ᠠᠷᠪᠠᠨ ᠶᠢᠰᠦ ᠠᠷᠪᠠᠶᠢᠯᠵᠢ ᠠᠴᠠ ᠰᠤᠴᠢᠨ ᠠᠶᠢᠯ ᠢ ᠰᠦᠢᠳᠬᠡᠪᠡ | | ᠮᠠᠨᠳᠤᠬᠤ ᠨᠠᠷᠠᠨ ᠤ ᠭᠡᠷᠡᠯ ᠮᠡᠲᠦ᠂ ᠠᠯᠲᠠᠨ ᠲᠡᠯᠡᠭᠡᠢ ᠶᠢ ᠭᠡᠶᠢᠭᠦᠯᠵᠦ᠂ ᠤᠷᠤᠰᠬᠠᠯ ᠤᠰᠤᠨ ᠤ ᠲᠣᠯᠬᠢᠶᠡᠨ ᠰᠢᠭ᠋ | ᠪᠦᠬᠡ ᠱᠠᠯᠪᠢᠩ ᠤᠨ ᠠᠯᠳᠠᠷ ᠨᠡᠷ᠎ᠡ ᠭᠠᠵᠠᠷ ᠪᠦᠷᠢ ᠳᠤ ᠤᠯᠠᠮᠵᠢᠯᠠᠭᠳᠠᠨ ᠲᠦᠭᠡᠵᠦ ᠢᠷᠡᠭᠰᠡᠨ ᠪᠢᠯᠡ᠃ | ᠭᠡᠷ ᠲᠡᠭᠡᠨ ᠰᠠᠭᠤᠭᠰᠠᠨ ᠮᠡᠷᠭᠡᠨ ᠠᠴᠠ᠂ ᠲᠡᠯᠠᠭᠡᠢ ᠶᠢ ᠲᠤᠭᠤᠷᠢᠭᠰᠠᠨ ᠲᠡᠨᠡᠭ ᠲᠡᠭᠡᠷ᠎ᠡ ᠭᠡᠵᠦ ᠪᠤᠳᠤᠵᠤ | ᠶᠠᠪᠤᠭᠰᠠᠨ ᠱᠠᠯᠪᠢᠩ ᠭᠠᠵᠠᠷ ᠪᠤᠯᠭᠠᠨ ᠳᠤ ᠲᠤᠭᠤᠷᠢᠨ ᠶᠠᠪᠤᠭᠰᠠᠭᠠᠷ ᠪᠠᠶᠢᠳᠡᠯ᠎ᠠ ᠤᠷᠠᠳ ᠤᠨ ᠳᠤᠮᠳᠠ ᠭᠦᠩ ᠤᠨ | ᠬᠤᠰᠢᠭᠤᠨ ᠳᠤ ᠭᠦᠷᠦᠭᠡᠳ ᠣᠳᠴᠠᠢ᠃ | ᠲᠡᠭᠡᠭᠡᠳ ᠶᠠᠪᠤᠵᠤ ᠪᠠᠶᠢᠭᠠᠳ ᠨᠢᠭᠡᠨ ᠮᠠᠯᠴᠢᠨ ᠠᠶᠢᠯ ᠤᠨ ᠭᠡᠷ ᠲᠤ ᠭᠦᠷᠦᠭᠡᠳ ᠢᠷᠡᠵᠡᠢ᠃ ᠡᠪᠦᠭᠡᠨ ᠡᠮᠡᠭᠡᠨ | ᠬᠤᠶᠡᠷ ᠪᠠᠶᠢᠵᠡᠢ᠃ | — ᠲᠠ ᠠᠮᠤᠷᠬᠠᠨ ᠰᠠᠶᠢᠨ ᠪᠠᠶᠢᠨ᠎ᠠ ᠤᠤ︖ | — ᠰᠠᠶᠢᠨ᠂ ᠲᠠ ᠠᠮᠤᠷᠬᠠᠨ ᠰᠠᠶᠢᠨ ᠤᠤ︖ | — ᠲᠠ ᠬᠠᠮᠢᠭ᠎ᠠ ᠠᠴᠠ ᠢᠷᠡᠪᠡᠤ︖ ᠲᠠ ᠴᠢᠨᠢ ᠬᠡᠨ ᠭᠡᠳᠡᠭ ᠪᠤᠢ︖ ᠲᠠᠨ ᠤ ᠭᠡᠷ ᠦᠷᠦᠭᠡ ᠬᠠᠮᠢᠭ᠎ᠠ | ᠪᠠᠶᠢᠳᠠᠭ ᠪᠤᠢ︖ | — ᠮᠢᠨᠦ ᠨᠡᠷ᠎ᠡ ᠱᠠᠯᠪᠢᠩ ᠭᠡᠳᠡᠭ᠃ ᠠᠯᠠᠱᠠ ᠳᠤ ᠪᠠᠶᠢᠳᠠᠭ᠃ ᠲᠠᠨ ᠤ ᠠᠳᠡ ᠲᠤᠭᠤᠷᠢᠨ ᠶᠠᠪᠤᠵᠤ | ᠤᠷᠠᠳ ᠤᠨ ᠭᠠᠵᠠᠷ ᠢᠶᠠᠷ ᠠᠶᠢᠯᠴᠢᠯᠠᠵᠦ ᠪᠠᠶᠢᠨ᠎ᠠ ᠭᠡᠵᠡᠢ᠃ | — ᠵᠠ ᠮᠡᠳᠡᠯ᠎ᠡ᠂ ᠠᠯᠠᠱᠠ ᠶᠢᠨ ᠪᠦᠬᠡ ᠱᠠᠯᠪᠢᠩ ᠭᠡᠵᠦ ᠲᠠ ᠮᠦᠨ ᠤᠤ︖ | — ᠪᠢ ᠮᠦᠨ ᠪᠠᠶᠢᠨ᠎ᠠ᠃ ᠪᠦᠬᠡ ᠱᠠᠯᠪᠢᠩ ᠭᠡᠳᠡᠭ ᠢ ᠲᠠ ᠴᠦ ᠰᠣᠨᠣᠰᠣᠭᠰᠠᠨ ᠪᠠᠶᠢᠯᠬᠦᠢ ᠭᠡᠵᠡᠢ᠃ | ᠲᠡᠷᠨ ᠡᠪᠦᠭᠡᠨ ᠡᠮᠡᠭᠡᠨ ᠳᠡᠭᠡᠨ ᠲᠤᠬᠢᠵᠦ ᠬᠤᠯᠠ ᠭᠠᠵᠠᠷ ᠠᠴᠠ ᠢᠷᠡᠭᠰᠡᠨ ᠭᠦᠮᠦᠨ ᠳᠤ ᠴᠠᠢ ᠵᠠᠰᠠ ᠭᠡᠰᠡᠨ ᠳᠤ | ᠡᠮᠡᠭᠡᠨ ᠴᠠᠢ ᠵᠠᠰᠠᠨ ᠪᠤᠤᠪᠤ ᠲᠠᠯᠪᠢᠵᠤ ᠦᠭᠴᠡᠢ᠃ | ᠡᠪᠦᠭᠡᠨ ᠠᠴᠠ᠄ ᠲᠠ ᠴᠢᠨᠢ ᠰᠦᠷᠡᠭᠡᠢ ᠴᠢᠳᠠᠯ ᠲᠠᠢ ᠪᠦᠬᠡᠴᠢᠨ ᠭᠡᠳᠡᠭ ᠰᠢᠦ ᠭᠡᠵᠦ ᠭᠡᠯᠡᠭᠡᠳ ᠱᠠᠯᠪᠢᠩ ᠢ ᠪᠠᠭ᠎ᠠ | ᠭᠠᠶᠢᠬᠠᠨ ᠬᠠᠷᠠᠵᠤ ᠳᠤᠲᠤᠷ᠎ᠡ ᠪᠠᠨ ᠨᠢᠭᠡ ᠶᠠᠭᠤᠮ᠎ᠠ ᠪᠤᠳᠤᠭᠰᠠᠨ ᠰᠢᠦ ᠪᠤᠯᠵᠣ᠂ ᠡᠨ᠋ᠨ ᠵᠣᠷᠢᠭ ᠴᠢᠳᠠᠯ ᠲᠠᠢ ᠬᠦᠮᠦᠨ ᠢ | ᠲᠤᠷᠰᠢᠵᠤ ᠦᠵᠡᠶ᠎ᠡ᠃ ᠶᠠᠮᠡᠷ ᠵᠡᠷᠭᠡ ᠶᠢᠨ ᠵᠣᠷᠢᠭ ᠲᠠᠢ ᠡᠷ᠎ᠡ ᠪᠣᠯ ᠳ᠋ᠠ ᠭᠡᠳ ᠨᠢᠭᠤᠪᠴᠢᠯᠡᠨ ᠭᠡᠷ ᠤᠨ ᠭᠠᠳᠠᠨ᠎ᠠ | ᠭᠠᠷᠴᠦ ᠶᠠᠪᠤᠭᠠᠳ ᠨᠢᠭᠡ ᠪᠤᠭᠤᠳᠠᠯ ᠲᠠᠢ ᠶᠠᠭᠤᠮ᠎ᠠ ᠶᠢ ᠠᠪᠴᠦ ᠢᠷᠡᠭᠡᠳ ᠡᠨ᠋ᠨ ᠶᠠᠭᠤ ᠭᠡᠳᠡᠭ ᠪᠤᠢ︖ ᠭᠡᠳ | ᠱᠠᠯᠪᠢᠩ ᠳᠤ ᠭᠠᠷᠳᠠᠭᠤᠯᠤᠨ ᠦᠭᠴᠡᠢ᠃ | ᠱᠠᠯᠪᠢᠩ ᠲᠡᠷᠡ ᠪᠤᠭᠤᠳᠠᠯ ᠲᠠᠢ ᠶᠠᠭᠤᠮ᠎ᠠ ᠶᠢ ᠲᠠᠶᠢᠯᠵᠦ ᠦᠵᠡᠭᠰᠡᠨ ᠳᠤ ᠨᠢᠭᠡ ᠪᠦᠳᠦᠭᠦᠨ ᠠᠶᠤᠮᠠᠷ ᠠᠷᠪᠠᠶᠢᠯᠵᠢ | ᠠᠷᠪᠡᠯᠵᠡᠨ ᠪᠠᠶᠢᠵᠡᠢ᠃ ᠱᠠᠯᠪᠢᠩ ᠤᠬᠠᠭ᠎ᠠ ᠮᠡᠳᠡᠭᠡ ᠦᠭᠡᠢ ᠠᠶᠤᠨ ᠰᠤᠴᠢᠵᠦ᠂ ᠦᠰᠦᠷᠴᠦ ᠲᠡᠪᠭᠡᠷᠡᠨ ᠮᠤᠩᠭᠤᠯ | ᠭᠡᠷ ᠤᠨ ᠡᠭᠦᠳᠡ ᠪᠠᠷ ᠭᠠᠷᠬᠤ ᠭᠡᠰᠡᠨ ᠴᠢᠨᠢ ᠦᠨᠦ ᠪᠦᠳᠦᠭᠦᠨ ᠲᠤᠮᠤ ᠪᠡᠶ᠎ᠡ ᠨᠢ ᠭᠡᠷ ᠤᠨ ᠡᠭᠦᠳᠡ ᠪᠠᠷ ᠪᠠᠭᠳᠠᠬᠤ | ᠦᠭᠡᠢ᠂ ᠠᠶᠤᠵᠤ ᠰᠤᠴᠢᠭᠰᠠᠨ ᠳᠠᠭᠠᠨ ᠡᠭᠦᠳᠡ ᠶᠢ ᠨᠢ ᠪᠡᠶ᠎ᠡ ᠳᠡᠭᠡᠨ ᠡᠯᠭᠦᠨ ᠦᠰᠦᠷᠦᠨ ᠲᠡᠪᠬᠡᠷᠴᠦ ᠨᠠᠢᠮᠠᠨ | ᠬᠠᠨ᠎ᠠ ᠲᠠᠢ ᠲᠣᠮᠣ ᠭᠡᠷ ᠢ ᠨᠢ ᠲᠤᠭᠤᠰᠤ ᠲᠠᠳᠠᠭᠤᠯᠣᠨ ᠴᠢᠷᠦᠭᠡᠳ ᠶᠠᠪᠤᠵᠤ ᠭᠡᠨ᠎ᠡ᠃ | ᠦᠨᠦ ᠡᠪᠦᠭᠡᠨ ᠡᠶᠢᠮᠦ ᠪᠤᠯᠤᠨ᠎ᠠ ᠭᠡᠳᠡᠭ ᠢ ᠰᠠᠨᠠᠭᠠᠨ ᠳᠤ ᠦᠭᠡᠢ ᠪᠠᠶᠢᠵᠦ᠂ ᠱᠠᠯᠪᠢᠩ ᠤᠨ ᠴᠢᠳᠠᠯ | ᠲᠡᠩᠭᠡᠭᠡ ᠶᠢ ᠨᠢ ᠦᠵᠡᠬᠦ ᠭᠡᠰᠡᠨ ᠴᠢᠨᠢ ᠬᠠᠷᠢᠨ ᠨᠠᠢᠮᠠᠨ ᠬᠠᠨ᠎ᠠ ᠲᠠᠢ ᠮᠤᠩᠭᠤᠯ ᠭᠡᠷ ᠢ ᠨᠢ ᠪᠣᠯᠭᠤ ᠲᠡᠳᠡᠨ ᠴᠢᠷᠴᠦ | ᠶᠠᠪᠤᠭᠠᠳ ᠭᠡᠷ ᠤᠨ ᠬᠠᠨ᠎ᠠ ᠪᠠ ᠣᠨᠢ᠂ ᠲᠣᠭᠤᠨᠣ ᠪᠦᠷ ᠪᠠᠯᠪᠠᠷᠠᠵᠤ᠂ ᠭᠡᠷ ᠤᠨ ᠪᠦᠷᠢᠶᠡᠰᠦ ᠢᠰᠡᠭᠡᠢ ᠭᠦᠷᠳᠡᠯ᠎ᠡ | ᠲᠠᠰᠤᠷᠠᠨ ᠣᠷᠠᠭᠳᠠᠵᠤ᠂ ᠭᠡᠷ ᠤᠨ ᠲᠤᠳᠤᠷᠠᠬᠢ ᠡᠳ᠋ᠯᠡᠯ ᠲᠠᠸᠠᠷ᠂ ᠪᠣᠷᠬᠠᠨ ᠤ ᠭᠦᠩᠭᠠᠷᠠᠪᠠ ᠬᠦᠷᠳᠡᠯ᠎ᠡ ᠠᠳᠠ ᠲᠡᠨᠳᠡ | ᠪᠠᠯᠪᠠᠷᠡᠵᠦ᠂ ᠠᠴᠢᠶ᠎ᠡ ᠲᠠᠢ ᠲᠡᠮᠡᠭᠡ ᠲᠦᠢᠯᠠᠭᠰᠠᠨ ᠰᠢᠭ᠋ ᠪᠤᠯᠵᠤ ᠬᠤᠴᠤᠷᠴᠠᠢ᠃ | ᠡᠨ᠋ᠨ ᠦᠶ᠎ᠡ ᠳᠤ ᠡᠪᠦᠭᠡᠨ ᠰᠠᠨᠳᠤᠷᠤᠨ ᠮᠠᠨᠳᠤᠷᠣᠨ ᠱᠠᠯᠪᠢᠩ ᠢ ᠪᠠᠷᠢᠬᠤ ᠭᠡᠰᠡᠨ ᠳᠤ ᠦᠰᠦᠷᠴᠦ ᠲᠡᠪᠬᠡᠷᠦᠨ | ᠪᠠᠷᠢᠭᠳᠠᠳᠠᠭ ᠦᠭᠡᠢ᠂ ᠪᠠᠷᠢᠬᠤ ᠶᠢᠨ ᠴᠦ ᠠᠷᠭ᠎ᠠ ᠦᠭᠡᠢ᠃ ᠢᠰᠡᠭᠡᠢ ᠲᠡᠭᠡᠪᠦᠷ ᠢᠶᠠᠨ ᠲᠠᠳᠠᠬᠤ ᠳᠤ ᠬᠠᠷᠢᠨ | ᠱᠠᠯᠪᠢᠩ ᠢ ᠲᠡᠮᠵᠢᠵᠦ ᠪᠠᠶᠢᠬᠤ ᠰᠢᠭ᠋ ᠲᠡᠷᠡ ᠴᠠᠭᠠᠰᠢ ᠪᠠᠨ ᠴᠢᠷᠴᠦ᠂ ᠡᠪᠦᠭᠡᠨ ᠨᠠᠭᠠᠰᠢ ᠪᠠᠨ ᠴᠢᠩᠭᠠᠭᠠᠵᠤ ᠶᠡᠭᠡ ᠯᠡ | ᠭᠦᠭᠲᠡᠢ ᠪᠤᠯᠵᠤ ᠪᠠᠶᠢᠬᠤ ᠳᠤ ᠡᠮᠡᠭᠡᠨ ᠨᠢ ᠵᠠ ᠣᠳᠣ ᠪᠤᠯᠵᠠᠢ ᠭᠡᠵᠦ ᠡᠪᠦᠭᠡᠨ ᠢᠶᠠᠨ ᠲᠠᠳᠠᠵᠣ ᠶᠠᠭ ᠬᠤᠶᠡᠷ ᠡᠲᠡᠭᠡᠳ | ᠨᠤᠴᠦᠯᠳᠣᠵᠣ ᠪᠠᠶᠢᠬᠤ ᠮᠠᠶ᠋ᠢᠭ ᠲᠠᠢ ᠪᠤᠯᠵᠣ ᠪᠠᠶᠢᠵᠦ ᠪᠢᠯᠡ᠃ | ᠲᠡᠭᠡᠭᠡᠳ ᠡᠪᠦᠭᠡᠨ ᠴᠢᠷᠠᠢ ᠪᠠᠨ ᠬᠤᠷᠴᠠᠶᠢᠯᠭᠠᠨ ᠰᠠᠭᠤᠬᠤ ᠳᠠᠭᠠᠨ ᠲᠡᠭᠦᠨ ᠤ ᠲᠡᠩᠭᠡᠭᠡ ᠴᠢᠳᠠᠯ᠂ ᠵᠣᠷᠢᠭ | ᠰᠦᠯᠳᠡ ᠶᠢ ᠴᠦ ᠦᠵᠡᠯ᠎ᠡ᠃ ᠶᠠᠭᠤᠮ᠎ᠠ ᠪᠠᠨ ᠰᠦᠢᠳᠭᠡᠵᠦ ᠪᠠᠷᠠᠯ᠎ᠠ ᠭᠡᠳ ᠶᠡᠭᠡᠯ᠎ᠡ ᠬᠠᠷᠠᠮᠰᠠᠵᠤ ᠭᠠᠰᠠᠯᠤᠨ ᠰᠠᠭᠤᠵᠤ | ᠪᠠᠶᠢᠭᠠᠳ ︽ᠭᠦᠮᠦᠨ ᠢ ᠴᠣᠬᠢᠬᠤ ᠭᠡᠰᠡᠨ ᠴᠢᠯᠠᠭᠤ ᠪᠠᠷ ᠪᠡᠶ᠎ᠡ ᠪᠠᠨ ᠴᠣᠬᠢᠯ᠎ᠠ ᠳ᠋ᠠ︕ ᠬᠡᠨ ᠳᠤ ᠬᠡᠯᠡᠬᠦ ᠪᠤᠢ︾ | ᠭᠡᠵᠦ ᠡᠮᠡᠭᠡᠨ ᠲᠠᠢ ᠪᠠᠨ ᠴᠢᠷᠠᠢ ᠮᠠᠭᠤᠲᠠᠢ ᠭᠠᠰᠠᠯᠤᠨ ᠰᠠᠭᠤᠪᠠ᠃ | ᠱᠠᠯᠪᠢᠩ ᠨᠢᠳᠦ ᠪᠠᠨ ᠪᠦᠯᠲᠡᠶᠢᠯᠭᠡᠨ ᠴᠢᠷᠠᠢ ᠪᠠᠨ ᠬᠤᠪᠢᠷᠠᠭᠤᠯᠵᠤ ᠬᠠᠷᠠᠭᠠᠳ ᠶᠡᠭᠡ ᠲᠠᠭᠤᠨ ᠢᠶᠠᠷ᠄ ︽ᠵᠠ︕ | ᠠᠮᠠᠷᠠᠪᠠᠤ᠂ ᠬᠠᠷ᠎ᠠ ᠵᠣᠯᠢᠭ ᠴᠢ ᠮᠢᠨᠦ ᠴᠢᠳᠠᠯ ᠲᠡᠩᠭᠡᠭᠡ ᠶᠢ ᠦᠵᠡᠯ᠎ᠡ ᠪᠠ᠂ ᠬᠤᠶᠠᠭᠤᠯᠨ ᠪᠠᠷᠢᠯᠳᠤᠵᠤ ᠦᠵᠡᠨ᠎ᠡ ᠤᠤ︖ | ᠭᠡᠬᠦ ᠳᠤ ᠡᠪᠦᠭᠡᠨ ᠠᠶᠤᠭᠰᠠᠨ ᠰᠢᠭ᠋ ᠪᠤᠯᠵᠤ ᠬᠠᠷ᠎ᠠ ᠴᠠᠭᠠᠨ ᠲᠠᠭᠤ ᠦᠭᠡᠢ ᠪᠠᠶᠢᠬᠤ ᠳᠤ ᠱᠠᠯᠪᠢᠩ ᠮᠣᠷᠢ ᠪᠠᠨ | ᠤᠨᠤᠭᠠᠳ ᠶᠠᠪᠤᠵᠡᠢ᠃ ︵ᠦᠷᠬᠦᠯᠵᠢᠯᠡᠯ ᠪᠣᠢ︶ |