ᠠᠷᠪᠠᠨ ᠨᠠᠢᠮᠠ ᠲᠡᠭᠷᠢ ᠪᠣᠷᠬᠠᠨ ᠠᠴᠠ ᠢᠪᠡᠭᠡᠭᠰᠡᠨ ᠠᠮᠢᠳᠤ ᠶᠠᠪᠤᠬᠤ ᠶᠢᠨ ᠬᠤᠪᠢ ᠵᠠᠶᠠᠭ᠎ᠠ | | ᠠᠶᠠᠯᠠᠵᠤ ᠶᠠᠪᠤᠭᠰᠠᠨ ᠴᠡᠷᠢᠭ ᠤᠨ ᠬᠢᠨ ᠲᠤᠩᠭᠠᠯᠠᠭ ᠨᠠᠭᠤᠷ ᠤᠨ ᠬᠦᠪᠡᠭᠡᠨ ᠳᠤ ᠪᠠᠭᠤᠳᠠᠯᠯᠠᠵᠤ ᠬᠤᠨᠤᠭᠰᠠᠨ | ᠰᠦᠨᠢ᠂ ᠵᠢᠭᠵᠢᠳ ᠤᠨ ᠠᠰᠠᠷᠠᠵᠤ ᠬᠠᠷᠠᠭᠠᠯᠵᠠᠵᠤ ᠢᠷᠡᠭᠰᠡᠨ ᠭᠦᠨᠳᠦ ᠰᠢᠷᠬᠠᠳᠠᠨ ᠠᠴᠠ ᠪᠠᠰᠠ ᠨᠢᠭᠡ ᠨᠢ | ᠬᠠᠰᠤᠭᠳᠠᠵᠠᠢ᠃ | ᠵᠢᠭᠵᠢᠳ ᠨᠢ ᠠᠨᠳᠠ ᠶᠢᠨ ᠬᠤᠪᠢ ᠪᠠᠷ ᠱᠠᠯᠪᠢᠩ ᠤᠨ ᠬᠡᠭᠦᠷ ᠢ ᠲᠠᠭᠠᠭᠠᠵᠣ ᠶᠠᠳᠠᠨ ᠲᠡᠪᠠᠷᠢᠵᠦ ᠶᠠᠪᠤᠭᠠᠳ᠂ | ᠠᠷᠪᠠᠭᠠᠳ ᠠᠯᠬᠤᠮ ᠤᠨ ᠵᠠᠢ ᠲᠠᠢ ᠡᠪᠡᠰᠦᠨ ᠲᠤᠮᠳᠠᠭᠤᠷ ᠣᠷᠣᠰᠢᠭᠤᠯᠵᠣ᠂ ᠠᠪᠴᠦ ᠶᠠᠪᠤᠭᠰᠠᠨ ᠵᠣᠳᠤᠭ ᠢ ᠨᠢ | ᠮᠤᠯᠳᠤᠯᠤᠨ ᠠᠪᠤᠭᠠᠳ ᠨᠤᠶᠡᠨ ᠳᠤ ᠡᠷᠭᠦᠨ ᠪᠠᠷᠢᠭᠰᠠᠨ᠎ᠠ ᠬᠠᠷᠠᠮᠰᠠᠭᠰᠠᠨ ᠡᠪᠦᠭᠡᠨ ᠲᠤᠯᠤᠭᠠᠢ ᠰᠡᠭᠰᠦᠷᠦᠨ ᠪᠠᠶᠢᠪᠠ᠃ | ᠮᠦᠩᠭᠦᠨ ᠲᠤᠪᠤᠷᠤᠤᠳᠤ ᠵᠤᠳᠤᠭ ᠢ ᠵᠢᠭᠵᠢᠳ ᠡᠵᠡᠨ ᠪᠤᠯᠤᠶ᠎ᠡ ᠭᠡᠵᠦ ᠪᠠᠶᠢᠭᠰᠠᠨ ᠪᠤᠯᠪᠠᠴᠦ ᠰᠢᠯᠲᠠᠭ ᠢᠶᠠᠨ | ᠣᠯᠵᠣ ᠶᠠᠳᠠᠵᠠᠢ᠃ ᠡᠷᠭᠦᠨ ᠪᠠᠷᠢᠶᠡ ᠭᠡᠰᠡᠨ ᠭᠠᠯᠳᠡᠨ ᠪᠣᠱᠣᠭᠲᠣ ᠶᠢᠨ ᠨᠠᠷᠠ ᠨᠢ ᠤᠨᠠᠯ᠎ᠠ᠂ ᠶᠡᠭᠡ ᠰᠠᠨᠠᠭᠰᠠᠨ | ᠦᠪᠡᠷ ᠤᠨ ᠪᠤᠳᠤᠯ ᠴᠦ ᠬᠠᠷᠠᠯᠠᠵᠡᠢ᠃ | ᠣᠷᠣᠰᠢᠭᠤᠯᠣᠭᠰᠠᠨ ᠬᠡᠭᠦᠷ ᠨᠢ ᠭᠡᠨᠡᠳᠲᠡ ᠭᠦᠲᠡᠯᠬᠦ ᠰᠢᠭ ᠪᠤᠯᠤᠭᠰᠠᠨ ᠢᠶᠠᠨ ᠢᠷᠠᠭᠯᠠᠵᠤ ᠪᠠᠶᠢᠬᠤ ᠨᠢ | ᠰᠤᠨᠤᠰᠳᠠᠪᠠ᠃ ᠬᠠᠯᠬ᠎ᠠ ᠭᠠᠵᠠᠷ ᠤᠨ ᠠᠬ᠎ᠠ ᠳᠡᠭᠦᠦ ᠬᠤᠶᠡᠷ ᠪᠤᠴᠠᠵᠦ ᠬᠤᠯᠠ ᠠᠴᠠ ᠬᠠᠷᠠᠵᠤ ᠵᠤᠭᠰᠤᠬᠤ ᠳᠤ | ᠲᠡᠷᠯᠢᠭ ᠤᠨ ᠲᠤᠤᠭᠤᠷ ᠴᠤᠬᠤᠯᠵᠠᠭᠰᠠᠨ ᠭᠠᠷ ᠨᠢ ᠰᠠᠮᠤᠷᠳᠡᠨ ᠪᠠᠶᠢᠨ᠎ᠠ᠃ ᠵᠣᠷᠢᠭᠯᠠᠨ ᠪᠠᠶᠢᠵᠤ ᠲᠡᠬᠢᠨ | ᠣᠶᠢᠷᠡᠳᠬᠤ ᠳᠤ ᠬᠦᠭᠡᠷᠡᠵᠦ ᠪᠣᠷᠣᠯᠠᠭᠰᠠᠨ ᠰᠢᠷᠬ᠎ᠠ ᠶᠢ ᠨᠢ ᠲᠣᠭᠤᠷᠢᠭᠤᠯᠣᠨ ᠴᠢᠨ᠋ᠸ᠎ᠠ ᠲᠤᠯᠢᠶᠠᠭᠰᠠᠨ ᠪᠤᠯᠤᠯᠲᠠᠢ᠃ | ᠦᠨᠡᠭᠡ ᠴᠢᠨ᠋ᠸ᠎ᠠ ᠢᠳᠡᠰᠢ ᠪᠣᠯᠬᠤ ᠶᠤᠰᠤᠳᠠᠢ ᠪᠠᠶᠢᠳᠡᠯ᠎ᠡ ᠮᠢᠬᠠᠴᠢᠨ ᠰᠢᠪᠠᠭᠤ ᠲᠠᠢ ᠲᠠᠭᠤᠴᠠᠯᠳᠤᠭᠰᠠᠨ ᠴᠢᠨ᠋ᠸ᠎ᠠ ᠶᠢᠨ | ᠮᠦᠷ ᠰᠠᠷᠪᠠᠶᠢᠵᠦ ᠬᠠᠷᠠᠭᠳᠠᠨ᠎ᠠ᠃ ᠪᠠᠰᠠ ᠲᠡᠷᠭᠡ ᠮᠤᠷᠢᠨ ᠤ ᠮᠦᠷ᠂ ᠮᠠᠶᠢᠬᠠᠨ ᠰᠢᠭᠠᠭᠰᠠᠨ ᠭᠦᠮᠦᠨ ᠤ ᠮᠦᠷ ᠪᠠ | ᠠᠳᠠ ᠲᠡᠨᠳᠠ ᠬᠦᠬᠡᠷᠡᠨ ᠦᠵᠡᠭᠳᠡᠬᠦ ᠦᠨᠡᠰᠦᠨ ᠤᠪᠤᠭ᠎ᠠ ᠨᠤᠭᠤᠳ ᠤᠯᠠᠨ ᠴᠦ ᠭᠦᠮᠦᠨ ᠬᠤᠨᠤᠭᠠᠳ ᠶᠠᠪᠤᠭᠰᠠᠨ ᠢ | ᠭᠡᠷᠡᠴᠢᠯᠡᠵᠦ ᠪᠠᠶᠢᠨ᠎ᠠ᠃ ᠬᠡᠭᠦᠷ ᠲᠠᠬᠢᠨ ᠢᠷᠠᠭᠯᠠᠪᠠ᠃ ᠭᠠᠷ ᠭᠠᠷ ᠢᠶᠠᠨ ᠪᠠᠷᠢᠯᠴᠠᠨ ᠰᠡᠮᠡᠷᠭᠡᠨ ᠠᠯᠬᠤᠵᠤ ᠤᠴᠢᠭᠠᠳ | ᠬᠤᠴᠢᠭᠰᠠᠨ ᠲᠡᠷᠯᠢᠭ ᠢ ᠰᠡᠬᠦᠪᠡᠯ ᠴᠤᠩᠭᠡᠶᠢᠭ᠌ᠰᠠᠨ ᠵᠡᠪᠡᠭᠡᠢ ᠴᠢᠷᠡᠢ ᠢᠯᠡᠷᠡᠭᠡᠳ᠂ ᠨᠢᠳᠦ ᠨᠢ ᠠᠨᠢᠯᠳᠤᠨ ᠪᠠᠶᠢᠪᠠᠴᠦ | ᠬᠠᠲᠠᠵᠣ ᠬᠤᠷᠪᠤᠶᠢᠭᠰᠠᠨ ᠤᠷᠤᠭᠤᠯ ᠠᠮᠠ ᠨᠢ ᠠᠩᠭᠠᠯᠵᠠᠭᠠᠳ ᠠᠮᠢ ᠲᠡᠮᠡᠴᠡᠨ ᠪᠠᠶᠢᠬᠤ ᠶᠢ ᠲᠤᠳᠤᠷᠬᠠᠢ ᠦᠵᠡᠪᠡ᠃ | ᠠᠬ᠎ᠠ ᠲᠡᠭᠦᠦ ᠬᠤᠶᠠᠭᠤᠯᠨ ᠬᠡᠭᠦᠷ ᠪᠢᠰᠢ᠂ ᠠᠮᠢᠳᠤ ᠪᠠᠶᠢᠨ᠎ᠠ ᠭᠡᠰᠡᠨ ᠢ ᠪᠠᠳᠤᠳᠠᠢ ᠮᠡᠳᠡᠭᠰᠡᠨ ᠳᠡᠭᠡᠨ | ᠲᠤᠤᠭᠤᠷ ᠨᠢ ᠲᠡᠷᠯᠢᠭ ᠤᠷᠤᠭᠤᠯᠤᠨ ᠲᠠᠮᠨᠠᠵᠤ ᠶᠠᠪᠤᠵᠠᠢ᠃ | ᠲᠡᠭᠡᠭᠡᠳ ᠮᠠᠶᠢᠬᠠᠨ ᠳᠤ ᠠᠪᠠᠴᠢᠵᠦ ᠬᠤᠴᠢᠭᠠᠳ ᠰᠠᠶ᠋ᠢᠬᠠᠨ ᠪᠣᠴᠠᠯᠭᠠᠭᠰᠠᠨ ᠵᠡᠭᠡᠷᠡᠨ ᠮᠢᠬᠠᠨ ᠱᠦᠯᠦ ᠬᠤᠶᠡᠷ | ᠲᠠᠭᠱᠠ ᠪᠠᠷ ᠡᠭᠡᠯᠵᠢᠯᠡᠭᠦᠯᠦᠨ ᠰᠠᠮᠤᠷᠴᠦ ᠪᠦᠯᠢᠶᠡᠨ ᠪᠤᠯᠭᠠᠭᠠᠳ ᠠᠮᠠᠨ ᠳᠤᠨᠢ ᠲᠤᠰᠤᠭᠠᠵᠦ ᠦᠵᠡᠪᠡ᠃ | ᠵᠠᠯᠭᠢᠭᠤᠰᠣ ᠲᠠᠢ ᠪᠠᠶᠢᠬᠤ ᠠᠵᠢ᠃ ᠭᠤᠷᠪᠠᠨ ᠠᠶᠠᠭ᠎ᠠ ᠱᠦᠯᠦ ᠤᠤᠭᠤᠭᠰᠠᠨ ᠪᠠᠶᠢᠳᠠᠯ᠎ᠡ ᠪᠠᠰᠠ ᠯᠡ ᠲᠡᠭᠳᠡᠭᠡᠭᠡᠢ ᠰᠢᠭ | ᠠᠮᠠ ᠨᠢ ᠠᠩᠭᠠᠯᠵᠠᠵᠤ ᠡᠬᠢᠯᠡᠪᠡ᠃ ᠲᠣᠭᠤᠭ᠎ᠠ ᠲᠠᠢ ᠱᠦᠯᠦ ᠪᠠᠨ ᠪᠤᠴᠠᠯᠭᠠᠨ ᠪᠠᠶᠢᠵᠦ ᠪᠠᠶᠢᠳᠠᠯ᠎ᠡ ᠬᠠᠷᠢᠨ | ᠤᠷᠤᠭᠤᠯ ᠨᠢ ᠵᠢᠮᠡᠶᠢᠬᠦ ᠰᠢᠭ ᠪᠤᠯᠤᠭᠰᠠᠨ ᠢᠶᠠᠨ ᠤᠭᠰᠢᠭᠤᠯᠵᠣ ᠢᠷᠡᠭᠡᠳ ᠤᠭᠢᠭᠤᠯᠪᠠ᠃ ᠭᠡᠪᠡᠴᠦ ᠪᠦᠭᠡᠯᠵᠢᠭᠰᠡᠨ | ᠦᠭᠡᠢ᠂ ᠬᠠᠷᠢᠨ ᠰᠢᠷᠬ᠎ᠠ ᠨᠢ ᠬᠦᠨᠳᠡᠭᠳᠡᠪᠡ ᠪᠤᠯᠤᠯᠳᠠᠢ ᠰᠤᠳᠠᠰᠦ ᠨᠢ ᠭᠦᠷᠦᠰ ᠭᠦᠷᠦᠰ ᠵᠠᠩᠬᠢᠷᠡᠵᠤ ᠪᠠᠶᠢᠭᠰᠠᠨ ᠢᠶᠠᠨ | ᠴᠢᠷᠡᠢ ᠲᠡᠭᠡᠭᠦᠷ ᠨᠢ ᠬᠠᠷ᠎ᠠ ᠭᠦᠯᠦᠰᠦ ᠪᠦᠮᠪᠦᠷᠢᠵᠦ ᠬᠠᠷᠠᠭᠳᠠᠪᠠ᠃ | — ᠨᠡᠷ᠎ᠡ ᠬᠡᠨ ᠪᠢᠯᠡ︖ ᠨᠣᠲᠤᠭ ᠬᠠᠮᠢᠭᠠᠬᠢ ᠶᠢᠨ ᠪᠤᠢ︖ | ᠶᠠᠮᠡᠷ ᠴᠤ ᠲᠤᠰᠬᠠᠯ ᠠᠯᠠᠭ᠎ᠠ᠂ ᠰᠤᠨᠤᠰᠤᠭᠰᠠᠨ ᠪᠤᠯᠪᠠᠴᠦ ᠲᠤᠤᠭᠠᠷᠴᠦ ᠴᠢᠳᠠᠭᠰᠠᠨ ᠦᠭᠡᠢ ᠪᠠᠶᠢᠬᠤ ᠪᠤᠯᠤᠯᠳᠠᠢ᠂ | ᠣᠷᠬᠢᠭᠠᠳ ᠶᠠᠪᠤᠭᠰᠠᠨ ᠲᠡᠷᠭᠡ ᠮᠣᠷᠢᠨ ᠤ ᠵᠦᠭ ᠴᠢᠭ ᠢ ᠬᠠᠷᠠᠪᠠᠯ ᠤᠷᠠᠳ ᠡᠰᠡᠭᠦᠯ᠎ᠡ ᠠᠯᠠᠱᠠ ᠦᠭᠡᠯᠡᠳ ᠪᠠᠶᠢᠬᠤ | ᠶᠤᠰᠤᠳᠠᠢ᠃ ᠬᠠᠮᠢᠭᠠᠬᠢ ᠶᠢᠨ ᠴᠦ ᠪᠤᠯᠤᠭ᠂ ᠶᠠᠭᠤᠨ ᠳᠤ ᠠᠮᠢᠳᠤ ᠪᠠᠷ ᠨᠢ ᠬᠠᠶᠠᠭᠠᠳ ᠶᠠᠪᠤᠨ᠎ᠠ ᠪᠤᠢ︖ ᠦᠬᠦᠭᠡᠳ | ᠰᠡᠬᠡᠬᠦ ᠶᠤᠰᠤ ᠶᠠᠭᠠᠬᠢᠭᠰᠠᠨ ᠴᠦ ᠪᠠᠶᠢᠬᠤ ᠦᠭᠡᠢ ᠪᠢᠵᠡ᠃ | ᠵᠡᠭᠡᠷᠡᠨ ᠮᠢᠬ᠎ᠠ ᠪᠠᠨ ᠰᠠᠮᠡᠯᠡᠭᠡᠳ ᠠᠮᠠᠨ ᠳᠤᠨᠢ ᠬᠢᠪᠡ᠂ ᠤᠮᠠᠷᠠᠭᠤᠯᠵᠤ ᠦᠵᠡᠭᠡᠳ ᠵᠠᠯᠬᠢᠵᠦ ᠴᠢᠳᠠᠭᠰᠠᠨ ᠦᠭᠡᠢ᠃ | ᠵᠠᠵᠢᠯᠤᠭᠠᠳ ᠦᠭᠭᠦᠯ᠎ᠡ᠂ ᠵᠠᠯᠬᠢᠬᠤ ᠰᠢᠭ᠋ ᠪᠤᠯᠤᠯ᠎ᠠ᠃ ᠦᠭᠭᠦᠭᠰᠡᠭᠡᠷ ᠪᠠᠶᠢᠳᠠᠯ᠎ᠡ ᠮᠢᠬ᠎ᠠ ᠴᠦ ᠠᠶᠠᠳᠠᠯ᠎ᠠ᠂ | ᠴᠠᠳᠬᠤ ᠪᠠᠨ ᠮᠡᠳᠡᠵᠦ ᠪᠠᠶᠢᠬᠤ ᠡᠰᠡᠬᠦ ᠶᠢ ᠪᠤᠤ ᠮᠡᠳᠡ᠃ ᠠᠬ᠎ᠠ ᠨᠢ ᠭᠠᠷᠴᠦ ᠤᠴᠢᠭᠠᠳ ᠨᠠᠭᠤᠷ ᠤᠨ ᠯᠠᠢ | ᠠᠪᠴᠢᠷᠠᠨ ᠴᠡᠭᠡᠵᠢᠨ ᠤ ᠡᠷᠡᠭᠦᠯ ᠬᠡᠰᠡᠭ ᠲᠤᠨᠢ ᠪᠢᠯᠳᠠᠵᠤ ᠤᠷᠬᠢᠪᠠ᠃ ᠬᠠᠯᠠᠭᠤᠨ ᠢ ᠪᠠᠭᠤᠷᠠᠭᠰᠠᠨ ᠡᠰᠡᠬᠦ ᠨᠢ | ᠮᠡᠳᠡᠭᠳᠡᠵᠦ ᠶᠠᠳᠠᠪᠠᠴᠦ ᠰᠡᠷᠢᠭᠦᠦ ᠲᠠᠲᠠᠭᠰᠠᠨ ᠪᠢᠵᠡ᠂ ᠢᠷᠠᠭᠯᠠᠬᠤ ᠨᠢ ᠨᠠᠮᠳᠠᠪᠠ᠃ | ᠮᠠᠷᠭᠠᠰᠢ ᠢ ᠲᠡᠮᠡᠭᠡᠨ ᠲᠡᠭᠡᠷ᠎ᠡ ᠠᠴᠢᠭᠠᠳ ᠡᠮᠦᠨᠡᠰᠢ ᠬᠠᠨᠳᠤᠯ᠎ᠠ᠂ ᠰᠢᠷᠬ᠎ᠠ ᠢ ᠬᠦᠨᠳᠡᠭᠳᠡᠵᠦ ᠪᠠᠶᠢᠬᠤ ᠪᠤᠯᠤᠯᠳᠠᠢ | ᠲᠡᠮᠡᠭᠡᠨ ᠤ ᠰᠠᠵᠢᠯᠠᠬᠤ ᠶᠢᠨ ᠲᠤᠭ᠎ᠠ ᠪᠠᠷ ᠢᠷᠠᠭᠯᠠᠵᠤ ᠪᠠᠶᠢᠬᠤ ᠢ ᠬᠡᠴᠡᠭᠦᠦ᠂ ᠪᠠᠶᠢᠬᠤ ᠭᠠᠭᠴᠠ ᠢᠰᠡᠭᠡᠢ ᠪᠠᠨ | ᠮᠠᠶᠢᠬᠠᠨ ᠤ ᠭᠠᠶᠢᠷ ᠲᠤ ᠡᠪᠯᠡᠭᠦᠯᠵᠦ ᠪᠠᠭᠯᠠᠭᠠᠳ ᠲᠡᠭᠡᠷ᠎ᠡ ᠢ ᠬᠡᠪᠲᠡᠭᠦᠯᠦᠭᠰᠡᠨ ᠠᠴᠠ ᠵᠤᠪᠠᠭᠤᠷᠢᠯᠠᠬᠤ ᠨᠢ ᠠᠷᠠᠢ | ᠨᠠᠮᠳᠠᠭᠰᠠᠨ ᠴᠦ ᠠᠷᠪᠡᠨ ᠬᠡᠳᠦ ᠲᠠᠢ ᠬᠦᠦ ᠳᠤ ᠲᠤᠩ ᠴᠤ ᠬᠦᠨᠳᠦ ᠠᠴᠢᠶ᠎ᠡ ᠪᠠᠶᠢᠯ᠎ᠡ᠃ ᠬᠤᠶᠡᠷ ᠡᠳᠦᠷ ᠲᠠᠮᠨᠠᠭᠠᠳ | ᠠᠯᠢ ᠠᠯᠢᠨ ᠤ ᠬᠢᠨᠢ ᠡᠭᠡᠮ ᠬᠠᠪᠤᠳᠤᠭᠠᠳ᠂ ᠮᠣᠳᠣ ᠦᠵᠡᠬᠦ ᠠᠴᠠ ᠬᠠᠯᠠᠰᠢᠷᠠᠬᠤ ᠠᠵᠢ᠃ ᠠᠷᠭ᠎ᠠ ᠪᠤᠰᠤ | ᠲᠡᠮᠡᠭᠡᠨ ᠳᠤ ᠠᠴᠢᠯᠠ᠂ ᠡᠨ᠋ᠨ ᠮᠡᠲᠦ ᠨᠢᠭᠡ ᠡᠳᠦᠷ ᠠᠴᠢᠵᠦ ᠨᠢᠭᠡ ᠡᠳᠦᠷ ᠲᠠᠮᠨᠠᠵᠦ ᠭᠡᠳᠦᠢ ᠬᠤᠨᠤᠭᠰᠠᠨ ᠢ ᠴᠦ ᠪᠤᠤ | ᠮᠡᠳᠠ᠃ ᠨᠢᠭᠡ ᠵᠠᠮ ᠠᠶᠢᠯ ᠠᠮᠢᠳᠡᠨ᠂ ᠮᠠᠯ ᠰᠦᠷᠦᠭ ᠤᠨ ᠪᠠᠷ᠎ᠠ ᠴᠦ ᠤᠯᠵᠣ ᠦᠵᠡᠭᠰᠡᠨ ᠦᠭᠡᠢ᠃ ᠠᠯᠠᠱᠠ ᠭᠡᠭᠴᠢ | ᠴᠤᠬᠤᠮ ᠬᠡᠳᠦᠢ ᠬᠤᠯᠠ ᠪᠠᠶᠢᠬᠤ ᠪᠤᠢ︖ ᠮᠡᠳᠡᠬᠦ ᠬᠦᠮᠦᠨ ᠠᠮᠢᠳᠡᠨ ᠴᠦ ᠦᠭᠡᠢ᠃ | ᠤᠰᠤ ᠶᠢ ᠬᠦᠰᠡᠨ ᠪᠠᠶᠢᠭᠰᠠᠭᠠᠷ ᠤᠯᠵᠣ ᠢᠷᠡᠭᠰᠡᠨ ᠪᠤᠯᠪᠠᠴᠦ ᠰᠢᠷᠬ᠎ᠠ ᠲᠠᠢ ᠬᠦᠮᠦᠨ ᠤ ᠪᠤᠰᠴᠦ ᠢᠷᠡᠬᠦ ᠨᠢ | ᠬᠡᠵᠢᠶ᠎ᠡ ᠪᠤᠢ᠂ ᠭᠡᠯᠡᠬᠦ ᠳᠤ ᠭᠡᠴᠡᠬᠦᠦ᠃ ᠨᠠᠭᠠᠳᠤ ᠵᠠᠬ᠎ᠠ ᠨᠢ ᠨᠢᠳᠦ ᠪᠠᠨ ᠴᠦ ᠨᠡᠭᠡᠭᠡᠵᠦ ᠴᠢᠳᠠᠬᠤ ᠦᠭᠡᠢ ᠪᠠᠶᠢᠭᠰᠠᠭᠠᠷ | ᠰᠢᠦ᠃ ᠠᠮᠢᠰᠬᠤᠭ᠎ᠠ ᠲᠠᠢ ᠠᠮᠢᠰᠬᠤᠭ᠎ᠠ ᠦᠭᠡᠢ ᠡᠶᠢᠮᠦ ᠬᠦᠮᠦᠨ ᠢ ᠴᠤᠬᠤᠮ ᠶᠠᠭᠠᠬᠢᠨ᠎ᠠ ᠪᠤᠢ︖ ᠠᠪᠤᠨ | ᠲᠤᠤᠷ᠎ᠡ ᠨᠢ ᠠᠪᠤᠷᠠᠬᠤ ᠶᠢ ᠪᠤᠳᠤᠭᠰᠠᠨ ᠪᠤᠯᠪᠠᠴᠦ ᠣᠳᠣ ᠬᠠᠷᠢᠨ ᠡᠷᠡᠭᠡᠯᠵᠡᠬᠦ ᠪᠤᠯᠤᠯ᠎ᠠ᠃ ᠭᠡᠪᠡᠴᠦ ᠴᠢᠭ ᠲᠤᠨᠢ | ᠪᠠᠭᠲᠠᠭᠠᠬᠤ ᠦᠭᠡᠢ ᠶᠠᠭᠠᠬᠢᠵᠤ ᠬᠠᠶᠠᠨ᠎ᠠ ᠪᠤᠢ᠂ ᠵᠠᠭ ᠤᠨ ᠴᠤᠭ ᠲᠡᠭᠡᠷ᠎ᠡ ᠲᠣᠭᠤᠭ᠎ᠠ ᠨᠡᠷᠡᠭᠡᠳ ᠬᠡᠪᠳᠡᠭᠰᠡᠨ ᠴᠢᠨᠢ | ᠬᠤᠶᠠᠭᠤᠯᠨ ᠪᠠᠨ ᠣᠨᠲᠠᠴᠢᠬᠠᠵᠡᠢ᠃ ᠨᠢᠭᠡ ᠰᠡᠷᠢᠬᠦ ᠳᠤ ᠲᠣᠭᠤᠭ᠎ᠠ ᠰᠢᠷᠬᠢᠭᠡᠳ᠂ ᠴᠤᠭ ᠣᠨᠳᠠᠷᠠᠬᠤ ᠠᠶᠠᠳᠠᠵᠡᠢ᠃ | ᠮᠤᠷᠢᠨ ᠤ ᠲᠠᠭᠤ ᠭᠠᠷᠤᠭᠰᠠᠨ ᠳᠤ ᠢᠷᠡᠭᠰᠡᠨ ᠬᠦᠮᠦᠨ ᠨᠢ ᠡᠬᠡᠨᠡᠷ ᠭᠦᠮᠦᠨ ᠪᠠᠶᠢᠬᠤ ᠠᠵᠢ᠃ ᠡᠷ᠎ᠡ ᠶᠢᠨ ᠢᠶᠠᠨ | ᠠᠳᠡᠭᠰᠡᠨ ᠢ ᠰᠤᠨᠤᠰᠤᠭᠠᠳ ᠭᠡᠬᠦᠷ ᠶᠠᠰᠤ ᠶᠢ ᠨᠢ ᠦᠵᠡᠬᠦ ᠪᠠᠷ ᠡᠷᠢᠵᠦ ᠤᠴᠢᠭᠰᠠᠨ ᠲᠤᠭᠤᠰ ᠨᠠᠭᠤᠷ ᠤᠨ ᠬᠦᠪᠡᠭᠡ | ᠡᠷᠭᠢᠭᠦᠯᠦᠨ ᠠᠯᠳᠠᠵᠤ ᠡᠷᠢᠭᠡᠳ ᠠᠷᠢᠶᠡᠳᠡᠨ ᠵᠢᠬᠦᠷᠳᠡᠨ ᠤ ᠢᠳᠡᠰᠢ ᠪᠤᠯᠵᠤ ᠭᠡᠵᠦ ᠰᠡᠳᠬᠢᠯ ᠴᠦᠭᠦᠷᠡᠨ ᠪᠤᠴᠠᠵᠤ | ᠶᠠᠪᠤᠭ᠎ᠠ ᠴᠤ ᠠᠰᠠᠭᠤᠵᠤ ᠰᠤᠷᠠᠭᠯᠠᠬᠤ ᠠᠶᠢᠯ ᠠᠮᠢᠳᠡᠨ ᠲᠠᠭᠠᠷᠠᠪᠠ ᠭᠡᠵᠦ ᠭᠠᠯ ᠤᠨ ᠪᠠᠷ᠎ᠠ ᠪᠠᠷ ᠪᠦᠭᠦᠯᠢ ᠰᠦᠨᠢ | ᠲᠠᠭᠠᠮᠠᠭᠯᠠᠨ ᠪᠠᠶᠢᠵᠦ ᠭᠦᠷᠴᠦ ᠢᠷᠡᠭᠰᠡᠨ ᠢ ᠶᠠᠭᠤ ᠬᠡᠯᠡᠯᠳᠠᠢ ᠪᠢᠯᠡ᠃ | — ᠲᠠ ᠬᠤᠶᠡᠷ ᠴᠢᠨᠢ ᠶᠠᠪᠤᠭᠤᠯ ᠤᠨ ᠤᠯᠤᠰ ᠤᠤ︖ | — ᠲᠠᠶᠢᠮᠦ ᠡ᠂ ᠪᠢᠳᠠ ᠬᠤᠶᠡᠷ ᠨᠢᠭᠡ ᠰᠢᠷᠬᠠᠳᠠᠨ ᠢ ᠤᠯᠤᠭᠠᠳ ᠠᠪᠴᠣ ᠶᠠᠪᠤᠭ᠎ᠠ ᠶᠤᠮ᠃ | — ᠶᠠᠭᠤᠨ ᠰᠢᠷᠬᠠᠳᠠᠨ᠂ ᠬᠠᠮᠢᠭ᠎ᠠ ᠪᠠᠶᠢᠭᠰᠠᠨ ᠰᠢᠷᠬᠠᠳᠡᠨ ᠪᠤᠢ︖ | ᠬᠠᠷᠢᠭᠤ ᠬᠡᠯᠡᠬᠦ ᠶᠢ ᠭᠦᠯᠢᠶᠡᠯ ᠦᠭᠡᠢ ᠮᠠᠶᠢᠬᠠᠨ ᠳᠤ ᠤᠷᠤᠵᠤ ᠤᠴᠢᠭᠰᠠᠨ ᠡᠬᠡᠨᠡᠷ᠂ ᠡᠷᠬᠢᠨ ᠭᠠᠷᠴᠦ ᠢᠷᠡᠭᠡᠳ | ᠭᠠᠯ ᠤᠨ ᠲᠠᠶᠢᠰᠢ ᠳᠠᠪᠬᠢᠬᠤ ᠳᠤ ᠨᠢᠷᠤᠭᠤᠨ ᠳᠠᠬᠢ ᠭᠡᠦᠭᠡᠳ ᠨᠢ ᠰᠤᠴᠢᠨ ᠰᠡᠷᠢᠭᠡᠳ ᠴᠠᠰᠬᠢᠨ ᠤᠬᠢᠯᠡᠯᠡ᠃ | ᠭᠠᠯ ᠤᠨ ᠵᠦᠭ ᠪᠦᠬᠦ᠋ᠢᠵᠦ ᠤᠴᠢᠭᠰᠠᠨ ᠡᠬᠡᠨᠡᠷ ᠵᠠᠭ ᠤᠨ ᠴᠤᠴᠠᠯᠢ ᠰᠢᠭᠦᠷᠴᠦ ᠠᠪᠤᠭᠰᠠᠨ ᠬᠢᠷᠢ ᠳᠡᠭᠡᠨ | ᠭᠡᠦᠭᠡᠳ ᠤᠨ ᠢᠶᠠᠨ ᠣᠬᠢᠯᠠᠬᠤ ᠶᠢ ᠬᠠᠶᠢᠬᠤᠷᠤᠯ ᠦᠭᠡᠢ ᠦᠰᠦᠷᠴᠦ ᠬᠠᠷᠠᠶᠢᠭᠰᠠᠭᠠᠷ ᠮᠠᠶᠢᠬᠠᠨ ᠳᠤ ᠤᠷᠤᠵᠤ᠂ | ᠰᠢᠷᠬᠠᠳᠡᠨ ᠤ ᠨᠢᠭᠤᠷ ᠢ ᠭᠡᠷᠡᠯᠳᠤᠭᠦᠯᠵᠦ ᠦᠵᠡᠩᠭᠦᠲᠡ ᠪᠠᠷᠢᠭᠰᠠᠨ ᠴᠤᠴᠠᠯᠢ ᠪᠠᠨ ᠡᠭᠦᠳᠡ ᠪᠠᠷ ᠬᠠᠶᠠᠵᠤ | ᠶᠠᠪᠤᠭᠤᠯᠤᠭᠠᠳ ᠦᠪᠡᠷ ᠢᠶᠠᠨ ᠴᠦ ᠡᠬᠡᠷ ᠲᠠᠲᠠᠨ ᠰᠦᠭᠦᠷᠴᠦ ᠤᠨᠠᠯ᠎ᠠ᠃ | ᠠᠪᠤᠨ ᠭᠦᠳᠡᠯᠦᠭᠰᠡᠨ ᠵᠠᠮ ᠳᠠᠭᠠᠨ ᠬᠤᠶᠡᠷ ᠦᠨᠵᠢᠭᠡᠳ ᠬᠠᠷᠢᠵᠦ ᠢᠷᠡᠪᠡ᠃ ᠪᠠᠷᠢᠨ ᠲᠤᠤᠷ᠎ᠡ ᠨᠢ ᠤᠨᠠᠭᠠᠭᠰᠠᠨ | ᠰᠡᠷᠭᠡ ᠶᠢᠨ ᠰᠠᠮᠠᠵᠡ ᠪᠠᠷ ᠴᠤᠷᠯᠠᠵᠤ ᠬᠤᠨᠤᠭᠠᠳ ᠦᠷᠯᠦᠭᠡ ᠪᠤᠯᠬᠤ ᠳᠤ ᠱᠠᠯᠪᠢᠩ ᠴᠦ ᠨᠢᠳᠦ ᠪᠠᠨ ᠨᠡᠭᠡᠭᠡᠬᠦ ᠲᠠᠢ | ᠪᠣᠯᠵᠠᠢ᠃ | — ᠡᠨ᠋ᠨ ᠬᠤᠶᠡᠷ ᠲᠡᠭᠦᠦ ᠠᠮᠢ ᠶᠢ ᠴᠢᠨᠢ ᠠᠪᠤᠷᠠᠭᠰᠠᠨ ᠰᠢᠦ᠃ ᠡᠬᠡᠨᠡᠷ ᠨᠢ ᠢᠨᠢᠶᠠᠮᠰᠦᠭᠯᠡᠨ ᠪᠠᠶᠢᠪᠠᠴᠦ | ᠨᠢᠳᠦ ᠨᠢ ᠬᠠᠪᠤᠳᠴᠦ ᠴᠢᠷᠠᠢ ᠨᠢ ᠰᠢᠭᠤᠭᠳᠠᠵᠠᠢ᠃ | — ᠮᠢᠨᠤ ᠵᠤᠳᠤᠭ ᠁ | — ᠵᠤᠳᠤᠭ ᠪᠠᠶᠢᠭ᠎ᠠ ᠦᠭᠡᠢ ᠰᠢᠦ ᠭᠡᠳ ᠠᠬ᠎ᠠ ᠲᠡᠬᠦᠦ ᠬᠤᠶᠠᠷ ᠶᠠᠭᠠᠬᠢᠵᠦ ᠤᠯᠤᠭᠰᠠᠨ᠂ ᠶᠠᠭᠠᠬᠢᠵᠦ | ᠠᠪᠴᠦ ᠢᠷᠡᠭᠰᠡᠨ ᠢᠶᠠᠨ ᠲᠤᠭᠠᠴᠢᠯᠠ᠃ | — ᠲᠠ ᠬᠤᠶᠡᠷ ᠬᠠᠷᠢᠨ᠎ᠠ ᠭᠡᠵᠦ ᠪᠢᠲᠡᠭᠡᠢ ᠶᠠᠭᠠᠷᠠ︕ ᠠᠮᠢ ᠠᠪᠤᠷᠠᠭᠰᠠᠨ ᠠᠴᠢ ᠶᠢ ᠴᠢᠨᠢ ᠠᠪᠤᠨ | ᠬᠠᠷᠢᠭᠤᠯᠵᠤ ᠡᠰᠡ ᠴᠢᠳᠠᠭᠰᠠᠨ ᠴᠦ ᠡᠨ᠋ᠨ ᠨᠣᠲᠤᠭ ᠲᠤ ᠠᠮᠢᠳᠤᠷᠡᠬᠤ ᠶᠢᠨ ᠠᠷᠭ᠎ᠠ ᠰᠠᠳᠤᠵᠦ ᠦᠵᠡᠶ᠎ᠡ ᠭᠡᠵᠦ | ᠱᠠᠯᠪᠢᠩ ᠦᠭᠡ ᠪᠠᠨ ᠲᠠᠰᠤᠯᠳᠠᠭᠤᠯᠤᠨ ᠬᠡᠯᠡᠭᠡᠳ ᠨᠢᠳᠦ ᠪᠠᠨ ᠠᠨᠢᠯ᠎ᠠ᠃ | ᠲᠡᠭᠡᠭᠡᠳ ᠵᠠᠯᠠᠭᠳᠠᠵᠤ ᠢᠷᠡᠭᠰᠡᠨ ᠡᠪᠦᠭᠡᠨ ᠮᠠᠮᠪᠠ ᠡᠮ ᠲᠣᠩ ᠢᠶᠠᠨ ᠠᠭᠤᠳᠠᠯᠡᠨ ᠡᠮ ᠤᠤᠭᠤᠯᠭᠠᠵᠤ᠂ ᠲᠠᠩ | ᠴᠢᠨᠠᠵᠦ ᠱᠠᠪᠰᠢᠨ ᠨᠢᠮᠪᠠᠢ ᠡᠮᠴᠢᠯᠡᠵᠦ ᠬᠡᠳᠦ ᠬᠤᠨᠤᠬᠤ ᠳᠤ ᠡᠪᠡᠳᠬᠦ ᠨᠢ ᠨᠠᠮᠳᠠᠵᠤ ᠨᠢᠳᠦ ᠨᠡᠭᠡᠭᠡᠨ ᠬᠠᠷᠠᠪᠠ᠃ | ᠡᠪᠦᠭᠡᠨ ᠮᠠᠮᠪᠠ ᠲᠠᠷᠦᠢ ᠲᠦᠷᠭᠡᠨ ᠡᠮᠴᠢᠯᠡᠬᠦ ᠶᠢ ᠪᠤᠳᠤᠨ ᠪᠠᠶᠢᠵᠤ ᠰᠠᠨᠠᠭ᠎ᠠ ᠠᠯᠳᠠᠪᠠ᠃ | — ᠶᠠᠮᠠᠷ ᠠᠷᠭ᠎ᠠ ᠪᠠᠶᠢᠳᠠᠭ ᠪᠣᠢ︖ | ᠶᠠᠭᠠᠷᠡᠨ ᠠᠰᠠᠭᠤᠭᠰᠠᠨ ᠡᠬᠡᠨᠡᠷ ᠤᠨ ᠦᠭᠡᠳᠠ ᠠᠴᠠ ᠰᠢᠷᠳᠡᠵᠦ ᠤᠳᠠᠳᠠᠯ᠎ᠠ ᠲᠤᠭᠤᠢ ᠰᠠᠭᠤᠭᠰᠠᠨ ᠮᠠᠮᠪᠠ᠄ | — ᠵᠢᠷᠤᠮᠳᠤ ᠡᠬᠡᠨᠡᠷ ᠡᠷ᠎ᠡ ᠪᠠᠨ ᠠᠪᠣᠷᠠᠳᠠᠭ᠂ ᠵᠢᠷᠣᠮᠳᠤ ᠨᠤᠬᠠᠢ ᠡᠵᠡᠨ ᠢᠶᠠᠨ ᠠᠪᠤᠷᠠᠳᠠᠭ ᠭᠡᠰᠡᠨ ᠦᠭᠡ ᠪᠣᠢ | ᠭᠡᠳ ᠲᠤᠯᠤᠭᠠᠢ ᠲᠤᠬᠢᠬᠤ ᠰᠢᠭ᠋ ᠪᠤᠯᠤᠭᠰᠠᠨ ᠢᠶᠠᠨ ᠰᠠᠵᠢᠪᠠ᠃ | — ᠲᠦᠷᠭᠡᠨ ᠡᠳᠡᠭᠡᠭᠡᠵᠦ ᠵᠤᠪᠠᠯᠠᠩ ᠠᠴᠠ ᠰᠠᠯᠭᠠᠬᠤ ᠠᠷᠭ᠎ᠠ ᠪᠠᠶᠢᠪᠡᠯ ᠶᠠᠭᠠᠬᠢᠭᠰᠠᠨ ᠴᠦ ᠪᠣᠯᠣᠨ᠎ᠠ ᠭᠡᠳ | ᠡᠬᠡᠨᠡᠷ ᠠᠷᠠᠰᠦ ᠮᠢᠬ᠎ᠠ ᠠᠯᠢ ᠨᠢᠭᠡ ᠬᠡᠰᠡᠭ ᠠᠴᠠ ᠨᠢ ᠠᠪᠬᠤ ᠪᠠᠷ ᠪᠠᠶᠢᠬᠤ ᠰᠢᠭ᠋ ᠤᠷᠤᠭᠰᠢ ᠪᠠᠨ ᠵᠢᠳᠬᠦᠰᠬᠢᠪᠡ᠃ | — ᠠᠷᠭ᠎ᠠ ᠨᠢ ᠠᠮᠠᠷᠬᠠᠨ ᠠᠷᠭ᠎ᠠ ᠶᠤᠮ᠃ ᠭᠠᠭᠴᠠ ᠬᠦ ᠁ ᠭᠡᠵᠦ ᠡᠪᠦᠭᠡᠨ ᠮᠠᠮᠪᠠ ᠲᠦᠭᠳᠡᠷᠡᠰᠬᠢᠭᠡᠳ᠂ | ᠢᠯᠢ ᠴᠢᠯᠢ ᠢᠷᠲᠦ ᠮᠠᠰᠡ ᠴᠠᠭᠠᠰᠢ ᠪᠠᠨ᠂ ᠡᠮ ᠲᠣᠮ ᠡᠳᠡᠭᠡᠷᠡᠬᠦ ᠪᠤᠶᠡᠨ ᠨᠠᠭᠠᠰᠢ ᠪᠠᠨ᠂ ᠴᠢᠩ ᠵᠢᠷᠤᠮ ᠡᠪᠳᠡᠭᠡ | ᠦᠭᠡᠢ᠂ ᠴᠢᠪᠢᠯᠳᠦ ᠮᠠᠰᠡ ᠶᠢᠨ ᠲᠠᠷᠣᠭᠤᠯᠭᠠ᠂ ᠴᠢᠭᠴᠢ ᠲᠠᠩᠭᠠᠷᠢᠭ ᠠᠯᠳᠠᠭ᠎ᠠ ᠦᠭᠡᠢ᠂ ᠴᠢᠭ ᠵᠠᠰᠠᠯ ᠤᠨ ᠠᠪᠤᠯᠭ᠎ᠠ | ᠂ ᠢᠯᠢ ᠴᠢᠯᠢ ᠢᠷᠲᠦ ᠮᠡᠰᠡ ᠴᠠᠭᠠᠰᠢ ᠪᠠᠨ᠂ ᠡᠮ ᠲᠣᠮ ᠡᠳᠡᠭᠡᠷᠡᠬᠦ ᠪᠤᠶᠠᠨ ᠨᠠᠭᠠᠰᠢ ᠭᠡᠵᠦ ᠲᠤᠯᠤᠭ᠎ᠠ ᠣᠳᠠᠭ᠎ᠠ | ᠰᠢᠪᠰᠢᠭᠡᠳ ᠡᠷ᠎ᠡ ᠶᠢᠨ ᠢᠶᠠᠨ ᠰᠢᠷᠬᠠᠨ ᠲᠡᠭᠡᠭᠦᠷ ᠡᠬᠡᠨᠡᠷ ᠨᠢ ᠬᠦᠨᠳᠡᠯᠡᠨ ᠠᠯᠬᠤᠵᠤ ᠲᠦᠷᠭᠡᠨ ᠭᠠᠳᠤᠯᠪᠡᠯ ᠶᠠᠮᠠᠷᠪᠡ | ᠮᠡᠰᠡ ᠣᠭᠰᠢᠨ ᠭᠠᠷᠴᠦ ᠢᠷᠡᠳᠡᠭ ᠠᠨᠳᠠᠭᠠᠢ ᠲᠠᠢ ᠶᠤᠮ ᠭᠡᠯᠡ᠃ ᠡᠷ᠎ᠡ ᠨᠦᠭᠦᠷ ᠢᠶᠠᠨ ᠡᠪᠡᠳᠴᠢᠨ ᠠᠴᠠ | ᠰᠠᠯᠭᠠᠬᠤ ᠶᠢ ᠭᠦᠰᠡᠭᠰᠡᠨ ᠡᠬᠡᠨᠡᠷ ᠨᠢ ᠡᠪᠦᠭᠡᠨ ᠮᠠᠮᠪᠠ ᠪᠠᠷ ᠠᠷᠭ᠎ᠠ ᠲᠣᠮ ᠪᠠ ᠮᠡᠰᠡ ᠵᠠᠰᠠᠯ ᠬᠢᠯᠭᠡᠵᠦ᠂ ᠱᠠᠯᠪᠢᠩ ᠤᠨ | ᠰᠢᠷᠬ᠎ᠠ ᠡᠳᠡᠭᠡᠷᠡᠬᠦ ᠵᠦᠭ ᠲᠡᠭᠡᠨ ᠬᠠᠨᠳᠤᠪᠠ᠃ ᠭᠡᠳᠦᠨ ᠬᠤᠨᠤᠭ ᠤᠨ ᠲᠠᠷᠠᠭ᠎ᠠ ᠡᠷᠬᠢᠵᠤ ᠢᠷᠡᠬᠦ ᠪᠠᠨ ᠬᠡᠯᠡᠭᠡᠳ ᠮᠠᠮᠪᠠ | ᠴᠦ ᠶᠠᠪᠤᠬᠤ ᠪᠠᠷ ᠪᠤᠯᠤᠯ᠎ᠠ᠃ | — ᠡᠨ᠋ᠨ ᠬᠤᠶᠡᠷ ᠬᠦᠦ ᠶᠢ ᠪᠢ ᠲᠠᠭᠠᠭᠤᠯᠵᠤ ᠶᠠᠪᠤᠶ᠎ᠡ ᠭᠡᠰᠡᠨ ᠡᠪᠦᠭᠡᠨ ᠤ ᠦᠭᠡ ᠪᠠᠷ ᠱᠠᠯᠪᠢᠩ ᠨᠢᠳᠦ ᠪᠠᠨ | ᠨᠡᠭᠡᠭᠡᠵᠦ ᠬᠠᠷᠠᠭᠠᠳ᠄ | — ᠠᠮᠢ ᠠᠪᠤᠷᠠᠭᠰᠠᠨ ᠠᠴᠢᠳᠡᠨ ᠳᠠᠭᠠᠨ ᠭᠦᠮᠦᠨ ᠤ ᠠᠷᠪᠠᠨ ᠬᠤᠨᠢ ᠲᠠᠢ ᠨᠢᠭᠡ ᠶᠤᠸᠠᠮᠪᠤᠤ ᠦᠭᠭᠦᠶ᠎ᠡ᠃ | ᠰᠠᠭᠤᠬᠤ ᠭᠠᠵᠠᠷ ᠢᠶᠠᠨ ᠣᠯᠪᠠᠯ ᠬᠤᠨᠢ ᠪᠠᠨ ᠢᠷᠡᠵᠦ ᠠᠪᠤᠭᠠᠷᠠᠢ᠂ ᠬᠦᠴᠢᠷ ᠵᠤᠪᠠᠯᠠᠩ ᠲᠤᠬᠢᠶᠠᠯᠳᠤᠪᠠᠯ ᠬᠡᠯᠡᠵᠦ ᠪᠠᠢ︕ | ᠭᠡᠳ ᠨᠢᠳᠦᠨ ᠳᠡᠭᠡᠨ ᠨᠢᠯᠪᠤᠰᠤ ᠮᠡᠯᠳᠡᠭᠡᠨᠡᠭᠦᠯᠪᠡ᠃ ᠡᠴᠢᠭᠡ ᠡᠬᠡ ᠠᠴᠠ ᠰᠠᠯᠬᠤ ᠭᠡᠵᠦ ᠪᠠᠶᠢᠭ᠎ᠠ ᠠᠬ᠎ᠠ ᠲᠡᠭᠦᠦ | ᠬᠤᠶᠡᠷ ᠴᠦ ᠨᠢᠯᠪᠤᠰᠤ ᠪᠠᠨ ᠠᠷᠴᠢᠨ ᠪᠠᠶᠢᠯ᠎ᠠ᠃ | ᠣᠰᠣᠷ ᠰᠣᠰᠣᠷ ᠠᠬ᠎ᠠ ᠲᠡᠭᠦᠦ ᠬᠤᠶᠡᠷ ᠢ ᠲᠠᠭᠠᠭᠤᠯᠵᠤ ᠬᠠᠷᠢᠭᠰᠠᠨ ᠡᠪᠦᠭᠡᠨ ᠮᠡᠮᠪᠠ ᠠᠬ᠎ᠠ ᠪᠠᠷ ᠨᠢ ᠬᠦᠷᠭᠡᠨ | ᠠᠪᠴᠦ᠂ ᠲᠡᠭᠦᠦ ᠶᠢ ᠨᠢ ᠮᠦᠨ ᠵᠢᠯ ᠳᠡᠭᠡᠨ ᠠᠶᠢᠯ ᠳᠤ ᠭᠦᠷᠭᠡᠨ ᠦᠭᠭᠦᠭᠰᠡᠨ ᠠᠴᠠ ᠠᠯᠠᠱᠠ ᠦᠭᠡᠯᠡᠳ ᠤᠨ ᠬᠠᠯᠬᠠᠰ | ᠤᠪᠤᠭᠳᠠᠨ ᠤ ᠡᠪᠦᠭᠡ ᠲᠡᠭᠡᠳᠦᠰ ᠪᠣᠯᠵᠡᠢ᠃ ᠤᠰᠤᠷ ᠨᠢ ᠨᠡᠷ᠎ᠡ ᠬᠦᠨᠳᠦᠳᠡᠢ ᠮᠡᠷᠭᠡᠨ ᠣᠲᠠᠴᠢ ᠪᠣᠯᠵᠡᠢ᠃ ︵ | ᠦᠷᠬᠦᠯᠵᠢᠯᠡᠯ ᠪᠣᠢ︶ | |