ᠪᠦᠬᠡ ᠱᠠᠯᠪᠢᠩ ︵ᠠᠷᠪᠠᠨ ᠶᠢᠰᠦ︶
ᠨᠡᠶᠢᠲᠡᠯᠡᠭᠰᠡᠨ ᠴᠠᠭ᠄
2023/7/19
   ᠠᠷᠪᠠᠨ ᠶᠢᠰᠦ   ᠠᠷᠪᠠᠶᠢᠯᠵᠢ ᠠᠴᠠ ᠰᠤᠴᠢᠨ ᠠᠶᠢᠯ ᠢ ᠰᠦᠢᠳᠬᠡᠪᠡ    ᠮᠠᠨᠳᠤᠬᠤ ᠨᠠᠷᠠᠨ ᠤ ᠭᠡᠷᠡᠯ ᠮᠡᠲᠦ᠂ ᠠᠯᠲᠠᠨ ᠲᠡᠯᠡᠭᠡᠢ ᠶᠢ ᠭᠡᠶᠢᠭᠦᠯᠵᠦ᠂ ᠤᠷᠤᠰᠬᠠᠯ ᠤᠰᠤᠨ ᠤ ᠲᠣᠯᠬᠢᠶᠡᠨ ᠰᠢᠭ᠋ ᠪᠦᠬᠡ ᠱᠠᠯᠪᠢᠩ ᠤᠨ ᠠᠯᠳᠠᠷ ᠨᠡᠷ᠎ᠡ ᠭᠠᠵᠠᠷ ᠪᠦᠷᠢ ᠳᠤ ᠤᠯᠠᠮᠵᠢᠯᠠᠭᠳᠠᠨ ᠲᠦᠭᠡᠵᠦ ᠢᠷᠡᠭᠰᠡᠨ ᠪᠢᠯᠡ᠃    ᠭᠡᠷ ᠲᠡᠭᠡᠨ ᠰᠠᠭᠤᠭᠰᠠᠨ ᠮᠡᠷᠭᠡᠨ ᠠᠴᠠ᠂ ᠲᠡᠯᠠᠭᠡᠢ ᠶᠢ ᠲᠤᠭᠤᠷᠢᠭᠰᠠᠨ ᠲᠡᠨᠡᠭ ᠲᠡᠭᠡᠷ᠎ᠡ ᠭᠡᠵᠦ ᠪᠤᠳᠤᠵᠤ ᠶᠠᠪᠤᠭᠰᠠᠨ ᠱᠠᠯᠪᠢᠩ ᠭᠠᠵᠠᠷ ᠪᠤᠯᠭᠠᠨ ᠳᠤ ᠲᠤᠭᠤᠷᠢᠨ ᠶᠠᠪᠤᠭᠰᠠᠭᠠᠷ ᠪᠠᠶᠢᠳᠡᠯ᠎ᠠ ᠤᠷᠠᠳ ᠤᠨ ᠳᠤᠮᠳᠠ ᠭᠦᠩ ᠤᠨ ᠬᠤᠰᠢᠭᠤᠨ ᠳᠤ ᠭᠦᠷᠦᠭᠡᠳ ᠣᠳᠴᠠᠢ᠃    ᠲᠡᠭᠡᠭᠡᠳ ᠶᠠᠪᠤᠵᠤ ᠪᠠᠶᠢᠭᠠᠳ ᠨᠢᠭᠡᠨ ᠮᠠᠯᠴᠢᠨ ᠠᠶᠢᠯ ᠤᠨ ᠭᠡᠷ ᠲᠤ ᠭᠦᠷᠦᠭᠡᠳ ᠢᠷᠡᠵᠡᠢ᠃ ᠡᠪᠦᠭᠡᠨ ᠡᠮᠡᠭᠡᠨ ᠬᠤᠶᠡᠷ ᠪᠠᠶᠢᠵᠡᠢ᠃    — ᠲᠠ ᠠᠮᠤᠷᠬᠠᠨ ᠰᠠᠶᠢᠨ ᠪᠠᠶᠢᠨ᠎ᠠ ᠤᠤ︖    — ᠰᠠᠶᠢᠨ᠂ ᠲᠠ ᠠᠮᠤᠷᠬᠠᠨ ᠰᠠᠶᠢᠨ ᠤᠤ︖    — ᠲᠠ ᠬᠠᠮᠢᠭ᠎ᠠ ᠠᠴᠠ ᠢᠷᠡᠪᠡᠤ︖ ᠲᠠ ᠴᠢᠨᠢ ᠬᠡᠨ ᠭᠡᠳᠡᠭ ᠪᠤᠢ︖ ᠲᠠᠨ ᠤ ᠭᠡᠷ ᠦᠷᠦᠭᠡ ᠬᠠᠮᠢᠭ᠎ᠠ ᠪᠠᠶᠢᠳᠠᠭ ᠪᠤᠢ︖    — ᠮᠢᠨᠦ ᠨᠡᠷ᠎ᠡ ᠱᠠᠯᠪᠢᠩ ᠭᠡᠳᠡᠭ᠃ ᠠᠯᠠᠱᠠ ᠳᠤ ᠪᠠᠶᠢᠳᠠᠭ᠃ ᠲᠠᠨ ᠤ ᠠᠳᠡ ᠲᠤᠭᠤᠷᠢᠨ ᠶᠠᠪᠤᠵᠤ ᠤᠷᠠᠳ ᠤᠨ ᠭᠠᠵᠠᠷ ᠢᠶᠠᠷ ᠠᠶᠢᠯᠴᠢᠯᠠᠵᠦ ᠪᠠᠶᠢᠨ᠎ᠠ ᠭᠡᠵᠡᠢ᠃    — ᠵᠠ ᠮᠡᠳᠡᠯ᠎ᠡ᠂ ᠠᠯᠠᠱᠠ ᠶᠢᠨ ᠪᠦᠬᠡ ᠱᠠᠯᠪᠢᠩ ᠭᠡᠵᠦ ᠲᠠ ᠮᠦᠨ ᠤᠤ︖    — ᠪᠢ ᠮᠦᠨ ᠪᠠᠶᠢᠨ᠎ᠠ᠃ ᠪᠦᠬᠡ ᠱᠠᠯᠪᠢᠩ ᠭᠡᠳᠡᠭ ᠢ ᠲᠠ ᠴᠦ ᠰᠣᠨᠣᠰᠣᠭᠰᠠᠨ ᠪᠠᠶᠢᠯᠬᠦᠢ ᠭᠡᠵᠡᠢ᠃    ᠲᠡᠷᠨ ᠡᠪᠦᠭᠡᠨ ᠡᠮᠡᠭᠡᠨ ᠳᠡᠭᠡᠨ ᠲᠤᠬᠢᠵᠦ ᠬᠤᠯᠠ ᠭᠠᠵᠠᠷ ᠠᠴᠠ ᠢᠷᠡᠭᠰᠡᠨ ᠭᠦᠮᠦᠨ ᠳᠤ ᠴᠠᠢ ᠵᠠᠰᠠ ᠭᠡᠰᠡᠨ ᠳᠤ ᠡᠮᠡᠭᠡᠨ ᠴᠠᠢ ᠵᠠᠰᠠᠨ ᠪᠤᠤᠪᠤ ᠲᠠᠯᠪᠢᠵᠤ ᠦᠭᠴᠡᠢ᠃    ᠡᠪᠦᠭᠡᠨ ᠠᠴᠠ᠄ ᠲᠠ ᠴᠢᠨᠢ ᠰᠦᠷᠡᠭᠡᠢ ᠴᠢᠳᠠᠯ ᠲᠠᠢ ᠪᠦᠬᠡᠴᠢᠨ ᠭᠡᠳᠡᠭ ᠰᠢᠦ ᠭᠡᠵᠦ ᠭᠡᠯᠡᠭᠡᠳ ᠱᠠᠯᠪᠢᠩ ᠢ ᠪᠠᠭ᠎ᠠ ᠭᠠᠶᠢᠬᠠᠨ ᠬᠠᠷᠠᠵᠤ ᠳᠤᠲᠤᠷ᠎ᠡ ᠪᠠᠨ ᠨᠢᠭᠡ ᠶᠠᠭᠤᠮ᠎ᠠ ᠪᠤᠳᠤᠭᠰᠠᠨ ᠰᠢᠦ ᠪᠤᠯᠵᠣ᠂ ᠡᠨ᠋ᠨ ᠵᠣᠷᠢᠭ ᠴᠢᠳᠠᠯ ᠲᠠᠢ ᠬᠦᠮᠦᠨ ᠢ ᠲᠤᠷᠰᠢᠵᠤ ᠦᠵᠡᠶ᠎ᠡ᠃ ᠶᠠᠮᠡᠷ ᠵᠡᠷᠭᠡ ᠶᠢᠨ ᠵᠣᠷᠢᠭ ᠲᠠᠢ ᠡᠷ᠎ᠡ ᠪᠣᠯ ᠳ᠋ᠠ ᠭᠡᠳ ᠨᠢᠭᠤᠪᠴᠢᠯᠡᠨ ᠭᠡᠷ ᠤᠨ ᠭᠠᠳᠠᠨ᠎ᠠ ᠭᠠᠷᠴᠦ ᠶᠠᠪᠤᠭᠠᠳ ᠨᠢᠭᠡ ᠪᠤᠭᠤᠳᠠᠯ ᠲᠠᠢ ᠶᠠᠭᠤᠮ᠎ᠠ ᠶᠢ ᠠᠪᠴᠦ ᠢᠷᠡᠭᠡᠳ ᠡᠨ᠋ᠨ ᠶᠠᠭᠤ ᠭᠡᠳᠡᠭ ᠪᠤᠢ︖ ᠭᠡᠳ ᠱᠠᠯᠪᠢᠩ ᠳᠤ ᠭᠠᠷᠳᠠᠭᠤᠯᠤᠨ ᠦᠭᠴᠡᠢ᠃    ᠱᠠᠯᠪᠢᠩ ᠲᠡᠷᠡ ᠪᠤᠭᠤᠳᠠᠯ ᠲᠠᠢ ᠶᠠᠭᠤᠮ᠎ᠠ ᠶᠢ ᠲᠠᠶᠢᠯᠵᠦ ᠦᠵᠡᠭᠰᠡᠨ ᠳᠤ ᠨᠢᠭᠡ ᠪᠦᠳᠦᠭᠦᠨ ᠠᠶᠤᠮᠠᠷ ᠠᠷᠪᠠᠶᠢᠯᠵᠢ ᠠᠷᠪᠡᠯᠵᠡᠨ ᠪᠠᠶᠢᠵᠡᠢ᠃ ᠱᠠᠯᠪᠢᠩ ᠤᠬᠠᠭ᠎ᠠ ᠮᠡᠳᠡᠭᠡ ᠦᠭᠡᠢ ᠠᠶᠤᠨ ᠰᠤᠴᠢᠵᠦ᠂ ᠦᠰᠦᠷᠴᠦ ᠲᠡᠪᠭᠡᠷᠡᠨ ᠮᠤᠩᠭᠤᠯ ᠭᠡᠷ ᠤᠨ ᠡᠭᠦᠳᠡ ᠪᠠᠷ ᠭᠠᠷᠬᠤ ᠭᠡᠰᠡᠨ ᠴᠢᠨᠢ ᠦᠨᠦ ᠪᠦᠳᠦᠭᠦᠨ ᠲᠤᠮᠤ ᠪᠡᠶ᠎ᠡ ᠨᠢ ᠭᠡᠷ ᠤᠨ ᠡᠭᠦᠳᠡ ᠪᠠᠷ ᠪᠠᠭᠳᠠᠬᠤ ᠦᠭᠡᠢ᠂ ᠠᠶᠤᠵᠤ ᠰᠤᠴᠢᠭᠰᠠᠨ ᠳᠠᠭᠠᠨ ᠡᠭᠦᠳᠡ ᠶᠢ ᠨᠢ ᠪᠡᠶ᠎ᠡ ᠳᠡᠭᠡᠨ ᠡᠯᠭᠦᠨ ᠦᠰᠦᠷᠦᠨ ᠲᠡᠪᠬᠡᠷᠴᠦ ᠨᠠᠢᠮᠠᠨ ᠬᠠᠨ᠎ᠠ ᠲᠠᠢ ᠲᠣᠮᠣ ᠭᠡᠷ ᠢ ᠨᠢ ᠲᠤᠭᠤᠰᠤ ᠲᠠᠳᠠᠭᠤᠯᠣᠨ ᠴᠢᠷᠦᠭᠡᠳ ᠶᠠᠪᠤᠵᠤ ᠭᠡᠨ᠎ᠡ᠃    ᠦᠨᠦ ᠡᠪᠦᠭᠡᠨ ᠡᠶᠢᠮᠦ ᠪᠤᠯᠤᠨ᠎ᠠ ᠭᠡᠳᠡᠭ ᠢ ᠰᠠᠨᠠᠭᠠᠨ ᠳᠤ ᠦᠭᠡᠢ ᠪᠠᠶᠢᠵᠦ᠂ ᠱᠠᠯᠪᠢᠩ ᠤᠨ ᠴᠢᠳᠠᠯ ᠲᠡᠩᠭᠡᠭᠡ ᠶᠢ ᠨᠢ ᠦᠵᠡᠬᠦ ᠭᠡᠰᠡᠨ ᠴᠢᠨᠢ ᠬᠠᠷᠢᠨ ᠨᠠᠢᠮᠠᠨ ᠬᠠᠨ᠎ᠠ ᠲᠠᠢ ᠮᠤᠩᠭᠤᠯ ᠭᠡᠷ ᠢ ᠨᠢ ᠪᠣᠯᠭᠤ ᠲᠡᠳᠡᠨ ᠴᠢᠷᠴᠦ ᠶᠠᠪᠤᠭᠠᠳ ᠭᠡᠷ ᠤᠨ ᠬᠠᠨ᠎ᠠ ᠪᠠ ᠣᠨᠢ᠂ ᠲᠣᠭᠤᠨᠣ ᠪᠦᠷ ᠪᠠᠯᠪᠠᠷᠠᠵᠤ᠂ ᠭᠡᠷ ᠤᠨ ᠪᠦᠷᠢᠶᠡᠰᠦ ᠢᠰᠡᠭᠡᠢ ᠭᠦᠷᠳᠡᠯ᠎ᠡ ᠲᠠᠰᠤᠷᠠᠨ ᠣᠷᠠᠭᠳᠠᠵᠤ᠂ ᠭᠡᠷ ᠤᠨ ᠲᠤᠳᠤᠷᠠᠬᠢ ᠡᠳ᠋ᠯᠡᠯ ᠲᠠᠸᠠᠷ᠂ ᠪᠣᠷᠬᠠᠨ ᠤ ᠭᠦᠩᠭᠠᠷᠠᠪᠠ ᠬᠦᠷᠳᠡᠯ᠎ᠡ ᠠᠳᠠ ᠲᠡᠨᠳᠡ ᠪᠠᠯᠪᠠᠷᠡᠵᠦ᠂ ᠠᠴᠢᠶ᠎ᠡ ᠲᠠᠢ ᠲᠡᠮᠡᠭᠡ ᠲᠦᠢᠯᠠᠭᠰᠠᠨ ᠰᠢᠭ᠋ ᠪᠤᠯᠵᠤ ᠬᠤᠴᠤᠷᠴᠠᠢ᠃    ᠡᠨ᠋ᠨ ᠦᠶ᠎ᠡ ᠳᠤ ᠡᠪᠦᠭᠡᠨ ᠰᠠᠨᠳᠤᠷᠤᠨ ᠮᠠᠨᠳᠤᠷᠣᠨ ᠱᠠᠯᠪᠢᠩ ᠢ ᠪᠠᠷᠢᠬᠤ ᠭᠡᠰᠡᠨ ᠳᠤ ᠦᠰᠦᠷᠴᠦ ᠲᠡᠪᠬᠡᠷᠦᠨ ᠪᠠᠷᠢᠭᠳᠠᠳᠠᠭ ᠦᠭᠡᠢ᠂ ᠪᠠᠷᠢᠬᠤ ᠶᠢᠨ ᠴᠦ ᠠᠷᠭ᠎ᠠ ᠦᠭᠡᠢ᠃ ᠢᠰᠡᠭᠡᠢ ᠲᠡᠭᠡᠪᠦᠷ ᠢᠶᠠᠨ ᠲᠠᠳᠠᠬᠤ ᠳᠤ ᠬᠠᠷᠢᠨ ᠱᠠᠯᠪᠢᠩ ᠢ ᠲᠡᠮᠵᠢᠵᠦ ᠪᠠᠶᠢᠬᠤ ᠰᠢᠭ᠋ ᠲᠡᠷᠡ ᠴᠠᠭᠠᠰᠢ ᠪᠠᠨ ᠴᠢᠷᠴᠦ᠂ ᠡᠪᠦᠭᠡᠨ ᠨᠠᠭᠠᠰᠢ ᠪᠠᠨ ᠴᠢᠩᠭᠠᠭᠠᠵᠤ ᠶᠡᠭᠡ ᠯᠡ ᠭᠦᠭᠲᠡᠢ ᠪᠤᠯᠵᠤ ᠪᠠᠶᠢᠬᠤ ᠳᠤ ᠡᠮᠡᠭᠡᠨ ᠨᠢ ᠵᠠ ᠣᠳᠣ ᠪᠤᠯᠵᠠᠢ ᠭᠡᠵᠦ ᠡᠪᠦᠭᠡᠨ ᠢᠶᠠᠨ ᠲᠠᠳᠠᠵᠣ ᠶᠠᠭ ᠬᠤᠶᠡᠷ ᠡᠲᠡᠭᠡᠳ ᠨᠤᠴᠦᠯᠳᠣᠵᠣ ᠪᠠᠶᠢᠬᠤ ᠮᠠᠶ᠋ᠢᠭ ᠲᠠᠢ ᠪᠤᠯᠵᠣ ᠪᠠᠶᠢᠵᠦ ᠪᠢᠯᠡ᠃    ᠲᠡᠭᠡᠭᠡᠳ ᠡᠪᠦᠭᠡᠨ ᠴᠢᠷᠠᠢ ᠪᠠᠨ ᠬᠤᠷᠴᠠᠶᠢᠯᠭᠠᠨ ᠰᠠᠭᠤᠬᠤ ᠳᠠᠭᠠᠨ ᠲᠡᠭᠦᠨ ᠤ ᠲᠡᠩᠭᠡᠭᠡ ᠴᠢᠳᠠᠯ᠂ ᠵᠣᠷᠢᠭ ᠰᠦᠯᠳᠡ ᠶᠢ ᠴᠦ ᠦᠵᠡᠯ᠎ᠡ᠃ ᠶᠠᠭᠤᠮ᠎ᠠ ᠪᠠᠨ ᠰᠦᠢᠳᠭᠡᠵᠦ ᠪᠠᠷᠠᠯ᠎ᠠ ᠭᠡᠳ ᠶᠡᠭᠡᠯ᠎ᠡ ᠬᠠᠷᠠᠮᠰᠠᠵᠤ ᠭᠠᠰᠠᠯᠤᠨ ᠰᠠᠭᠤᠵᠤ ᠪᠠᠶᠢᠭᠠᠳ ︽ᠭᠦᠮᠦᠨ ᠢ ᠴᠣᠬᠢᠬᠤ ᠭᠡᠰᠡᠨ ᠴᠢᠯᠠᠭᠤ ᠪᠠᠷ ᠪᠡᠶ᠎ᠡ ᠪᠠᠨ ᠴᠣᠬᠢᠯ᠎ᠠ ᠳ᠋ᠠ︕ ᠬᠡᠨ ᠳᠤ ᠬᠡᠯᠡᠬᠦ ᠪᠤᠢ︾ ᠭᠡᠵᠦ ᠡᠮᠡᠭᠡᠨ ᠲᠠᠢ ᠪᠠᠨ ᠴᠢᠷᠠᠢ ᠮᠠᠭᠤᠲᠠᠢ ᠭᠠᠰᠠᠯᠤᠨ ᠰᠠᠭᠤᠪᠠ᠃    ᠱᠠᠯᠪᠢᠩ ᠨᠢᠳᠦ ᠪᠠᠨ ᠪᠦᠯᠲᠡᠶᠢᠯᠭᠡᠨ ᠴᠢᠷᠠᠢ ᠪᠠᠨ ᠬᠤᠪᠢᠷᠠᠭᠤᠯᠵᠤ ᠬᠠᠷᠠᠭᠠᠳ ᠶᠡᠭᠡ ᠲᠠᠭᠤᠨ ᠢᠶᠠᠷ᠄ ︽ᠵᠠ︕ ᠠᠮᠠᠷᠠᠪᠠᠤ᠂ ᠬᠠᠷ᠎ᠠ ᠵᠣᠯᠢᠭ ᠴᠢ ᠮᠢᠨᠦ ᠴᠢᠳᠠᠯ ᠲᠡᠩᠭᠡᠭᠡ ᠶᠢ ᠦᠵᠡᠯ᠎ᠡ ᠪᠠ᠂ ᠬᠤᠶᠠᠭᠤᠯᠨ ᠪᠠᠷᠢᠯᠳᠤᠵᠤ ᠦᠵᠡᠨ᠎ᠡ ᠤᠤ︖ ᠭᠡᠬᠦ ᠳᠤ ᠡᠪᠦᠭᠡᠨ ᠠᠶᠤᠭᠰᠠᠨ ᠰᠢᠭ᠋ ᠪᠤᠯᠵᠤ ᠬᠠᠷ᠎ᠠ ᠴᠠᠭᠠᠨ ᠲᠠᠭᠤ ᠦᠭᠡᠢ ᠪᠠᠶᠢᠬᠤ ᠳᠤ ᠱᠠᠯᠪᠢᠩ ᠮᠣᠷᠢ ᠪᠠᠨ ᠤᠨᠤᠭᠠᠳ ᠶᠠᠪᠤᠵᠡᠢ᠃ ︵ᠦᠷᠬᠦᠯᠵᠢᠯᠡᠯ ᠪᠣᠢ︶
 
ᠢᠷᠡᠯᠲᠡ᠄ ᠠᠯᠠᠱᠠ ᠪᠦᠬᠡ ᠱᠠᠯᠪᠢᠩ ᠤᠨ ᠳᠣᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号