠ ᠶᠢᠨ ᠲᠡᠷᠡᠰᠦᠨ ᠰᠢᠶᠡᠨ ᠤ ᠵᠠᠬ᠎ᠠ ᠪᠠ ᠭᠠᠨᠰᠦ ᠮᠤᠵᠢ ᠶᠢᠨ ᠵᠢᠩ ᠲᠠᠢ ᠰᠢᠶᠡᠨ᠂ ᠠᠯᠠᠱᠠ ᠵᠡᠭᠦᠨ ᠬᠤᠰᠢᠭᠤᠨ ᠤ ᠵᠠᠬ᠎ᠠ ᠨᠠᠶᠢᠯᠡᠵᠦ ᠪᠠᠶᠢᠭ᠎ᠠ ᠭᠠᠵᠠᠷ ᠪᠤᠯᠤᠨ᠎ᠠ᠃    ᠡᠷᠲᠡ ᠤᠷᠢᠳᠦ ᠴᠠᠭ ᠲᠤ ᠠᠭᠤᠯᠠᠨ ᠡᠩᠭᠡᠷ ᠲᠤ ᠴᠢᠯᠠᠭᠤᠨ ᠳᠠᠷᠬᠠᠨ ᠪᠦᠳᠦᠬᠦᠨ ᠲᠣᠮᠣ ᠴᠢᠯᠠᠭᠤ ᠪᠠᠷ ᠤᠩᠭᠤᠴᠠ ᠮᠠᠯᠳᠠᠵᠤ ᠭᠦᠮᠦᠨ ᠮᠠᠯ ᠤᠨ ᠤᠤᠭᠤᠬᠤ ᠣᠰᠣ ᠭᠠᠷᠭᠠᠨ ᠬᠤᠳᠳᠤᠭ ᠮᠠᠯᠳᠠᠵᠤ ᠲᠠᠯᠪᠢᠭᠰᠠᠨ ᠢᠶᠠᠷ ︽ᠴᠢᠯᠠᠭᠤᠨ ᠣᠩᠭᠤᠴᠠᠳᠠᠢ︾ ᠭᠡᠵᠦ ᠨᠡᠷᠡᠶᠢᠳᠴᠡᠢ᠃    ᠨᠢᠭᠡᠨ ᠡᠳᠦᠷ ᠪᠦᠬᠡ ᠱᠠᠯᠪᠢᠩ ᠤᠨ ᠦᠬᠢᠨ ᠳᠠᠷᠢᠮ᠎ᠡ ᠮᠠᠯ ᠢᠶᠠᠨ ᠬᠠᠷᠢᠭᠤᠯᠵᠤ ᠶᠠᠪᠤᠵᠤ ᠪᠠᠶᠢᠭᠠᠳ ᠴᠢᠯᠠᠭᠤᠨ ᠤᠩᠭᠤᠴᠠᠳᠠᠢ ᠶᠢᠨ ᠬᠤᠳᠳᠤᠭ ᠲᠡᠭᠡᠷ᠎ᠡ ᠮᠠᠯ ᠢᠶᠠᠨ ᠤᠰᠤᠯᠠᠬᠤ ᠪᠣᠯᠵᠠᠢ᠃    ᠲᠡᠭᠡᠭᠡᠳ ᠲᠡᠷᠨ ᠦᠬᠢᠨ ᠬᠤᠳᠳᠤᠭ ᠲᠡᠭᠡᠷ᠎ᠡ ᠮᠠᠯ ᠢᠶᠠᠨ ᠤᠰᠤᠯᠠᠵᠤ ᠪᠠᠶᠢᠬᠤ ᠳᠤ ᠬᠤᠶᠡᠷ ᠠᠳᠤᠭᠤᠴᠢᠨ ᠵᠠᠯᠠᠭᠤ ᠠᠳᠤᠭᠤ ᠪᠠᠨ ᠤᠰᠤᠯᠠᠬᠤ ᠪᠠᠷ ᠢᠷᠡᠬᠦ ᠲᠠᠢ ᠲᠠᠭᠠᠷᠠᠯᠳᠤᠵᠡᠢ᠃    ᠲᠡᠷᠡ ᠬᠤᠶᠡᠷ ᠵᠠᠯᠠᠭᠤ ᠦᠬᠢᠨ ᠤ ᠮᠠᠯ ᠤᠰᠤᠯᠠᠵᠤ ᠪᠠᠶᠢᠬᠤ ᠶᠢᠨ ᠬᠤᠭᠤᠷᠤᠨᠳᠤ ᠮᠠᠯ ᠢ ᠨᠢ ᠤᠰᠤᠯᠠᠭᠤᠯᠬᠤ ᠦᠭᠡᠢ ᠠᠳᠤᠭᠤ ᠪᠠᠨ ᠤᠰᠤᠯᠠᠭᠠᠳ ᠪᠠᠶᠢᠵᠡᠢ᠃ ᠬᠤᠶᠡᠷ ᠵᠠᠯᠠᠭᠤ ᠤᠨᠤᠯᠭ᠎ᠠ ᠶᠢᠨ ᠬᠤᠶᠡᠷ ᠮᠣᠷᠢ ᠪᠠᠨ ᠤᠰᠤᠯᠠᠵᠤ ᠪᠠᠷᠠᠭᠠᠳ ᠲᠡᠷᠨ ᠦᠬᠢᠨ ᠲᠠᠢ ᠨᠠᠭᠠᠳᠤᠮ ᠢᠨᠢᠶᠡᠳᠦᠮ ᠭᠡᠯᠡᠵᠦ ᠱᠤᠭᠯᠠᠨ ᠮᠠᠯ ᠢ ᠨᠢ ᠤᠰᠤ ᠤᠤᠭᠤᠯᠭᠠᠬᠤ ᠦᠭᠡᠢ ᠤᠷᠤᠯᠳᠤᠭᠠᠳ ᠪᠠᠶᠢᠵᠤ ᠭᠡᠨ᠎ᠡ᠃    ᠲᠡᠭᠡᠭᠡᠳ ᠪᠠᠶᠢᠭᠰᠠᠨ ᠳᠤ ᠲᠡᠷᠨ ᠦᠬᠢᠨ᠄ ︽ᠲᠠᠨᠤᠰ ᠴᠢᠳᠠᠯ ᠲᠠᠢ ᠪᠣᠯ ᠮᠠᠷᠭᠠᠰᠢ ᠢᠷᠡᠭᠡᠳ ᠠᠳᠤᠭᠤ ᠪᠠᠨ ᠣᠰᠣᠯᠠᠬᠤ ᠶᠢ ᠴᠢᠨᠢ ᠦᠵᠡᠶ᠎ᠡ ᠳ᠋ᠠ︕︾ ᠭᠡᠳ ᠶᠦᠭᠡ ᠲᠡᠭᠡᠭᠡ ᠲᠠᠢ ᠦᠭᠡ ᠬᠡᠯᠡᠵᠦ ᠭᠡᠨ᠎ᠡ᠃    ᠢᠩᠬᠢᠭᠡᠳ ᠲᠡᠷᠨ ᠬᠤᠶᠡᠷ ᠵᠠᠯᠠᠭᠤ ᠬᠤᠭᠤᠷᠣᠨᠳᠤ ᠪᠠᠨ ᠬᠡᠯᠡᠯᠴᠡᠨ ᠡᠨ᠋ᠨ ᠭᠡᠦᠭᠡᠨ ᠶᠠᠮᠡᠷ ᠰᠠᠪᠠᠭ᠎ᠠ ᠦᠭᠡᠢ ᠦᠭᠡ ᠲᠠᠢ ᠶᠤᠮ ᠪᠤᠢ᠂ ᠴᠢᠨᠦ ᠤᠰᠤ ᠪᠠᠷ ᠤᠰᠤᠯᠠᠵᠤ ᠪᠠᠶᠢᠨᠠᠤ︖ ᠬᠤᠳᠳᠤᠭ ᠤᠨ ᠤᠰᠤ ᠶᠢ ᠴᠢ ᠪᠠᠰᠠ ᠬᠠᠷᠠᠮᠨᠠᠬᠤ ᠨᠢ ᠶᠠ︕ ᠭᠡᠳ ᠮᠣᠷᠢ ᠪᠠᠨ ᠮᠣᠷᠳᠡᠨ ᠠᠳᠤᠭᠤᠨ ᠤ ᠪᠠᠨ ᠬᠤᠶᠢᠨ᠎ᠠ ᠠᠴᠠ ᠶᠠᠪᠤᠵᠤ ᠭᠡᠨ᠎ᠡ᠃    ᠲᠡᠭᠡᠭᠡᠳ ᠲᠡᠷᠡ ᠬᠤᠶᠡᠷ ᠵᠠᠯᠠᠭᠤ ᠡᠷ᠎ᠡ ᠬᠤᠶᠡᠷ ᠡᠳᠦᠷ ᠤᠨ ᠲᠠᠷᠠᠭ᠎ᠠ ᠴᠢᠯᠠᠭᠤᠨ ᠤᠩᠭᠤᠴᠠᠳᠠᠢ ᠶᠢᠨ ᠬᠤᠳᠳᠤᠭ ᠲᠡᠭᠡᠷ᠎ᠡ ᠠᠳᠤᠭᠤ ᠪᠠᠨ ᠣᠰᠣᠯᠠᠬᠤ ᠪᠠᠷ ᠢᠷᠡᠭᠰᠡᠨ ᠳᠤ ᠦᠨᠦ ᠬᠡᠦᠭᠡᠨ ᠴᠢᠯᠠᠭᠤᠨ ᠤᠩᠭᠤᠴᠠ ᠶᠢ ᠲᠣᠷᠣᠭᠰᠢ ᠨᠢ ᠬᠠᠨᠳᠤᠭᠤᠯᠵᠤ᠂ ᠬᠤᠳᠳᠤᠭ ᠤᠨ ᠠᠮᠠ ᠶᠢ ᠪᠦᠭᠯᠡᠵᠦ ᠲᠠᠯᠪᠢᠭᠠᠳ ᠣᠲᠣᠭᠤᠰᠣ ︵ᠬᠤᠪᠣᠭᠤ︶ ᠪᠠᠨ ᠠᠪᠤᠭᠠᠳ ᠶᠠᠪᠤᠭᠰᠠᠨ ᠪᠠᠶᠢᠵᠡᠢ᠃ ᠲᠡᠷᠨ ᠬᠤᠶᠡᠷ ᠵᠠᠯᠠᠭᠤ ᠡᠷ᠎ᠡ ᠶᠡᠬᠡᠯ᠎ᠡ ᠲᠣᠭᠤᠮᠵᠢ ᠦᠭᠡᠢ ᠪᠤᠳᠤᠭᠠᠳ ᠴᠢᠯᠠᠭᠤᠨ ᠤᠩᠭᠤᠴᠠ ᠶᠢ ᠲᠠᠮᠨᠠᠵᠤ ᠠᠪᠤᠭᠠᠳ ᠠᠳᠤᠭᠤ ᠪᠠᠨ ᠤᠰᠤᠯᠠᠶ᠎ᠠ ᠭᠡᠳ ᠬᠤᠶᠠᠭᠤᠯᠠ ᠪᠠᠨ ᠲᠠᠮᠨᠠᠵᠤ ᠡᠷᠭᠦᠬᠦ ᠳᠤ ᠲᠠᠮᠨᠠᠵᠤ ᠲᠠᠶᠢᠯᠦᠭᠰᠡᠨ ᠦᠭᠡᠢ᠂ ᠬᠦᠴᠦ ᠴᠢᠳᠠᠯ ᠢᠶᠠᠨ ᠪᠠᠷᠠᠲᠠᠯ᠎ᠠ ᠣᠷᠣᠯᠳᠤᠭᠠᠳ ᠲᠠᠶᠢᠯᠬᠦ ᠦᠭᠡᠢ ᠪᠤᠯᠬᠤᠷ ᠨᠢᠭᠡ ᠵᠠᠯᠠᠭᠤ ᠨᠢ ᠴᠠᠯᠮ᠎ᠠ ᠶᠢᠨ ᠠᠷᠭᠠᠮᠵᠢ ᠠᠪᠴᠦ ᠢᠷᠡᠭᠡᠳ ᠤᠩᠭᠤᠴᠠ ᠶᠢ ᠨᠢ ᠬᠤᠳᠳᠤᠭ ᠤᠨ ᠠᠮᠠᠨ ᠠᠴᠠ ᠵᠠᠶᠢᠯᠠᠭᠤᠯᠬᠤ ᠭᠡᠳ ᠬᠦᠳᠡᠯᠭᠡᠵᠦ ᠲᠠᠶᠢᠯᠦᠭᠰᠡᠨ ᠦᠭᠡᠢ᠃    ᠲᠡᠷᠡ ᠬᠤᠶᠡᠷ ᠵᠠᠯᠠᠭᠤ ᠠᠷᠭ᠎ᠠ ᠶᠠᠳᠠᠬᠤ ᠳᠠᠭᠠᠨ ᠦᠨᠦ ᠬᠡᠦᠭᠡᠨ ᠢ ᠲᠠᠭᠤᠳᠠᠬᠤ ᠪᠠᠷ ᠪᠣᠯᠵᠠᠢ᠃    ᠲᠡᠭᠡᠭᠡᠳ ᠲᠡᠷᠨ ᠬᠤᠶᠡᠷ ᠵᠠᠯᠠᠭᠤ ᠡᠷ᠎ᠡ ᠦᠨᠦ ᠬᠡᠦᠭᠡᠨ ᠢ ᠡᠷᠢᠵᠦ ᠤᠯᠤᠭᠠᠳ ᠭᠤᠶᠣᠵᠠᠢ᠄ ᠪᠢᠳᠠ ᠠᠳᠣᠭᠤ ᠪᠠᠨ ᠣᠰᠣᠯᠠᠬᠤ ᠪᠠᠷ ᠢᠷᠡᠪᠡ᠂ ᠤᠩᠭᠤᠴᠠ ᠪᠠᠨ ᠠᠪᠴᠦ ᠬᠤᠳᠳᠤᠭ ᠤᠨ ᠠᠮᠠ ᠶᠢ ᠲᠠᠯᠪᠢᠵᠤ ᠦᠭᠬᠦ ᠪᠤᠯᠪᠠᠣ᠂ ᠲᠡᠬᠢᠵᠦ ᠱᠤᠭᠯᠠᠨ ᠨᠠᠭᠠᠳᠬᠤ ᠦᠭᠡᠢ᠂ ᠮᠠᠯ ᠤᠰᠤᠯᠠᠬᠤ ᠶᠢ ᠴᠢᠨᠢ ᠬᠠᠷᠰᠢᠯᠠᠬᠤ ᠦᠭᠡᠢ ᠪᠠᠶᠢᠶ᠎ᠡ ᠭᠡᠵᠦ ᠰᠠᠶᠢᠬᠠᠨ ᠵᠠᠩᠨᠠᠵᠤ᠂ ᠮᠠᠶᠢᠬᠠᠨ ᠲᠤᠯᠤᠭᠠᠶᠢᠯᠠᠵᠤ ᠰᠠᠶᠢᠨ ᠦᠭᠡ ᠪᠠᠨ ᠲᠡᠭᠢᠨ ᠲᠠᠪᠳᠡᠨ ᠭᠡᠯᠡᠵᠦ ᠭᠡᠨ᠎ᠡ᠃    ᠲᠡᠭᠡᠭᠡᠳ ᠲᠡᠷᠡ ᠦᠬᠢᠨ᠄ ᠡᠷ᠎ᠡ ᠬᠦᠮᠦᠨ ᠪᠠᠶᠢᠵᠦ ᠪᠠᠶᠢᠭᠠᠳ ᠡᠬᠡᠨᠡᠷ ᠭᠦᠮᠦᠨ ᠢ ᠬᠦᠷᠬᠦ ᠦᠭᠡᠢ᠂ ᠶᠠᠮᠡᠷ ᠡᠷ᠎ᠡ ᠭᠡᠬᠦ ᠪᠤᠢ᠂ ᠲᠠᠬᠢᠵᠦ ᠬᠤᠳᠳᠤᠭ ᠲᠡᠭᠡᠷ᠎ᠡ ᠢᠷᠡᠳᠡᠭ ᠪᠣᠯ ᠮᠢᠨᠦ ᠮᠠᠯ ᠤᠰᠤᠯᠠᠬᠤ ᠶᠢ ᠬᠠᠷᠰᠢᠯᠠᠵᠤ ᠪᠤᠯᠬᠤ ᠦᠭᠡᠢ ᠭᠡᠳ ᠴᠢᠯᠠᠭᠤᠨ ᠤᠩᠭᠤᠴᠠ ᠪᠠᠨ ᠲᠡᠪᠡᠷᠢᠭᠡᠳ ᠠᠪᠴᠦ ᠬᠤᠳᠳᠤᠭ ᠤᠨ ᠠᠮᠠ ᠶᠢ ᠭᠠᠷᠭᠠᠨ ᠦᠭᠴᠡᠢ ᠭᠡᠨ᠎ᠡ᠃ ︵ᠦᠷᠬᠦᠯᠵᠢᠯᠡᠯ ᠪᠣᠢ︶    
 
ᠢᠷᠡᠯᠲᠡ᠄ ᠠᠯᠠᠱᠠ ᠪᠦᠬᠡ ᠱᠠᠯᠪᠢᠩ ᠤᠨ ᠳᠣᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号