ᠪᠦᠬᠡ ᠱᠠᠯᠪᠢᠩ ︵ᠠᠷᠪᠠᠨ ᠳᠣᠯᠤᠭ᠎ᠠ︶
ᠨᠡᠶᠢᠲᠡᠯᠡᠭᠰᠡᠨ ᠴᠠᠭ᠄
2023/7/13
   ᠠᠷᠪᠠᠨ ᠲᠤᠯᠤᠭ᠎ᠠ  ᠱᠠᠯᠪᠢᠩ ᠴᠡᠷᠢᠭ ᠤᠨ ᠠᠯᠪᠠᠨ ᠳᠤ ᠮᠣᠷᠳᠠᠪᠠ    ᠬᠦᠭᠡᠭᠡ ᠡᠪᠦᠯ ᠤᠨ ᠲᠠᠰᠬᠢᠮ᠎ᠡ ᠬᠦᠢᠲᠡᠨ ᠦᠩᠭᠡᠷᠡᠬᠦ ᠲᠦᠬᠦᠵᠦ ᠪᠠᠶᠢᠬᠤ ᠳᠤ ᠭᠦᠮᠦᠰ ᠤᠨ ᠴᠠᠭᠠᠯᠠᠬᠤ ᠴᠠᠭ ᠴᠦ ᠦᠢᠷᠡᠳᠤᠯ᠎ᠠ᠃ ᠱᠠᠯᠪᠢᠩ ᠪᠠᠰᠠ ᠨᠢᠭᠡ ᠤᠳᠠᠭ᠎ᠠ ᠠᠶᠠᠨ ᠵᠢᠩ ᠳᠤ ᠲᠠᠪᠤᠰᠤ ᠪᠠᠨ ᠬᠦᠷᠭᠡᠵᠦ ᠬᠦᠨᠡᠰᠦ ᠪᠤᠳᠠᠭ᠎ᠠ ᠪᠠᠨ ᠠᠴᠢᠶᠠᠯᠠᠭᠠᠳ ᠭᠡᠷ ᠲᠡᠭᠡᠨ ᠬᠠᠷᠢᠵᠦ ᠢᠷᠡᠵᠡᠢ᠃    ᠬᠤᠨᠢᠨ ᠳᠠᠭᠠᠨ ᠶᠠᠪᠤᠭᠠᠳ ᠬᠠᠷᠢᠵᠦ ᠢᠷᠡᠭᠰᠡᠨ ᠲᠤᠭᠤᠰ ᠭᠠᠯ ᠢᠶᠠᠨ ᠠᠰᠠᠭᠠᠵᠤ ᠴᠠᠢ ᠪᠠᠨ ᠨᠡᠷᠡᠵᠦ ᠪᠠᠶᠢᠬᠤ ᠳᠤ ᠠᠶᠠᠨ ᠤ ᠲᠡᠮᠡᠭᠡᠨ ᠬᠤᠩᠬᠤ ᠳ᠋ᠦᠩ ᠳ᠋ᠠᠩ ᠭᠡᠳ ᠭᠡᠷ ᠤᠨ ᠣᠶᠢᠷ᠎ᠠ ᠲᠠᠭᠤ ᠭᠠᠷᠤᠭᠰᠠᠨ ᠳᠤ ᠲᠤᠭᠤᠰ ᠭᠡᠷ ᠠᠴᠠ ᠭᠠᠷᠴᠦ ᠰᠡᠳᠬᠢᠯ ᠪᠠᠶᠠᠷᠯᠠᠩᠭᠤᠢ ᠪᠤᠯᠵᠣ᠄    ︽ᠵᠠ᠂ ᠰᠠᠶᠢᠨ ᠶᠠᠪᠤᠭᠠᠳ ᠢᠷᠡᠪᠡᠦ︖︾ ᠭᠡᠵᠦ ᠮᠠᠨᠳᠤᠴᠢᠯᠠᠪᠠ᠃    — ᠰᠠᠶᠢᠨ ᠶᠠᠪᠤᠭᠠᠳ ᠢᠷᠡᠯ᠎ᠡ᠂ ᠴᠢ ᠮᠢᠨᠢ ᠰᠠᠶᠢᠨ ᠰᠠᠭᠤᠵᠤ ᠪᠠᠶᠢᠪᠠᠤ︖ ᠭᠦᠯᠳᠡᠵᠦ ᠲᠠᠭᠠᠷᠡᠪᠡᠦ︖    — ᠲᠠᠭᠠᠷᠠᠭᠰᠠᠨ ᠴᠦ ᠦᠭᠡᠢ᠃    — ᠬᠤᠨᠢ ᠴᠢᠨᠢ ᠲᠤᠭᠲᠠᠵᠤ ᠪᠠᠶᠢᠨ᠎ᠠ ᠤᠤ︖    — ᠲᠤᠭᠲᠠᠵᠤ ᠪᠠᠶᠢᠨ᠎ᠠ᠂ ᠲᠠᠨ ᠤ ᠶᠠᠪᠤᠭᠰᠠᠨ ᠭᠠᠵᠠᠷ ᠢᠶᠠᠷ ᠰᠤᠨᠢᠨ ᠰᠠᠶᠢᠬᠠᠨ ᠶᠠᠭᠤ ᠪᠠᠶᠢᠨ᠎ᠠ︖    — ᠰᠣᠨᠢᠨ ᠶᠠᠭᠤᠮ᠎ᠠ ᠶᠠᠭᠤ ᠯᠡ ᠪᠠᠶᠢᠬᠤ ᠳ᠋ᠠ᠂ ᠠᠶᠠᠨ ᠤ ᠲᠡᠮᠡᠭᠡᠳ ᠤᠨ ᠬᠤᠩᠬᠤᠨ ᠤ ᠲᠠᠭᠤ ᠠᠶᠠᠯᠭ᠎ᠠ ᠲᠡᠳᠡᠨ ᠨᠠᠶᠢᠯᠡᠵᠦ ᠲᠡᠮᠡᠭᠡᠨ ᠴᠦᠷᠬᠦ ᠪᠦᠯᠦᠭ ᠪᠦᠯᠦᠭ ᠢᠶᠠᠷ ᠵᠢᠳᠭᠦᠯᠴᠡᠨ ᠪᠠᠶᠢᠭᠠᠳ ᠬᠦᠷᠴᠦ ᠢᠷᠡᠯ᠎ᠡ᠃ ᠮᠠᠨ ᠤ ᠬᠢ ᠪᠠᠷ ᠭᠦᠮᠦᠨ ᠠᠮᠢᠳᠡᠨ ᠶᠠᠪᠤᠨ᠎ᠠ ᠤᠤ︖    — ᠲᠠᠨ ᠢ ᠶᠠᠪᠤᠭᠰᠠᠨ ᠠᠴᠠ ᠬᠤᠶᠢᠰᠢ ᠢᠰᠢ ᠯᠡ ᠢᠷᠡᠵᠦ ᠬᠤᠨᠤᠭᠠᠳ ᠶᠠᠪᠤᠭᠰᠠᠨ᠃ ᠲᠠᠨ ᠢ ᠲᠡᠮᠡᠭᠡ ᠭᠦᠲᠦᠯᠦᠯ᠎ᠡ᠂ ᠬᠦᠨᠡᠰᠦ ᠠᠪᠴᠢᠷᠡᠯ᠎ᠠ ᠭᠡᠳ ᠠᠴᠢᠯᠡᠯ ᠬᠡᠯᠡᠬᠦ ᠰᠠᠨᠠᠭ᠎ᠠ ᠲᠠᠢ ᠢᠷᠡᠭᠰᠡᠨ ᠪᠢᠵᠡ᠃ ᠴᠠᠢ ᠲᠠᠢ ᠲᠡᠭᠡᠵᠢ ᠲᠠᠢ ᠢᠷᠡᠭᠰᠡᠨ ᠰᠢᠦ᠂ ᠲᠡᠷᠨ ᠪᠠᠶᠢᠨ᠎ᠠ᠃ ᠠᠷᠢᠬᠢ ᠶᠢ ᠨᠢ ᠪᠠᠯᠭᠤᠬᠤ ᠦᠭᠡᠢ ᠤᠤ︖    — ᠭᠠᠰᠢᠭᠤᠨ ᠤᠰᠤ ᠪᠠᠷ ᠭᠡᠳᠡᠰᠦ ᠪᠠᠨ ᠵᠠᠶᠢᠯᠤᠭᠠᠳ ᠶᠠᠭᠤ ᠬᠢᠬᠦ ᠪᠤᠢ᠂ ᠲᠡᠭᠦᠨ ᠳᠤ ᠤᠷᠤᠨ ᠳᠤ ᠮᠢᠬ᠎ᠠ ᠪᠠᠨ ᠭᠠᠷᠭᠠᠬᠤ ᠤᠤ᠂ ᠪᠠᠶᠢᠰᠬᠢᠪᠡᠯ ᠬᠠᠲᠠᠴᠢᠬᠠᠨ᠎ᠠ᠃    — ᠬᠤᠯᠠ ᠠᠴᠠ ᠵᠠᠮ ᠶᠠᠪᠤᠭᠰᠠᠨ ᠲᠠ ᠶᠠᠳᠠᠷᠠᠵᠤ ᠪᠠᠶᠢᠪᠠᠯ ᠬᠡᠪᠲᠡᠵᠦ ᠪᠠᠢ᠂ ᠪᠢ ᠬᠤᠳᠠ ᠡᠷᠬᠢᠵᠦ ᠢᠷᠡᠴᠢᠭᠡᠭᠡᠳ ᠡᠪᠲᠡᠶ᠎ᠡ᠃    ᠵᠢᠷᠮᠦᠰᠦᠯᠡᠭᠰᠡᠨ ᠡᠬᠡᠨᠡᠷ ᠨᠢ ᠤᠤᠭᠠᠨ ᠦᠷ᠎ᠡ ᠪᠠᠨ ᠠᠯᠳᠠᠭᠰᠠᠨ ᠡᠬᠡ ᠶᠢᠨ ᠰᠡᠳᠬᠢᠯ ᠢ ᠡᠯᠢᠭᠡ ᠪᠠᠷ ᠨᠦᠬᠦᠵᠦ᠂ ᠡᠴᠢᠭᠡ ᠶᠢᠨ ᠰᠠᠨᠠᠭ᠎ᠠ ᠶᠢ ᠵᠢᠷᠦᠭᠡ ᠪᠠᠷ ᠬᠠᠩᠭᠠᠨ᠎ᠠ ᠭᠡᠳᠡᠭ ᠶᠤᠮ᠃ ᠪᠠᠶᠠᠷᠯᠠᠬᠤ ᠦᠭᠡᠢ ᠴᠦ ᠶᠠᠭᠠᠬᠢᠬᠤ ᠪᠤᠢ᠃ ᠠᠯᠠᠭ ᠬᠤᠷᠸ᠎ᠠ ᠳᠤ ᠦᠯᠡᠳᠡᠭᠡᠬᠦ ᠠᠮᠢ ᠨᠠᠰᠤᠨ ᠤ ᠦᠷᠭᠦᠯᠵᠢᠯᠡᠯ᠂ ᠠᠪᠤ ᠡᠵᠢ ᠶᠢᠨ ᠮᠦᠷ ᠵᠠᠯᠭᠠᠬᠤ ᠮᠢᠩᠭᠠᠨ ᠦᠶ᠎ᠡ ᠶᠢᠨ ᠦᠷ᠎ᠡ ᠶᠤᠮ ᠴᠢᠨᠢ ᠭᠤᠯᠤᠮᠳᠠ ᠶᠢᠨ ᠡᠵᠡᠨ ᠰᠠᠭᠠᠳᠠᠯ᠎ᠡ ᠭᠡᠳ ᠲᠡᠭᠷᠢ ᠪᠤᠷᠬᠠᠨ ᠳᠤ ᠵᠠᠯᠪᠠᠷᠢᠬᠤ ᠦᠭᠡᠢ ᠴᠦ ᠶᠠᠭᠠᠬᠢᠬᠤ ᠪᠢᠯᠡ᠃    ᠭᠦᠮᠦᠨ ᠤ ᠦᠷ᠎ᠡ ᠰᠤᠭᠤᠷᠠᠵᠤ ᠦᠰᠳᠡᠭ᠂ ᠦᠪᠡᠷ ᠤᠨ ᠦᠷ᠎ᠡ ᠰᠠᠭᠤᠵᠤ ᠬᠤᠴᠤᠷᠳᠠᠭ ᠴᠤ ᠬᠠᠷᠠᠭᠰᠠᠨ ᠭᠦᠮᠦᠨ ᠢ ᠲᠠᠭᠤ ᠠᠯᠳᠠᠭᠤᠯᠤᠮᠠᠷ᠂ ᠬᠠᠪᠢᠳᠠᠭᠰᠠᠨ ᠭᠦᠮᠦᠨ ᠢ ᠨᠢᠳᠦ ᠠᠯᠳᠠᠭᠤᠯᠤᠮᠠᠷ ᠭᠦᠭᠡᠷᠦᠬᠦᠨ ᠪᠠᠨᠲᠠᠭᠠᠷ ᠬᠦᠦ ᠨᠢ ᠡᠴᠢᠭᠡ ᠡᠬᠡ ᠶᠢᠨ ᠦᠭᠡᠳᠡ ᠠᠴᠠ ᠢᠨᠢᠶᠡᠬᠦ ᠲᠠᠢ ᠴᠦ ᠪᠣᠯᠵᠡᠢ᠃ ᠵᠢᠷᠭᠠᠯ ᠤᠨ ᠡᠯᠴᠢ᠂ ᠵᠢᠷᠦᠭᠡᠨ ᠤ ᠣᠶᠠᠭ᠎ᠠ ᠪᠠᠨ ᠠᠮᠠᠷᠠᠭ ᠤᠨ ᠬᠠᠮᠲᠦ ᠰᠠᠬᠢᠨ ᠦᠰᠭᠡᠵᠦ᠂ ᠠᠮᠢᠳᠤᠷᠡᠯ ᠤᠨ ᠰᠠᠶᠢᠬᠠᠨ ᠢ ᠭᠠᠷ ᠢᠶᠠᠷ ᠪᠦᠲᠦᠭᠡᠬᠦ ᠨᠢ ᠭᠡᠳᠦᠢ ᠴᠦ ᠰᠠᠶᠢᠬᠠᠨ ᠪᠤᠢ︕    ᠭᠡᠪᠡᠴᠦ ᠡᠨ᠋ᠨ ᠬᠦ ᠪᠤᠳᠤᠯ ᠢ ᠵᠡᠭᠦᠳᠦ ᠪᠤᠯᠭᠠᠨ ᠰᠠᠷᠨᠢᠭᠤᠯᠤᠭᠰᠠᠨ ᠵᠣᠯ ᠪᠤᠰᠤ ᠤᠴᠢᠷ ᠡᠨ᠋ᠨ ᠠᠶᠢᠯ ᠳᠤ ᠲᠤᠯᠭᠠᠷᠠᠵᠡᠢ᠃    ᠭᠠᠯᠳᠡᠨ ᠪᠤᠱᠤᠭᠳᠤ ᠴᠡᠷᠢᠭᠵᠢᠵᠦ ᠲᠠᠶᠢᠨ ᠢ ᠲᠡᠭᠳᠡᠭᠡᠭᠰᠡᠨ ᠳᠤ ᠬᠤᠱᠤᠳ ᠶᠠᠮᠦᠨ ᠠᠴᠠ ᠴᠡᠷᠢᠭ ᠬᠤᠷᠢᠶᠠᠵᠦ ᠲᠠᠶᠢᠨ ᠤ ᠪᠡᠯᠡᠳᠭᠡᠯ ᠬᠢᠵᠦ ᠴᠡᠷᠢᠭ ᠤᠨ ᠠᠯᠪᠡᠨ ᠳᠤ ᠶᠠᠪᠤᠭᠤᠯᠬᠤ ᠭᠡᠵᠦ ᠪᠢᠳᠡᠨ ᠢ ᠴᠡᠷᠢᠭ ᠤᠨ ᠠᠯᠪᠠᠨ ᠳᠤ ᠨᠡᠷ᠎ᠡ ᠵᠢᠭᠠᠭᠰᠠᠨ ᠠᠯᠪᠡᠨ ᠪᠢᠴᠢᠭ ᠢᠷᠡᠵᠡᠢ᠃ ᠠᠩᠬ᠎ᠠ ᠨᠢᠭᠡ ᠤᠳᠠᠭ᠎ᠠ ᠤᠷᠭᠤᠭᠰᠠᠨ ᠮᠠᠭᠤ ᠨᠡᠷ᠎ᠡ ᠲᠠᠢ ᠱᠠᠯᠪᠢᠩ᠂ ᠡᠨ᠋ᠨ ᠠᠯᠪᠠᠨ ᠠᠴᠠ ᠮᠤᠯᠲᠤᠷᠠᠬᠤ ᠠᠷᠭ᠎ᠠ ᠪᠠᠨ ᠤᠯᠵᠣ ᠶᠠᠳᠡᠨ ᠭᠠᠴᠢᠭᠳᠠᠵᠠᠢ᠃ ᠲᠦᠷᠦ ᠬᠦᠷᠦᠨ ᠤ ᠡᠩᠬᠡ ᠲᠦᠪᠰᠢᠨ ᠳᠤ ᠬᠤᠯᠪᠤᠭ᠎ᠠ ᠲᠠᠢ ᠡᠷ᠎ᠡ ᠬᠦᠮᠦᠨ ᠤ ᠲᠠᠪᠢᠯᠠᠩ ᠵᠠᠶᠠᠭ᠎ᠠ ᠶᠢ ᠡᠨ᠋ᠨ ᠤᠳᠠᠭ᠎ᠠ ᠬᠠᠮᠢᠭᠠᠰᠢ ᠨᠢ ᠭᠦᠲᠦᠯᠬᠦ ᠶᠢ ᠪᠣᠣ ᠮᠡᠳᠡ᠃    ᠡᠷ᠎ᠡ ᠭᠡᠵᠦ ᠲᠦᠷᠦᠭᠰᠡᠨ ᠤ ᠶᠠᠭᠤ ᠪᠢᠯᠡ᠂ ᠲᠠᠶᠢᠨ ᠤ ᠭᠠᠵᠠᠷ ᠶᠠᠪᠤᠬᠤ ᠠᠴᠠ ᠰᠠᠶᠢᠬᠠᠨ ᠶᠠᠭᠤᠮ᠎ᠠ ᠬᠠᠮᠢᠭ᠎ᠠ ᠪᠠᠶᠢᠬᠤ ᠪᠤᠢ᠃ ᠦᠭᠦᠪᠡᠴᠦ ᠨᠡᠷ᠎ᠡ ᠲᠠᠢ ᠡᠰᠡ ᠦᠬᠦᠪᠡᠴᠦ ᠨᠢᠳᠡᠷ ᠲᠠᠢ ᠭᠡᠳᠡᠭ᠃ ᠮᠢᠨᠦ ᠲᠦᠯᠦᠭᠡ ᠰᠠᠨᠠᠭ᠎ᠠ ᠪᠠᠨ ᠪᠢᠳᠡᠭᠡᠢ ᠵᠤᠪᠠᠭ᠎ᠠ᠂ ᠴᠢ ᠮᠢᠨᠢ ᠵᠢᠷᠦᠭᠡ ᠪᠠᠨ ᠪᠦᠭᠡᠴᠡᠶᠢᠯᠡᠬᠦ ᠦᠷ᠎ᠡ ᠲᠠᠢ ᠬᠦᠮᠦᠨ ᠰᠢᠦ ᠭᠡᠵᠦ ᠡᠬᠡᠨᠡᠷ ᠳᠡᠭᠡᠨ ᠬᠡᠯᠡᠵᠡᠢ᠃ ᠤᠬᠢᠯᠡᠨ ᠪᠠᠶᠢᠬᠤ ᠡᠬᠡᠨᠡᠷ ᠢᠶᠠᠨ ᠲᠠᠶᠢᠳᠬᠤᠷᠠᠭᠤᠯᠬᠤ ᠲᠠᠢ᠂ ᠮᠡᠬᠡᠯᠡᠬᠦ ᠲᠢ ᠠᠷᠭᠠᠳᠠᠭᠠᠳ ᠱᠠᠯᠪᠢᠩ ᠦᠪᠡᠷ ᠢᠶᠠᠨ ᠴᠦ ᠪᠤᠳᠤᠯ ᠪᠤᠯᠤᠭᠰᠠᠭᠠᠷ ᠪᠠᠶᠢᠪᠠ᠃    ᠮᠢᠨᠦ ᠠᠪᠤ ᠰᠠᠩᠬᠢᠶ᠎ᠡ ᠭᠡᠭᠴᠢ ᠲᠠᠶᠢᠨ ᠳᠤ ᠡᠷᠡᠰᠳᠡᠭᠰᠡᠨ ᠠᠴᠠ ᠡᠵᠢ ᠮᠢᠨᠢ ᠨᠠᠳᠠ ᠳᠤ ᠱᠠᠯᠪᠢᠩ ᠭᠡᠵᠦ ᠨᠡᠷ᠎ᠡ ᠦᠭᠭᠦᠭᠰᠡᠨ᠂ ᠲᠠᠶᠢᠨ ᠳᠤ ᠮᠣᠷᠲᠠᠬᠤ ᠪᠠᠷ ᠪᠠᠶᠢᠭ᠎ᠠ ᠪᠢ ᠬᠦᠦ ᠳᠡᠭᠡᠨ ᠶᠠᠮᠠᠷ ᠨᠡᠷ᠎ᠡ ᠦᠭᠳᠡᠭ ᠪᠢᠯᠡ᠃ ᠡᠬᠡ ᠦᠷ᠎ᠡ ᠠᠴᠠ ᠠᠶᠠᠷᠯᠠᠬᠤ ᠶᠢᠨ ᠤᠨᠢᠨ ᠲᠡᠭᠡᠷ᠎ᠡ ᠡᠮᠬᠡᠨᠢᠯ ᠲᠠᠢ ᠪᠠᠷ ᠨᠠᠰᠦ ᠪᠠᠷᠠᠭᠰᠠᠨ ᠡᠵᠢ ᠶᠢᠨ ᠬᠢᠨᠢ ᠲᠦᠷᠬᠦ ᠨᠢᠳᠦᠨ᠎ᠡ ᠲᠡᠬᠢᠨ ᠲᠤᠳᠤᠷᠠᠭᠰᠠᠨ ᠢᠶᠠᠷ ᠰᠡᠳᠬᠢᠯ ᠨᠢ ᠶᠡᠷᠦ ᠪᠤᠰᠤ ᠪᠠᠷ ᠲᠤᠭᠳᠣᠯᠤᠨ ᠪᠤᠳᠤᠯ ᠠᠯᠭᠠᠰᠠᠵᠡᠢ᠃ ᠦᠯᠦ ᠮᠡᠳᠡᠭ ᠴᠡᠴᠡᠷᠬᠢᠯᠡᠭᠰᠡᠨ ᠭᠠᠷ ᠢᠶᠠᠷ ᠨᠤᠮᠤ ᠰᠤᠮᠣ ᠪᠠᠨ ᠠᠪᠤᠯ᠎ᠠ᠃ ᠠᠪᠤ ᠶᠢᠨ ᠢᠶᠠᠨ ᠬᠤᠢ ᠨᠢ ᠲᠦᠯᠡᠭᠳᠡᠭᠰᠡᠨ ᠰᠡᠯᠡᠮ᠎ᠡ ᠶᠢ ᠠᠪᠴᠦ ᠤᠳᠠᠳᠠᠯ᠎ᠠ ᠬᠠᠷᠠᠭᠰᠠᠨ ᠢᠶᠠᠨ᠂    — ᠡᠪᠦᠭᠡ ᠶᠢᠨ ᠬᠢᠨᠢ ᠦᠯᠡᠳᠡᠭᠰᠡᠨ ᠡᠨ᠋ᠨ ᠰᠡᠯᠡᠮ᠎ᠡ ᠶᠢ ᠮᠢᠨᠦ ᠬᠦᠦ ᠳᠤ ᠬᠤᠵᠢᠮ ᠭᠡᠯᠡᠬᠦ ᠪᠠᠨ ᠮᠡᠳᠡᠭᠡᠷᠡᠢ ᠭᠡᠳ ᠤᠨᠢᠨ ᠳᠤ ᠲᠠᠬᠢᠨ ᠬᠠᠪᠴᠢᠭᠤᠯᠵᠤ᠂ ᠮᠦᠩᠬᠦᠨ ᠲᠤᠪᠤᠷᠤᠤᠳᠤ ᠵᠤᠳᠤᠭ ᠢᠶᠠᠨ ᠠᠪᠤᠯ᠎ᠠ᠃ ᠡᠵᠢ ᠶᠢᠨ ᠢᠶᠠᠨ ᠭᠠᠷ ᠲᠤ ᠠᠳᠬᠤᠭᠠᠰᠤᠲᠠᠢ ᠪᠠᠶᠢᠭᠰᠠᠨ ᠠᠮᠢᠨ ᠰᠠᠬᠢᠶ᠎ᠡ ᠶᠢ ᠭᠠᠷᠭᠠᠵᠤ ᠵᠤᠯᠠᠢ ᠲᠡᠭᠡᠷ᠎ᠡ ᠪᠠᠨ ᠠᠳᠢᠰᠯᠠᠭᠠᠳ᠂ ᠡᠨ᠋ᠨ ᠪᠣᠯ ᠮᠢᠨᠦ ᠴᠤᠷ ᠤᠨ ᠭᠠᠭᠴᠨ ᠰᠢᠲᠦᠭᠡᠨ ᠶᠤᠮ᠃ ᠰᠠᠶᠢᠬᠠᠨ ᠬᠠᠳᠠᠭᠠᠯᠠᠵᠤ ᠪᠠᠶᠢᠭᠠᠷᠠᠢ ᠭᠡᠳ ᠪᠠᠷᠢᠭᠰᠠᠨ ᠢ ᠡᠬᠡᠨᠡᠷ ᠨᠢ ᠲᠤᠯᠤᠭᠠᠢ ᠲᠤᠬᠢᠨ ᠭᠠᠷᠳᠠᠯ᠎ᠠ᠃ ᠶᠠᠭᠤ ᠪᠦᠭᠦᠨ ᠢ ᠡᠷᠬᠢᠵᠦ ᠢᠷᠡᠬᠦ ᠦᠭᠡᠢ ᠰᠢᠭ ᠬᠡᠯᠡᠬᠦ ᠳᠤᠨᠢ ᠡᠬᠡᠨᠡᠷ ᠤᠨ ᠰᠡᠳᠬᠢᠯ ᠤᠶᠠᠷᠠᠨ ᠪᠠᠶᠢᠪᠠᠴᠦ ᠰᠤᠨᠤᠰᠬᠤ ᠯᠡ ᠬᠡᠷᠡᠭ ᠪᠤᠯᠵᠠᠢ᠃    ᠁ ᠰᠠᠮᠤᠬ᠎ᠠ ᠁ ᠣᠴᠠᠷᠠᠯ᠂ ᠡᠷ᠎ᠡ ᠬᠦᠮᠦᠨ ᠳᠤ ᠵᠣᠬᠢᠬᠤ ᠦᠭᠡᠢ ᠁ ᠰᠦᠮᠪᠦᠷ ᠭᠡᠵᠦ ᠴᠢᠮᠠᠶᠢ ᠨᠡᠷᠡᠯᠡᠶ᠎ᠡ᠃ ᠴᠠᠭ ᠲᠤᠳᠤᠮ ᠰᠤᠭᠤᠷᠠᠵᠤ᠂ ᠡᠳᠦᠷ ᠲᠤᠳᠤᠮ ᠦᠰᠴᠦ ᠤᠯᠠᠨ ᠤ ᠲᠣᠮᠳᠠ ᠪᠠᠨ ᠤᠷᠦ᠋ᠢᠯᠠᠬᠤ ᠶᠢᠨ ᠵᠠᠶᠠᠭ᠎ᠠ ᠪᠠᠷ ᠡᠷ᠎ᠡ ᠬᠦᠮᠦᠨ ᠪᠤᠯᠤᠨ ᠲᠤᠷᠨᠢᠵᠤ᠂ ᠡᠵᠢ ᠶᠢᠨ ᠢᠶᠠᠨ ᠬᠠᠮᠲᠦ ᠡᠴᠢᠭᠡ ᠨᠠᠮᠠᠶᠢ ᠪᠠᠨ ᠭᠦᠯᠢᠶᠡᠵᠦ ᠪᠠᠢ᠂ ᠭᠦᠯᠢᠶᠡᠨ᠎ᠡ ᠤᠤ︖ ᠦ ᠭᠦᠯᠢᠶᠡᠨ᠎ᠠ᠃    — ᠠᠪᠤ ᠰᠠᠶᠢᠨ ᠶᠠᠪᠤᠭᠠᠳ ᠰᠠᠭᠠᠷᠠᠯ ᠦᠭᠡᠢ ᠢᠷᠡᠭᠡᠷᠡᠢ ᠭᠡᠵᠦ ᠬᠦᠦ ᠮᠢᠨᠢ ᠬᠡᠯᠡᠵᠦ ᠪᠠᠶᠢᠯ᠎ᠠ᠃    — ᠴᠢᠨᠦ ᠢᠷᠦᠭᠡᠯ ᠲᠤᠭᠲᠠᠬᠤ ᠪᠤᠯᠲᠣᠭᠠᠢ ᠭᠡᠳ ᠭᠠᠷᠴᠦ ᠤᠴᠢᠭᠰᠠᠨ ᠡᠴᠢᠭᠡ ᠨᠢ ᠨᠢᠳᠤᠷᠭᠠᠨ ᠴᠢᠨᠡᠭᠡᠨ ᠤᠯᠠᠭᠠᠨ ᠴᠢᠯᠠᠭᠤ ᠠᠪᠴᠢᠷᠡᠨ ᠭᠤᠯᠤᠮᠳᠠ ᠶᠢᠨ ᠲᠤᠤᠷ᠎ᠡ ᠪᠤᠯᠠᠵᠤ ᠲᠠᠯᠪᠢᠭᠠᠳ᠂ ᠡᠪᠦᠯ ᠵᠤᠨ ᠦᠭᠡᠢ ᠭᠤᠯᠤᠮᠳᠠ ᠪᠠᠨ ᠪᠢᠳᠡᠭᠡᠢ ᠤᠨᠲᠠᠷᠠᠭᠠᠷᠡᠢ᠂ ᠡᠨ᠋ᠨ ᠴᠢᠯᠠᠭᠤ ᠮᠢᠨᠢ ᠭᠠᠯ ᠪᠤᠯᠤᠨ ᠲᠦᠷᠡᠯᠵᠡᠵᠦ ᠪᠠᠶᠢᠭᠰᠠᠨ ᠴᠠᠭ ᠲᠤ ᠡᠷ᠎ᠡ ᠨᠦᠭᠦᠷ ᠴᠢᠨᠢ ᠠᠲᠡᠯ ᠦᠭᠡᠢ ᠡᠷᠬᠢᠵᠦ ᠢᠷᠡᠭᠡᠳ ᠡᠩᠬᠡ ᠲᠤᠩᠬ᠎ᠠ ᠡᠬᠡ ᠬᠦᠦ ᠬᠤᠶᠠᠷ ᠲᠠᠢ ᠪᠠᠨ ᠠᠭᠤᠯᠵᠠᠬᠤ ᠶᠤᠮ ᠭᠡᠳ ᠭᠠᠷᠴᠦ ᠮᠣᠷᠢᠨ ᠳᠠᠭᠠᠨ ᠮᠤᠷᠳᠠᠪᠠ᠃    ᠬᠤᠷᠤᠯᠠᠢ ᠨᠤᠶᠡᠨ ᠤ ᠲᠠᠶᠢᠴᠢᠯᠠᠭᠰᠠᠨ ᠦᠭᠡᠯᠡᠳ ᠴᠡᠷᠢᠭ ᠵᠡᠭᠦᠨᠰᠢ ᠬᠠᠨᠳᠤᠨ ᠠᠶᠠᠯᠠᠪᠠ᠃ ᠡᠨ᠋ᠨ ᠨᠢ ᠬᠠᠷᠢᠨ ᠤᠯᠠᠨ ᠤ ᠰᠠᠨᠠᠭᠠᠨ ᠳᠤ ᠦᠭᠡᠢ ᠬᠡᠷᠡᠭ ᠪᠠᠶᠢᠯ᠎ᠠ᠃ ᠨᠡᠩ ᠴᠦ ᠭᠠᠶᠢᠬᠠᠮᠠᠷ ᠨᠢ ᠵᠣᠷᠰᠢᠯ ᠶᠤᠰᠤᠭᠠᠷ ᠲᠤᠭ ᠲᠠᠬᠢᠭᠰᠠᠨ ᠦᠭᠡᠢ᠃ ᠭᠡᠪᠡᠴᠦ ᠲᠡᠷᠡ ᠨᠢ ᠰᠤᠨᠢᠨ ᠬᠡᠷᠡᠭ ᠪᠢᠰᠢ ᠪᠠᠶᠢᠪᠡ᠃ ᠲᠦᠷᠦᠭᠦᠦ ᠬᠤᠶᠡᠷ ᠤᠳᠠᠭᠠᠨ ᠤ ᠲᠠᠶᠢᠨ ᠳᠤ ᠮᠣᠷᠳᠠᠬᠤ ᠳᠠᠭᠠᠨ ᠬᠤᠶᠡᠷ ᠴᠦ ᠭᠦᠮᠦᠨ ᠢ ᠨᠣᠲᠤᠭ ᠲᠠᠭᠠᠨ ᠠᠮᠢᠯᠠᠭᠤᠯᠤᠭᠰᠠᠨ ᠪᠤᠯᠪᠠᠴᠦ ᠦᠬᠦᠵᠦ ᠰᠡᠬᠡᠬᠦ ᠪᠠᠨ ᠦᠵᠡᠯᠴᠡᠮᠡᠷ ᠠᠶᠤᠮᠰᠢᠭᠲᠤ ᠲᠤᠯᠣᠯᠳᠣᠭᠠᠨ ᠢ ᠦᠵᠡᠭᠰᠡᠨ ᠦᠭᠡᠢ ᠪᠤᠴᠠᠵᠦ ᠪᠢᠯᠡ᠃    — ᠭᠠᠯᠳᠡᠨ ᠪᠤᠱᠤᠭᠳᠣ ᠶᠢ ᠤᠷᠬᠢᠭᠠᠳ ᠶᠠᠮᠡᠷ ᠡᠴᠢᠭᠡ ᠲᠠᠢ ᠪᠠᠨ ᠲᠠᠶᠢᠯᠠᠯᠳᠤᠬᠤ ᠭᠡᠵᠦ ᠪᠠᠶᠢᠭ᠎ᠠ ᠪᠤᠢ᠂ ᠵᠦᠭ ᠤᠨ ᠮᠠᠭᠤ ᠨᠢ ᠵᠡᠭᠦᠨ ᠬᠤᠶᠢᠨ᠎ᠠ ᠠᠴᠠ ᠮᠢᠬᠠᠴᠢᠨ ᠮᠠᠩᠭᠤᠰ ᠪᠤᠰᠪᠠ ᠤᠤ ᠭᠡᠵᠦ ᠬᠡᠨ ᠨᠢᠭᠡᠨ ᠤ ᠬᠢᠨᠢ ᠬᠡᠯᠡᠭᠰᠡᠨ ᠦᠭᠡ ᠶᠢ ᠤᠶᠢᠰᠢᠶᠠᠵᠤ ᠶᠠᠳᠠᠭᠰᠠᠨ ᠭᠡᠯᠳᠡᠢ ᠠᠨᠢᠷ ᠴᠢᠮᠡᠭᠡ ᠦᠭᠡᠢ ᠪᠠᠶᠢᠭᠰᠠᠨ ᠲᠤᠯᠠ᠃    — ᠮᠤᠩᠭᠤᠯ ᠨᠣᠲᠤᠭ ᠤᠨ ᠭᠦᠷᠦᠰᠦ ᠶᠢ ᠮᠤᠩᠭᠤᠯ ᠤᠨ ᠴᠢᠰᠦ ᠪᠠᠷ ᠰᠢᠨᠡᠳᠭᠡᠬᠦ ᠭᠡᠵᠦ ᠪᠠᠶᠢᠭ᠎ᠠ ᠤᠤ᠂ ᠮᠠᠨᠵᠤ ᠨᠡᠷ᠎ᠡ ᠲᠠᠢ ᠬᠢᠲᠠᠳ ᠴᠡᠷᠢᠭ ᠨᠢ ᠦᠬᠦᠵᠦ ᠪᠠᠷᠠᠭᠳᠠᠭᠠᠳ ᠮᠤᠩᠭᠤᠯ ᠪᠢᠳᠡᠨ ᠢ ᠪᠠᠮᠪᠠᠢ ᠪᠤᠯᠭᠠᠬᠤ ᠪᠠᠷ ᠪᠠᠶᠢᠨ᠎ᠠ ᠤᠤ︖ ᠭᠡᠵᠦ ᠦᠨᠦ ᠣᠷᠬᠢᠶ᠎ᠡ ᠠᠬ᠎ᠠ ᠲᠦᠷᠦᠭᠡᠨ ᠲᠡᠭᠡᠷ᠎ᠡ ᠪᠠᠨ ᠦᠨᠳᠡᠯᠵᠡᠨ ᠬᠡᠯᠡᠭᠡᠳ ᠴᠢᠮᠡᠭᠡ ᠦᠭᠡᠢ ᠪᠠᠶᠢᠬᠤ ᠪᠠᠷ ᠦᠭᠡ ᠪᠠᠨ ᠵᠠᠯᠭᠠᠵᠤ᠂    — ᠭᠠᠯᠳᠡᠨ ᠪᠤᠱᠤᠭᠳᠤ ᠠᠴᠠ ᠦᠭᠡᠷ᠎ᠡ ᠠᠯᠢ ᠡᠴᠢᠭᠡ ᠶᠢᠨ ᠬᠦᠦ ᠨᠢ ᠡᠵᠡᠨ ᠬᠠᠭᠠᠨ ᠤ ᠵᠦᠭ ᠨᠢᠳᠤᠷᠭ᠎ᠠ ᠲᠠᠯᠠᠶᠢᠪᠠ︖ ᠲᠠᠶᠢᠮᠦ ᠰᠦᠰᠦ ᠲᠠᠢ ᠡᠷ᠎ᠡ ᠪᠠᠶᠢᠳᠠᠭ ᠶᠤᠮ ᠤᠤ᠃    ᠡᠯᠳᠡᠪ ᠢᠶᠠᠷ ᠲᠠᠭᠠᠮᠠᠭᠯᠠᠵᠤ ᠶᠡᠳᠡᠨ ᠪᠠᠷᠣᠭᠠᠷ ᠴᠢᠷᠠᠶᠢᠯᠠᠭᠰᠠᠨ ᠬᠦᠮᠦᠰ ᠤᠨ ᠲᠣᠮᠳᠠ ᠨᠢᠰᠣ ᠨᠢ ᠲᠠᠲᠠᠭᠤᠷᠡᠨ ᠲᠦᠷᠬᠦ ᠲᠤᠭᠳᠠᠭᠰᠠᠨ ᠪᠠᠭᠠᠷᠠᠩ ᠬᠦᠦ ᠯᠡ ᠵᠠᠯᠠᠭᠤ ᠬᠦᠮᠦᠨ ᠤ ᠴᠤᠭ ᠵᠠᠯᠢ ᠪᠠᠳᠠᠷᠠᠭᠤᠯᠤᠨ᠂ ᠱᠠᠯᠪᠢᠩ ᠤᠨ ᠬᠠᠮᠳᠤ ᠲᠦᠷᠦᠭᠡ ᠬᠠᠷᠰᠢᠭᠤᠯᠤᠨ ᠪᠠᠶᠢᠪᠠ᠃    ᠬᠠᠪᠤᠷ ᠤᠨ ᠡᠳᠦᠷ ᠴᠦ ᠣᠷᠲᠦ ᠭᠡᠯ᠎ᠡ᠂ ᠵᠠᠮ ᠤᠨ ᠬᠤᠯᠠ ᠶᠢ ᠶᠠᠭᠠᠬᠢᠨ᠎ᠠ ᠭᠡᠬᠦ ᠪᠣᠢ᠃ ᠨᠠᠷᠠ ᠨᠤᠭᠤᠭᠠᠨ ᠳᠤ ᠭᠦᠷᠴᠦ ᠠᠮᠵᠢᠭ᠎ᠠ ᠦᠭᠡᠢ ᠰᠢᠷᠪᠦᠰᠦ ᠰᠤᠨᠤᠭᠰᠠᠨ ᠤᠨᠤᠭᠠᠨ ᠤ ᠠᠶ᠎ᠠ ᠪᠠᠷ ᠦᠨᠵᠢᠵᠦ ᠬᠤᠨᠤᠭᠠᠳ ᠠᠶᠠᠯᠡᠨ ᠶᠠᠪᠤᠭ᠎ᠠ ᠴᠡᠷᠢᠭ ᠤᠨ ᠴᠤᠪᠤᠭ᠎ᠠ᠂ ᠮᠤᠩᠭᠤᠯ ᠨᠣᠲᠤᠭ ᠢᠶᠠᠨ ᠭᠡᠵᠦ ᠤᠷᠠᠳ ᠤᠨ ᠬᠤᠶᠡᠷ ᠬᠤᠰᠢᠭᠤ ᠶᠢ ᠬᠦᠨᠳᠡᠯᠡᠨ ᠲᠤᠭᠤᠯᠤᠭᠠᠳ᠂ ᠲᠠᠷᠬᠠᠨ ᠮᠣᠣᠮᠢᠩᠭᠠᠨ ᠤ ᠬᠢᠵᠠᠭᠠᠷ ᠢᠶᠠᠷ ᠤᠷᠤᠭᠰᠠᠨ ᠡᠳᠦᠷ ᠢᠶᠠᠨ ᠪᠠᠴᠢᠮ ᠮᠡᠳᠡᠭᠡ ᠤᠯᠤᠭᠠᠳ ᠲᠦᠢᠮᠡᠷ ᠲᠤ ᠲᠠᠭᠤᠭᠳᠠᠭᠰᠠᠨ ᠰᠢᠭ᠋ ᠲᠦᠷᠦᠭᠡᠨ ᠲᠡᠭᠡᠷ᠎ᠡ ᠪᠠᠨ ᠦᠨᠳᠡᠯᠵᠡᠨ ᠤᠷᠣᠭᠰᠢᠯᠠᠪᠠ᠃    ᠤᠯᠠᠨ ᠤ ᠡᠮᠦᠨ᠎ᠡ ᠠᠴᠠ ᠡᠪᠦᠭᠡᠨ ᠨᠤᠶᠡᠨ ᠤ ᠰᠠᠨᠲᠦᠷᠴᠦ ᠪᠠᠶᠢᠬᠤ ᠶᠢ ᠶᠠᠭᠠᠬᠢᠬᠤ ᠪᠤᠢ᠂ ᠨᠤᠶᠡᠨ ᠤ ᠡᠮᠦᠨ᠎ᠡ ᠠᠴᠠ ᠵᠢᠷᠤᠭ᠎ᠠ ᠭᠤᠴᠢᠭ᠎ᠠ ᠶᠢᠨ ᠬᠦᠭᠰᠡᠵᠦ ᠪᠠᠶᠢᠬᠤ ᠴᠦ ᠬᠡᠴᠡᠬᠦᠦ᠃ ᠲᠡᠷᠨ ᠪᠦᠭᠦᠨ ᠢ ᠲᠤᠭᠤᠵᠤ ᠶᠠᠳᠠᠭᠰᠠᠨ ᠬᠠᠪᠤᠷ ᠤᠨ ᠨᠠᠷᠠ ᠨᠢ ᠬᠠᠯᠠᠬᠤ ᠪᠠᠷ ᠢᠶᠠᠨ ᠬᠠᠯᠠᠵᠤ ᠨᠢᠭᠡ ᠵᠤᠪᠠᠭᠠᠭᠠᠳ᠂ ᠬᠤᠯᠪᠤᠷᠢᠬᠤ ᠪᠠᠷ ᠢᠶᠠᠨ ᠬᠤᠯᠪᠤᠷᠢᠵᠤ ᠨᠢᠭᠡ ᠪᠠᠴᠢᠮᠳᠠᠭᠤᠯᠬᠤ ᠨᠢ ᠪᠠᠰᠠᠴᠦ ᠬᠠᠯᠠ ᠲᠠᠢ᠃ ᠴᠡᠷᠢᠭ  ᠤᠳ  ᠤᠨ ᠤᠨᠤᠭᠰᠠᠨ ᠮᠤᠷᠢᠳ ᠤᠨ ᠦᠷᠪᠦᠬᠡᠨᠡᠭᠦ  ᠨᠢ ᠤᠯᠠᠳᠠᠭᠠᠳ ᠬᠠᠲᠠᠷᠢᠬᠤ  ᠨᠢ ᠴᠦᠭᠡᠷᠡᠵᠡᠢ᠃ ᠵᠠᠮ  ᠤᠨ ᠬᠤᠯᠠ  ᠶᠢ ᠶᠠᠪᠤᠵᠤ ᠶᠠᠳᠠᠨ ᠶᠠᠪᠤᠭ᠎ᠠ ᠡᠪᠦᠭᠡᠨ ᠨᠤᠶᠡᠨ  ᠤ ᠭᠦᠭᠰᠢᠨ ᠬᠡᠩᠭᠦᠳᠡᠭ ᠭᠦᠭᠡᠷᠦᠦ ᠵᠠᠩ ᠬᠦᠴᠦ ᠲᠡᠩᠴᠡᠵᠦ ᠶᠠᠳᠠᠭᠠᠳ᠂ ᠲᠠᠰᠢᠶ᠎ᠡ ᠰᠤᠯᠢᠬᠤ ᠨᠢ ᠤᠯᠠᠰᠢᠷᠠᠭᠰᠠᠨ  ᠢᠶᠠᠨ ᠠᠶᠢᠯ  ᠤᠨ ᠪᠠᠷ᠎ᠠ  ᠪᠠᠷ ᠵᠢᠯᠣᠭᠤ  ᠪᠠᠨ ᠲᠠᠳᠠᠰᠬᠢᠪᠡ᠃ ᠰᠠᠨᠠᠭ᠎ᠠ  ᠶᠢ  ᠨᠢ ᠦᠵᠡᠨ ᠭᠠᠳᠠᠷᠯᠠᠭᠰᠠᠨ ᠵᠢᠷᠤᠭ᠎ᠠ ᠸᠠᠩᠵᠢᠯ ᠭᠡᠳᠦᠨ ᠬᠦᠮᠦᠨ ᠨᠡᠷᠡᠯᠡᠵᠦ ᠲᠠᠭᠠᠭᠤᠯᠤᠭᠠᠳ ᠨᠣᠬᠠᠢ ᠦᠢᠮᠡᠭᠦᠯᠦᠨ ᠠᠶᠢᠯ  ᠤᠨ ᠭᠠᠳᠠᠨ᠎ᠠ ᠣᠴᠢᠯ᠎ᠠ᠃    ᠭᠡᠳᠦᠨ ᠭᠡᠷ ᠡᠩᠨᠡᠭᠦᠯᠦᠭᠰᠡᠨ ᠪᠠᠶᠡᠨ ᠴᠦ ᠠᠶᠢᠯ ᠪᠠᠶᠢᠪᠠ᠃ ᠬᠠᠩᠭᠠᠢ ᠲᠡᠷᠭᠡ ᠶᠢ ᠴᠦᠷᠬᠦ ᠲᠠᠢ ᠲᠡᠮᠡᠭᠡ ᠰᠢᠭ ᠤᠭᠰᠠᠷᠠᠭᠤᠯᠤᠭᠠᠳ᠂ ᠬᠤᠪᠣᠷᠬᠠᠨ ᠬᠠᠷᠠᠭᠳᠠᠳᠠᠭ ᠰᠡᠦᠭᠡ ᠲᠡᠷᠭᠡ ᠶᠢ ᠴᠦ ᠭᠡᠷ ᠤᠨ ᠬᠠᠶᠠᠭᠠᠨ ᠳᠤ ᠵᠤᠭᠰᠤᠭᠠᠵᠠᠢ᠃ ᠲᠡᠮᠡᠭᠡᠨ ᠬᠦᠰᠭᠡ ᠠᠶᠠᠨ ᠲᠡᠭᠡᠭᠡᠪᠦᠷᠢ ᠶᠢᠨ ᠭᠦᠯ ᠵᠠᠯᠭᠠᠳᠠᠭ ᠠᠯᠠᠱᠠ ᠳᠤ ᠪᠣᠯ ᠦᠵᠡᠭᠡᠳ ᠦᠭᠭᠦᠶ᠎ᠡ ᠭᠡᠪᠡᠴᠦ ᠠᠶᠢᠯ ᠤᠨ ᠭᠠᠳᠠᠨ᠎ᠠ ᠬᠠᠷᠠᠭᠳᠠᠬᠤ ᠡᠳ᠋ ᠪᠢᠰᠢ ᠰᠢᠦ᠃    — ᠰᠡᠦᠭᠡ ᠲᠡᠷᠭᠡ ᠶᠢ ᠴᠢᠨᠢ ᠤᠯᠠᠭ᠎ᠠ ᠳᠤ ᠪᠠᠷᠢᠬᠤ ᠬᠡᠷᠡᠭ ᠲᠠᠢ ᠪᠤᠯᠤᠯ᠎ᠠ ᠭᠡᠵᠦ ᠤᠨᠤᠭ᠎ᠠ ᠲᠠᠢ ᠪᠠᠨ ᠡᠭᠦᠳᠡᠨ ᠳᠤᠨᠢ ᠵᠠᠪᠳᠤᠵᠤ ᠭᠦᠷᠦᠭᠰᠡᠨ ᠵᠢᠷᠤᠭ᠎ᠠ ᠸᠠᠩᠵᠢᠯ ᠤᠨ ᠦᠭᠡ ᠪᠠᠷ ᠭᠠᠶᠢᠬᠠᠵᠤ ᠵᠤᠭᠰᠤᠭ᠎ᠠ ᠡᠬᠡᠨᠡᠷ ᠡᠷᠬᠢᠨ ᠤᠷᠤᠵᠤ ᠤᠴᠢᠭᠠᠳ᠂ ᠡᠷ᠎ᠡ ᠬᠠᠷ᠎ᠠ ᠬᠦᠮᠦᠨ ᠨᠢ ᠰᠠᠨᠳᠤᠷᠤᠭᠠᠳ ᠭᠠᠷᠴᠦ ᠢᠷᠡᠪᠠ᠃    — ᠬᠠᠷᠠᠴᠦ ᠶᠢᠨ ᠡᠭᠦᠳᠡᠨ ᠳᠤ ᠦᠢᠮᠡᠭᠦᠯᠵᠦ᠂ ᠬᠠᠭᠠᠨ ᠤ ᠵᠠᠷᠯᠢᠭ ᠠᠴᠠ ᠲᠡᠷᠰᠯᠡᠵᠦ ᠶᠠᠪᠤᠭ᠎ᠠ ᠶᠠᠭᠤᠨ ᠤᠯᠤᠰ ᠪᠣᠢ︖ ᠴᠡᠷᠢᠭ ᠶᠤᠮ ᠪᠣᠯ ᠴᠡᠷᠢᠭ ᠤᠨ ᠵᠠᠮ ᠢᠶᠠᠷ ᠢᠶᠠᠨ ᠵᠠᠯᠠᠷᠠᠨ᠎ᠠ ᠪᠢᠵᠡ ᠭᠡᠳ ᠦᠨᠳᠦᠷ ᠡᠷ᠎ᠡ ᠲᠠᠩᠴᠦ ᠨᠢᠭᠡ ᠲᠤᠭᠤᠵᠤ ᠶᠠᠳᠡᠨ ᠪᠠᠶᠢᠯ᠎ᠠ᠃    — ᠲᠠᠶᠢᠨ ᠢ ᠲᠠᠶᠠᠭᠠᠷ᠂ ᠣᠯᠵᠠ ᠶᠢ ᠤᠯᠠᠨ ᠢᠶᠠᠷ ᠭᠡᠰᠡᠨ ᠢ ᠮᠡᠳᠡᠳᠡᠭ ᠦᠭᠡᠢ ᠶᠤᠮ ᠤᠤ︖    — ᠬᠤᠰᠢᠭᠤ ᠮᠠᠶᠢᠷᠡᠨ ᠪᠢ ᠡᠶᠢᠮᠦ ᠦᠭᠡ ᠶᠢ ᠴᠢᠮ᠎ᠡ ᠪᠠᠷ ᠵᠢᠭᠠᠯᠭᠠᠬᠤ ᠦᠭᠡᠢ᠃    — ᠮᠠᠶᠢᠷᠡᠨ ᠶᠤᠮ ᠪᠣᠯ ᠬᠠᠭᠠᠨ ᠤ ᠴᠡᠷᠢᠭ ᠠᠴᠠ ᠬᠠᠷᠠᠮᠨᠠᠬᠤ ᠶᠠᠭᠤᠮ᠎ᠠ ᠪᠠᠶᠢᠬᠤ ᠦᠭᠡᠢ ᠪᠢᠵᠡ᠂ ᠲᠦᠷᠭᠡᠨ ᠬᠦᠳᠡᠯᠵᠡᠭᠡ᠃    — ᠬᠠᠭᠠᠨ ᠤ ᠨᠡᠷ᠎ᠡ ᠪᠠᠷ ᠡᠷ᠎ᠡ ᠵᠣᠷᠢᠭ ᠲᠠᠢ ᠪᠣᠯ ᠨᠡᠷ᠎ᠡ ᠪᠠᠨ ᠦᠯᠡᠳᠡᠭᠡᠬᠦ ᠠᠴᠠ ᠬᠠᠯᠢᠷᠠᠬᠤ ᠦᠭᠡᠢ ᠪᠢᠵᠡ᠃    — ᠠᠯᠠᠱᠠ ᠦᠭᠡᠯᠡᠳ ᠬᠤᠰᠢᠭᠤᠨ ᠤ ᠪᠠᠶᠢᠯᠠ ᠨᠤᠶᠡᠨ ᠬᠤᠷᠣᠯᠠᠢ ᠭᠡᠰᠡᠨ ᠢ ᠴᠡᠭᠡᠵᠢᠯᠡᠵᠦ ᠶᠠᠪᠤᠭᠠᠷᠠᠢ ᠭᠡᠵᠦ ᠭᠤᠴᠢᠭ᠎ᠠ ᠨᠢ ᠰᠠᠨᠠᠭᠤᠯᠵᠠᠢ᠃    — ᠨᠤᠶᠡᠨ ᠤ ᠴᠢᠨᠢ ᠲᠤᠯᠤᠭᠠᠢ ᠶᠢ ᠲᠠᠭᠠᠷᠢᠵᠦ ᠡᠰᠡ ᠴᠢᠳᠠᠪᠠᠴᠦ ᠭᠤᠴᠢᠭ᠎ᠠ ᠴᠢᠨᠣ ᠭᠦᠯ ᠢ ᠲᠠᠭᠠᠷᠢᠬᠤ ᠠᠷᠭ᠎ᠠ ᠪᠠᠨ ᠪᠢ ᠤᠯᠵᠣ ᠴᠢᠳᠠᠨ᠎ᠡ ᠰᠢᠦ᠃    — ᠭᠠᠯᠳᠡᠨ ᠤ ᠭᠠᠷ ᠭᠦᠯ ᠢ ᠲᠠᠭᠠᠷᠢᠵᠦ ᠲᠠᠯᠪᠢᠭᠠᠳ ᠵᠠᠪ ᠲᠠᠢ ᠪᠤᠯᠤᠭᠰᠠᠨ ᠬᠤᠶᠢᠨ᠎ᠠ ᠬᠡᠨ ᠨᠢ ᠬᠡᠨ ᠤ ᠪᠠᠨ ᠲᠤᠷᠡᠳᠠᠢ ᠭᠠᠵᠡᠷ ᠢ ᠲᠠᠭᠠᠷᠢᠬᠤ ᠪᠠᠨ ᠬᠡᠯᠡᠯᠴᠡᠶ᠎ᠡ᠃ ᠲᠡᠷᠭᠡ ᠪᠠᠨ ᠬᠠᠷᠠᠮ ᠦᠭᠡᠢ ᠲᠤᠰᠠᠯᠠᠭᠰᠠᠨ ᠮᠠᠶᠢᠷᠡᠨ ᠲᠠᠨ ᠳᠤ ᠬᠢᠯᠠᠶᠢᠯ᠎ᠡ᠃    ᠬᠠᠭᠠᠨ ᠤ ᠴᠡᠷᠢᠭ ᠤᠨ ᠨᠡᠷ᠎ᠡ ᠪᠠᠷᠢᠨ ᠲᠠᠯᠪᠢᠨ ᠤᠯᠤᠭᠰᠠᠨ ᠰᠡᠦᠭᠡ ᠲᠡᠷᠭᠡᠨ ᠳᠤ ᠨᠤᠶᠡᠨ ᠢ ᠵᠠᠯᠠᠵᠤ ᠰᠠᠭᠤᠯᠭᠠᠭᠰᠠᠨ ᠪᠢᠰᠢ ᠵᠠᠯᠠᠷᠠᠵᠤ ᠶᠠᠪᠤᠭ᠎ᠠ ᠴᠡᠷᠢᠭ ᠤᠨ ᠴᠤᠪᠤᠭ᠎ᠠ ᠤᠯᠠᠮ ᠢᠶᠠᠷ ᠰᠤᠨᠤᠨ ᠤᠷᠲᠦᠰᠴᠡᠢ᠃ ᠬᠠᠶᠠ ᠲᠠᠭᠠᠷᠠᠬᠤ ᠠᠶᠢᠯ ᠤᠳ ᠢ ᠤᠲᠤᠷ ᠤᠨ ᠬᠠᠯᠬ᠎ᠠ ᠤᠤ᠂ ᠰᠠᠭᠤᠷᠢᠨ ᠰᠦᠨᠢᠳ ᠤᠤ ᠭᠡᠵᠦ ᠢᠯᠭᠠᠯ ᠦᠭᠡᠢ ᠤᠯᠠᠭ᠎ᠠ ᠮᠣᠷᠢ ᠪᠠᠷᠢᠭᠰᠠᠭᠠᠷ ᠪᠠᠶᠢᠵᠦ ᠭᠦᠮᠦᠨ ᠤ ᠨᠢᠭᠡ ᠭᠦᠲᠦᠯᠦᠭᠡ ᠮᠣᠷᠢ ᠲᠠᠢ ᠪᠤᠯᠤᠭᠰᠠᠨ ᠠᠴᠠ ᠡᠳᠦᠷ ᠰᠦᠨᠢ ᠦᠭᠡᠢ ᠲᠤᠭᠰᠢᠭᠤᠯᠤᠨ ᠪᠠᠶᠢᠵᠦ ᠪᠤᠯᠵᠤᠭᠰᠠᠨ ᠭᠠᠵᠠᠷ ᠲᠠᠭᠠᠨ ᠬᠦᠷᠬᠦ ᠳᠤ ᠤᠯᠠᠭᠠᠨ ᠪᠤᠲᠣᠩ ᠤᠨ ᠲᠤᠯᠤᠯᠳᠤᠭᠠᠨ ᠦᠩᠭᠡᠷᠡᠭᠡᠳ ᠭᠤᠷᠪᠠ ᠬᠤᠨᠤᠵᠤ ᠪᠠᠶᠢᠵᠡᠢ᠃ ᠭᠠᠯᠳᠡᠨ ᠪᠤᠱᠤᠭᠳᠤ ᠲᠠᠷᠤᠭᠳᠠᠭᠰᠠᠨ ᠪᠢᠰᠢ᠂ ᠵᠢᠭᠤᠳᠠᠵᠦ ᠠᠷᠢᠯᠤᠭᠰᠠᠨ ᠰᠤᠷᠠᠭ ᠲᠠᠢ᠃ ᠬᠦᠨᠳᠡᠢ ᠬᠤᠭᠤᠯᠠᠢ ᠳᠤ ᠪᠦᠭᠯᠡᠷᠡᠨ ᠤᠯᠠᠨ ᠵᠠᠭᠤᠨ ᠮᠠᠶᠢᠬᠠᠨ ᠤ ᠴᠢᠯᠦᠭᠡᠨ ᠳᠤ ᠵᠤᠭᠰᠣᠯ ᠦᠭᠡᠢ ᠦᠢᠮᠡᠯᠳᠤᠭᠦ ᠤᠯᠠᠨ ᠬᠦᠮᠦᠰ ᠡᠭᠦᠷ ᠢᠶᠠᠨ ᠰᠡᠳᠡᠯᠦᠭᠦᠯᠦᠭᠰᠡᠨ ᠰᠢᠷᠭᠤᠯᠵᠢ ᠭᠡᠮᠡᠷ ᠪᠤᠵᠢᠬᠢᠨᠠᠨ᠎ᠡ᠃ ᠬᠦᠨᠳᠠᠢ ᠠᠮᠠ ᠲᠠᠢ ᠶᠡᠭᠡ ᠫᠤᠤ ᠨᠤᠭᠤᠳ ᠢ ᠬᠤᠶᠢᠰᠢ ᠬᠠᠷᠠᠭᠤᠯᠤᠨ ᠨᠢᠭᠡ ᠮᠦᠷ ᠢᠶᠠᠷ ᠵᠢᠭᠰᠠᠭᠠᠵᠤ ᠭᠡᠳᠦᠨ ᠭᠠᠵᠡᠷ ᠦᠷᠭᠦᠯᠵᠢᠯᠡᠭᠦᠯᠦᠭᠰᠡᠨ ᠨᠢ ᠬᠠᠨᠳᠤᠭᠰᠠᠨ ᠵᠦᠭ ᠤᠨ ᠲᠠᠶᠢᠰᠦᠨ ᠢ ᠬᠤᠪᠬᠤ ᠲᠠᠷᠣᠬᠤ ᠳᠤ ᠪᠡᠯᠡᠭᠡᠨ ᠪᠠᠶᠢᠬᠤ ᠰᠢᠭ᠋ ᠤᠩᠭᠤᠶᠢᠵᠦ ᠠᠩᠭᠠᠶᠢᠭᠠᠳ ᠪᠠᠭ᠋ᠠᠨ ᠰᠦᠷ ᠲᠠᠢ ᠬᠠᠷᠠᠭᠳᠠᠵᠤ ᠪᠠᠶᠢᠵᠡᠢ᠃ ᠨᠢᠭᠡ ᠪᠤᠳᠤᠪᠠᠯ ᠪᠠᠰᠠᠴᠦ ᠤᠮᠤᠭᠰᠢᠯ ᠲᠦᠷᠦᠭᠦᠯᠬᠦ ᠠᠵᠢ᠃    — ᠮᠠᠨ ᠤ ᠶᠡᠭᠡ ᠴᠡᠷᠢᠭ ᠭᠠᠯᠲᠤ ᠫᠤᠤ ᠪᠠᠷ ᠵᠡᠪᠰᠡᠭᠯᠡᠭᠰᠡᠨ ᠶᠤᠮ᠃ ᠲᠡᠷᠨ ᠪᠣᠯ ᠭᠠᠯᠳᠡᠨ ᠲᠠᠶᠢᠵᠢ ᠶᠢ ᠡᠭᠦᠷ ᠢᠶᠠᠷ ᠨᠢ ᠬᠢᠲᠣᠬᠤ ᠬᠠᠮᠤᠭ ᠤᠨ ᠭᠦᠴᠦᠲᠦ ᠵᠡᠪᠰᠡᠭ ᠮᠦᠨ ᠭᠡᠳᠡᠭ ᠢ ᠲᠠᠨᠠᠷ ᠣᠳᠠᠯ ᠦᠭᠡᠢ ᠨᠢᠳᠦ ᠪᠠᠷ ᠢᠶᠠᠨ ᠣᠯᠵᠣ ᠬᠠᠷᠠᠬᠤ ᠪᠤᠯᠤᠨ᠎ᠠ᠃ ᠭᠠᠯᠳᠡᠨ ᠤ ᠴᠡᠭᠡᠵᠢᠨ ᠳᠤ ᠭᠠᠯᠵᠠᠭᠤ ᠪᠠᠷᠰ ᠤᠨ ᠰᠦᠰᠦ ᠠᠭᠤᠯᠤᠭᠳᠠᠵᠤ ᠪᠠᠶᠢᠬᠤ ᠶᠢ ᠡᠵᠡᠨ ᠬᠠᠭᠠᠨ ᠮᠠᠰᠢᠳᠠ ᠲᠠᠭᠠᠯᠠᠳᠠᠭ ᠶᠣᠮ᠃ ᠦᠨᠡᠭᠡᠷ ᠴᠦ ᠲᠠᠶᠢᠮᠦ ᠡ᠂ ᠭᠠᠯᠳᠠᠨ ᠰᠦᠰᠦ ᠵᠣᠷᠢᠭ ᠲᠠᠢ᠂ ᠠᠷᠭ᠎ᠠ ᠰᠠᠮᠪᠠᠭ᠎ᠠ ᠲᠠᠢ᠂ ᠶᠠᠭᠠᠬᠢᠬᠤ ᠶᠢᠨ ᠠᠷᠭ᠎ᠠ ᠦᠭᠡᠢ᠂ ᠴᠢᠩᠬᠢᠰ ᠤᠨ ᠮᠦᠷ ᠢᠶᠠᠷ ᠵᠠᠮᠨᠠᠬᠤ ᠶᠢ ᠵᠤᠷᠢᠭᠰᠠᠨ ᠵᠡᠷᠯᠢᠭ ᠮᠤᠩᠭᠤᠯ ᠤᠨ ᠨᠢᠭᠡ ᠨᠢ ᠪᠠᠶᠢᠭ᠎ᠠ ᠶᠤᠮ᠃ ᠲᠡᠶᠢᠮᠦ ᠬᠦᠮᠦᠨ ᠲᠠᠢ ᠪᠠᠶᠢᠯᠳᠤᠬᠤ ᠨᠢ ᠠᠶᠣᠮᠰᠢᠭ ᠲᠠᠢ ᠪᠤᠯᠪᠠᠴᠦ ᠪᠠᠭ᠋ᠠᠳᠠᠢ ᠪᠠᠶᠢᠳᠠᠭ᠃ ᠶᠠᠭ ᠡᠶᠢᠮᠦ ᠤᠴᠢᠷ ᠠᠴᠠ ᠡᠨᠡᠬᠦ ᠶᠡᠭᠡ ᠫᠣᠣ ᠨᠤᠭᠤᠳ ᠢᠶᠠᠷ ᠮᠤᠷᠢᠲᠣ ᠪᠠᠭᠠᠳᠤᠷ ᠤᠳ ᠢ ᠰᠦᠬᠦᠷᠡᠭᠡᠬᠦ ᠭᠡᠵᠦ ᠲᠡᠭᠷᠢ ᠠᠴᠠ ᠪᠢᠳᠡᠨ ᠳᠤ ᠰᠤᠶᠤᠷᠬᠠᠭᠰᠠᠨ ᠪᠢᠯᠡ᠃ ᠲᠡᠭᠷᠢ ᠶᠠᠭᠠᠬᠢᠭᠠᠳ ᠡᠳᠡᠭᠡᠷ ᠶᠡᠭᠡ ᠫᠣᠣ ᠨᠤᠭᠤᠳ ᠢ ᠭᠠᠯᠳᠡᠨ ᠳᠤ ᠭᠠᠷᠳᠠᠭᠤᠯᠤᠭᠰᠠᠨ ᠦᠭᠡᠢ ᠪᠤᠢ︖ ᠡᠨ᠋ᠨ ᠪᠣᠯ ᠴᠠᠭ ᠦᠶ᠎ᠡ ᠠᠴᠠ ᠪᠢᠳᠡᠨ ᠳᠤ ᠤᠯᠭᠤᠭᠰᠠᠨ ᠶᠡᠭᠡ ᠠᠵᠠ ᠪᠤᠯᠤᠨ᠎ᠠ᠃ ᠮᠦᠨᠴᠦ ᠭᠠᠯᠳᠡᠨ ᠢ ᠭᠠᠯ ᠢᠶᠠᠷ ᠰᠦᠨᠦᠭᠡᠬᠦ ᠭᠡᠰᠡᠨ ᠲᠡᠭᠷᠢ ᠶᠢᠨ ᠰᠠᠨᠠᠭ᠎ᠠ ᠪᠤᠯᠠᠢ᠃ ᠭᠠᠯᠳᠡᠨ ᠲᠡᠭᠷᠢ᠂ ᠭᠠᠯᠲᠤ ᠫᠣᠣ ᠪᠦᠷ ᠯᠠ ᠭᠠᠯ ᠠᠭᠤᠯᠵᠡᠢ ᠭᠡᠬᠦ ᠳᠤ ᠨᠢᠭᠡ ᠨᠢ ᠴᠢᠰᠦ ᠮᠢᠬ᠎ᠠ ᠪᠠᠷ ᠠᠮᠢᠯᠠᠭᠰᠠᠨ ᠠᠮᠢ ᠨᠠᠰᠦᠨ ᠤ ᠭᠠᠯ᠂ ᠨᠦᠭᠦᠭᠡ ᠨᠢ ᠭᠠᠩ ᠲᠡᠮᠦᠷ ᠢᠶᠠᠷ ᠪᠦᠲᠦᠭᠰᠡᠨ ᠲᠡᠭᠷᠢ ᠶᠢᠨ ᠲᠤᠭᠰᠢᠨ ᠭᠠᠯ᠃ ᠡᠵᠡᠨ ᠬᠠᠭᠠᠨ ᠤ ᠢᠲᠡᠭᠡᠯ ᠤᠨ ᠨᠠᠷᠠᠨ ᠳᠤ ᠢᠪᠡᠭᠡᠭᠳᠡᠭᠰᠡᠨ ᠲᠠ ᠨᠠᠷ᠂ ᠶᠡᠭᠡ ᠴᠡᠷᠢᠭ ᠤᠨ ᠡᠮᠦᠨ᠎ᠡ ᠬᠤᠰᠢᠭᠤᠴᠢᠯᠠᠬᠤ ᠪᠤᠯᠬᠤᠷ ᠲᠠᠶᠢᠴᠢᠩ ᠬᠦᠷᠦᠨ ᠤ ᠲᠠᠷᠬᠠᠨ ᠰᠦᠯᠳᠠ ᠲᠠ ᠪᠦᠬᠦᠨ ᠢ ᠢᠪᠡᠭᠡᠬᠦ ᠪᠤᠯᠳᠣᠭᠠᠢ᠃    — ᠣᠳᠣ ᠲᠠᠨᠠᠷ ᠲᠤ ᠨᠢᠭᠡ ᠪᠡᠯᠡᠭ ᠬᠢᠵᠦ ᠪᠠᠷᠢᠶ᠎ᠡ᠃ ᠲᠠᠨ ᠤ ᠮᠤᠩᠭᠤᠯ ᠤᠨ ᠡᠷᠲᠡᠨ ᠤ ᠵᠤᠷᠰᠢᠯ ᠶᠤᠰᠤᠭᠠᠷ ᠲᠤᠭ ᠰᠦᠯᠳᠠ ᠪᠠᠨ ᠲᠠᠬᠢᠵᠤ᠂ ᠵᠣᠷᠢᠭ ᠰᠦᠰᠦ ᠪᠠᠨ ᠬᠦᠪᠴᠢᠯᠡᠬᠦ ᠶᠢ ᠵᠠᠩᠵᠤᠨ ᠪᠢ ᠰᠤᠨᠢᠷᠬᠠᠶ᠎ᠡ ᠭᠡᠰᠡᠨ ᠳᠡᠭᠡᠨ ᠡᠶᠢᠮᠦ ᠨᠢᠭᠡ ᠦᠴᠦᠭᠡᠨ ᠪᠡᠯᠡᠭ ᠪᠠᠷᠢᠬᠤ ᠪᠠᠷ ᠪᠠᠶᠢᠭ᠎ᠠ ᠶᠤᠮ᠃ ᠡᠨ᠋ᠨ ᠨᠢ ᠮᠦᠨ ᠴᠦ ᠲᠠ ᠪᠦᠬᠦᠨ ᠳᠤ ᠡᠷᠭᠦᠨ ᠪᠠᠷᠢᠵᠣ ᠪᠠᠶᠢᠭ᠎ᠠ ᠨᠢᠭᠡ ᠬᠤᠨᠳᠠᠭ᠎ᠠ ᠲᠦᠷᠦᠭᠡ ᠴᠢᠩᠭᠠᠯᠠᠬᠤ ᠠᠶᠠᠨ ᠵᠠᠮ ᠤᠨ ᠲᠡᠭᠡᠵᠢ ᠶᠤᠮ᠃ ᠮᠠᠨᠵᠦ ᠶᠢᠨ ᠨᠤᠶᠡᠨ ᠤ ᠡᠨ᠋ᠨ ᠦᠭᠡ ᠶᠢ ᠬᠠᠵᠠᠭᠤ ᠠᠴᠠ ᠨᠢ ᠬᠡᠯᠡᠮᠦᠷᠴᠢᠯᠡᠵᠤ ᠪᠠᠶᠢᠬᠤ ᠬᠤᠭᠤᠷᠤᠨᠳᠤ ᠬᠤᠶᠢᠨ᠎ᠠ ᠠᠴᠠ ᠨᠢ ᠭᠡᠰᠡᠭ ᠭᠦᠮᠦᠰ ᠪᠦᠭᠡᠮᠨᠡᠷᠡᠨ ᠭᠠᠷᠴᠦ ᠢᠷᠡᠪᠡ᠃ ᠲᠣᠮᠳᠠ ᠨᠢ ᠭᠦᠯᠢᠶᠡᠰᠦ ᠲᠠᠢ ᠭᠡᠳᠦᠨ ᠭᠦᠮᠦᠨ ᠲᠠᠭᠤᠭᠳᠠᠵᠤ ᠶᠠᠪᠤᠨ᠎ᠠ᠃    ᠲᠡᠷᠨ ᠨᠢ ᠭᠠᠯᠳᠡᠨ ᠤ ᠴᠡᠷᠢᠭ ᠠᠴᠠ ᠪᠠᠷᠢᠭᠳᠠᠭᠰᠠᠨ ᠦᠢᠷᠡᠳ ᠤᠨ ᠨᠠᠢᠮᠠᠨ ᠡᠷ᠎ᠡ ᠪᠠᠶᠢᠵᠡᠢ᠃    — ᠨᠤᠶᠡᠨ ᠲᠠ ᠵᠠᠷᠯᠢᠭ ᠢᠶᠠᠨ ᠪᠠᠭᠤᠯᠭ᠎ᠠ ᠭᠡᠵᠦ ᠵᠠᠬᠢᠷᠤᠩᠭᠤᠢ ᠲᠣᠣᠭᠠᠷᠪᠠ᠃    ᠲᠠᠶᠢᠨ ᠤ ᠲᠤᠮᠳᠠ ᠠᠴᠠ ᠤᠯᠵᠠᠯᠠᠭᠰᠠᠨ ᠬᠦᠮᠦᠨ ᠢ ᠪᠣᠭᠤᠯ ᠢᠶᠠᠨ ᠪᠤᠯᠭᠠᠳᠠᠭ᠂ ᠡᠰᠡᠭᠦᠯ᠎ᠡ ᠪᠡᠯᠡᠭ ᠪᠤᠯᠭᠠᠨ ᠲᠤᠭ ᠢᠶᠠᠨ ᠲᠠᠬᠢᠳᠠᠭ ᠠᠵᠢ᠃ ᠢᠩᠬᠢᠵᠦ ᠬᠢᠲᠣᠬᠤ ᠶᠢ ᠬᠠᠷᠢᠨ ᠦᠵᠡᠭᠡ ᠦᠭᠡᠢ᠃ ᠲᠠᠶᠢᠨ ᠤ ᠭᠠᠵᠠᠷ ᠨᠢᠳᠦ ᠴᠢᠷᠮᠡᠯ ᠦᠭᠡᠢ ᠴᠡᠪᠴᠢᠯᠳᠤᠬᠤ ᠨᠢ ᠡᠷ᠎ᠡ ᠵᠣᠷᠢᠭ ᠢᠶᠠᠨ ᠰᠢᠯᠭᠠᠭᠰᠠᠨ ᠲᠦᠷᠦ ᠶᠢᠨ ᠲᠠᠶᠢᠨ ᠪᠤᠯᠪᠠᠴᠦ ᠡᠵᠡᠨ ᠬᠠᠭᠠᠨ ᠳᠤ ᠦᠨᠡᠨᠴᠢ ᠰᠡᠳᠬᠢᠯ ᠢᠶᠠᠨ ᠬᠠᠷᠠᠭᠤᠯᠬᠤ ᠶᠢᠨ ᠲᠦᠯᠦᠭᠡ᠂ ᠲᠡᠭᠷᠢ ᠶᠢᠨ ᠨᠠᠷᠡᠨ ᠢ ᠬᠠᠮᠳᠤ ᠪᠠᠷ ᠦᠵᠡᠬᠦ ᠦᠭᠡᠢ ᠪᠠᠨ ᠲᠠᠩᠭᠠᠷᠢᠭᠯᠠᠭᠰᠠᠨ ᠦᠰᠢᠶᠡᠳᠡᠨ ᠰᠢᠭ ᠦᠢᠷᠡᠳ ᠤᠨ ᠠᠬ᠎ᠠ ᠲᠡᠭᠦᠦ ᠨᠠᠷ ᠢᠶᠠᠨ ᠲᠠᠨᠢᠭᠰᠠᠭᠠᠷ ᠪᠠᠶᠢᠭᠠᠳ ᠴᠡᠪᠴᠢᠬᠤ ᠯᠡ ᠬᠡᠷᠡᠭ ᠪᠣᠯᠵᠠᠢ᠃ ᠡᠭᠦᠨ ᠠᠴᠠ ᠶᠡᠭᠡ ᠠᠯᠳᠠᠰᠢ ᠨᠢᠭᠦᠯ ᠢ ᠨᠢᠭᠡᠨᠳᠠ ᠦᠢᠯᠡᠳᠦᠭᠰᠡᠨ ᠶᠤᠮ ᠴᠢᠨᠢ ᠡᠨ᠋ᠨ ᠬᠡᠳᠦᠨ ᠭᠦᠮᠦᠨ ᠢ ᠢᠩᠬᠢᠭᠡᠳ ᠯᠡ ᠲᠤᠨᠢᠯᠭᠠᠬᠤ ᠰᠤᠨᠢᠨ ᠬᠡᠷᠡᠭ ᠪᠢᠰᠢ ᠴᠦ ᠦᠪᠡᠷ ᠤᠨ ᠪᠢ ᠦᠭᠦᠭᠰᠡᠨ ᠬᠤᠶᠢᠨ᠎ᠠ ᠲᠦᠷᠦ ᠶᠢᠨ ᠭᠠᠪᠢᠶᠡᠳᠡᠨ ᠪᠤᠯᠤᠨ᠎ᠠ ᠤᠤ᠂ ᠲᠦᠮᠡᠨ ᠤ ᠦᠰᠢᠶᠡᠳᠡᠨ ᠪᠤᠯᠤᠨ᠎ᠠ ᠤᠤ ᠭᠡᠵᠦ ᠬᠡᠯᠡᠬᠦ ᠳᠤ ᠪᠡᠷᠬᠡ ᠪᠤᠢ᠃ ᠬᠤᠷᠤᠯᠠᠢ ᠨᠤᠶᠡᠨ ᠢ ᠡᠶᠢᠨ ᠬᠦ ᠠᠯᠠᠩᠳᠠᠷᠡᠨ ᠪᠠᠶᠢᠬᠤ ᠳᠤ ᠵᠢᠷᠤᠭ᠎ᠠ ᠭᠤᠴᠢᠭ᠎ᠠ ᠨᠢ ᠬᠡᠲᠦᠨ ᠭᠦᠮᠦᠨ ᠨᠡᠷᠡᠯᠡᠨ ᠲᠠᠭᠤᠳᠠᠪᠠ᠃    — ᠱᠠᠯᠪᠢᠩ᠂ ᠵᠢᠭᠵᠢᠳ ᠪᠠᠭᠠᠷᠠᠩ ᠁ ᠭᠡᠳ ᠨᠡᠷᠡᠯᠡᠵᠦ ᠠᠮᠵᠢᠭᠰᠠᠨ ᠸᠠᠩᠵᠢᠯ᠂ ᠰᠠᠶ᠋ᠢ ᠶᠢᠨ ᠨᠡᠷᠡᠯᠡᠭᠳᠡᠭᠰᠡᠨ ᠨᠠᠢᠮᠠᠨ ᠬᠦᠮᠦᠨ ᠭᠠᠷᠴᠦ ᠢᠷᠡᠭᠡᠳ ᠨᠤᠶᠡᠨ ᠤ ᠵᠠᠷᠯᠢᠭ ᠢ ᠬᠦᠢᠴᠡᠳᠭᠡ ᠭᠡᠵᠦ ᠴᠢᠩᠭ᠎ᠠ ᠲᠠᠭᠤᠨ ᠢᠶᠠᠷ ᠵᠠᠷᠯᠢᠭᠳᠠᠪᠠ᠃ ᠨᠡᠷ᠎ᠡ ᠪᠠᠨ ᠲᠠᠭᠤᠳᠠᠭᠤᠯᠤᠭᠰᠠᠨ ᠬᠦᠮᠦᠰ ᠨᠢᠭᠡ ᠨᠢᠭᠡ ᠪᠠᠨ ᠬᠠᠷᠠᠭᠠᠳ ᠬᠦᠳᠡᠯᠵᠦ ᠶᠡᠳᠡᠨ ᠪᠠᠶᠢᠬᠤ ᠳᠤ ᠠᠷᠭ᠎ᠠ ᠶᠠᠳᠠᠭᠰᠠᠨ ᠨᠤᠶᠡᠨ ᠦᠪᠡᠷ ᠢᠶᠠᠨ ᠨᠢᠭᠡ ᠤᠳᠠᠭ᠎ᠠ ᠨᠡᠷᠡᠯᠡᠨ ᠲᠠᠭᠤᠳᠠᠵᠤ ᠡᠨ᠋ᠨ ᠨᠠᠢᠮᠠᠨ ᠭᠦᠮᠦᠨ ᠢ ᠴᠠᠪᠴᠢ ᠭᠡᠯ᠎ᠡ᠃ ᠵᠢᠷᠤᠭ᠎ᠠ ᠸᠠᠩᠵᠢᠯ ᠴᠤ ᠨᠣᠶᠠᠨ ᠤ ᠨᠡᠷᠡᠯᠡᠬᠦ ᠪᠦᠷᠢ ᠭᠠᠷᠴᠦ ᠢᠷ᠎ᠡ ᠭᠡᠳ ᠭᠠᠷ ᠢᠶᠠᠨ ᠵᠠᠳᠠᠭᠰᠠᠭᠠᠷ ᠪᠠᠶᠢᠯ᠎ᠡ᠃    — ᠮᠠᠨᠵᠤ ᠬᠠᠭᠠᠨ ᠤ ᠵᠠᠷᠯᠢᠭ ᠢᠶᠠᠷ ᠲᠠᠨᠤᠰ ᠢ ᠬᠢᠷᠭᠠᠯ᠎ᠡ᠂ ᠲᠤᠯᠤᠭᠠᠢ ᠪᠠᠨ ᠡᠷᠭᠦᠵᠦ ᠪᠠᠢ᠂ ᠮᠦᠩᠭᠡ ᠲᠡᠭᠷᠢ ᠦᠷᠦᠰᠢᠶᠡᠭᠳᠦᠨ ᠭᠡᠵᠦ ᠱᠠᠯᠪᠢᠩ ᠰᠤᠨᠤᠰᠳᠠᠬᠤ ᠪᠠᠷ ᠰᠢᠪᠡᠨᠡᠭᠡᠳ ᠭᠦᠯᠢᠭᠡᠯᠵᠡᠨ ᠪᠠᠶᠢᠭᠰᠠᠨ ᠢᠶᠠᠨ ︽ᠴᠠᠪᠴᠢ︾ ᠭᠡᠰᠡᠨ ᠲᠤᠬᠢᠶ᠎ᠡ ᠪᠠᠷ ᠲᠠᠯᠢᠢᠭᠰᠠᠨ ᠢᠯᠳᠦ ᠪᠠᠨ ᠭᠦᠴᠦ ᠮᠡᠳᠡᠨ ᠪᠠᠭᠤᠯᠭᠠᠪᠠ᠃    ᠨᠦᠭᠦᠭᠡ ᠲᠤᠯᠤᠭᠠᠨ ᠬᠦᠮᠦᠨ ᠤ ᠲᠤᠯᠤᠭᠠᠢ ᠨᠢ ᠵᠡᠷᠭᠡ ᠪᠠᠷ ᠤᠨᠠᠵᠡᠢ᠃ ᠲᠠᠭᠤ ᠱᠤᠤ ᠲᠠᠢ ᠴᠤᠷᠬᠢᠯᠤᠭᠰᠠᠨ ᠤᠯᠠᠭᠠᠨ ᠴᠢᠰᠤ ᠵᠢᠷᠦᠭᠡ ᠨᠠᠪᠴᠢᠳᠡᠯ᠎ᠡ ᠪᠤᠷᠬᠢᠯᠤᠨ ᠠᠰᠬᠠᠷᠠᠵᠤ ᠬᠤᠭᠤᠯᠠᠢ ᠬᠤᠷᠴᠢᠬᠢᠨᠠᠭᠠᠳ᠂ ᠪᠠᠭᠠᠳᠤᠷ ᠪᠣᠯᠬᠤ ᠠᠴᠠ ᠡᠮᠦᠨ᠎ᠡ ᠶᠠᠷᠭᠠᠴᠢᠨ ᠪᠤᠯᠤᠭᠰᠠᠨ ᠣᠯᠬᠢᠶ᠎ᠡ ᠦᠭᠡᠢ ᠨᠢᠭᠡ ᠶᠢ ᠤᠯᠠᠭᠠᠨ ᠬᠠᠯᠲᠠᠷ ᠪᠤᠯᠭᠠᠵᠤ ᠤᠬᠠᠭ᠎ᠠ ᠶᠢ ᠨᠢ ᠠᠯᠳᠠᠭᠤᠯᠵᠠᠢ᠃    ᠰᠣᠨᠢᠷᠬᠠᠯᠳᠠᠢ ᠨᠢ ᠭᠡᠪᠡᠯ ᠱᠠᠯᠪᠢᠩ ᠤᠨ ᠴᠠᠪᠴᠢᠭᠰᠠᠨ ᠭᠦᠮᠦᠨ ᠨᠢ ᠰᠦᠭᠦᠷᠡᠭᠰᠡᠭᠡᠷ ᠪᠠᠶᠢᠪᠠ᠃ ᠱᠠᠯᠪᠢᠩ ᠴᠦ ᠭᠠᠶᠢᠬᠠᠨ ᠬᠠᠷᠠᠵᠤ ᠵᠤᠭᠰᠤᠨ᠎ᠠ᠃ ᠲᠠᠮ ᠢᠯᠳᠤ ᠪᠠᠷ ᠭᠦᠵᠦᠭᠦᠦ ᠶᠢ ᠨᠢ ᠬᠢᠷᠭᠠᠭᠰᠠᠨ ᠪᠠᠶᠢᠲᠠᠯ᠎ᠠ ᠲᠤᠯᠤᠭᠠᠢ ᠨᠢ ᠦᠰᠦᠷᠳᠡᠭ ᠦᠭᠡᠢ ᠪᠠᠰᠠ ᠴᠦ ᠰᠤᠨᠢᠬᠠᠨ ᠭᠡᠬᠦ ᠳᠤ ᠬᠦᠮᠦᠨ ᠨᠢ ᠬᠠᠷᠢᠨ ᠪᠤᠰᠤᠭᠠᠳ ᠢᠷᠡᠯ᠎ᠡ᠃ ᠱᠠᠯᠪᠢᠩ ᠴᠦ ᠰᠤᠴᠢᠬᠤ ᠶᠢᠨ ᠡᠷᠬᠡ ᠪᠠᠷ ᠬᠤᠶᠢᠰᠢ ᠪᠠᠨ ᠤᠬᠤᠷᠢᠵᠤ ᠵᠤᠭᠰᠤᠪᠠ᠃ ᠬᠠᠮᠤᠭ ᠢ ᠰᠤᠴᠢᠭᠠᠭᠰᠠᠨ ᠭᠦᠯᠢᠶᠡᠰᠦᠲᠦ ᠡᠷ᠎ᠡ ᠲᠦᠩᠭᠡᠵᠦ ᠬᠤᠶᠡᠷ ᠠᠯᠬᠤᠬᠤ ᠳᠤ᠂ ᠭᠦᠶ᠋ᠢ ᠱᠠᠯᠪᠢᠩ ᠭᠡᠵᠦ ᠬᠠᠰᠬᠢᠷᠤᠭᠰᠠᠨ ᠨᠠᠮᠵᠢᠯ ᠤᠨ ᠲᠠᠭᠤᠨ ᠢᠶᠠᠷ ᠲᠤᠯᠤᠭᠠᠢ ᠨᠢ ᠪᠦᠮᠪᠦᠷᠢᠨ ᠤᠨᠠᠭᠠᠳ ᠵᠤᠭᠰᠤᠭ᠎ᠠ ᠭᠡᠩᠭᠦᠳᠡᠭ ᠠᠴᠠ ᠨᠢ ᠤᠷᠭᠢᠯᠤᠭᠰᠠᠨ ᠤᠯᠠᠭᠠᠨ ᠴᠢᠰᠦ ᠲᠡᠭᠡᠭᠰᠢ ᠲᠡᠭᠳᠡᠨ ᠭᠠᠷᠴᠦ ᠪᠦᠭᠡᠮ ᠭᠠᠯ ᠪᠤᠯᠤᠭᠠᠳ ᠰᠠᠭᠰᠠᠭᠤ ᠲᠦᠰᠢᠮᠡᠯ ᠤᠨ ᠲᠤᠯᠤᠭᠠᠢ ᠲᠡᠭᠡᠭᠦᠷ ᠡᠷᠬᠢᠯᠳᠤᠨ ᠪᠠᠶᠢᠭᠰᠠᠨ ᠢᠶᠠᠨ ᠮᠠᠨᠠᠷᠡᠵᠦ ᠤᠴᠢᠬᠤ ᠳᠤᠨᠢ ᠰᠤᠯᠢᠷ ᠮᠡᠲᠦ ᠲᠡᠭᠷᠢ ᠬᠠᠷᠪᠤᠨ ᠤᠳᠤᠯ᠎ᠠ᠃    ᠶᠡᠭᠡ ᠴᠡᠷᠢᠭ ᠬᠤᠶᠢᠰᠢ ᠬᠠᠨᠳᠤᠨ ᠭᠦᠳᠡᠯᠪᠡ᠃ ᠬᠠᠩᠭᠠᠢ ᠨᠣᠲᠤᠭ ᠤᠨ ᠦᠩᠭᠡ ᠦᠵᠡᠮᠵᠢ ᠪᠠᠨ ᠠᠯᠳᠠᠭᠰᠠᠨ ᠠᠯᠠᠷ ᠪᠠᠯᠠᠷ ᠭᠡᠭᠡᠷ᠎ᠡ ᠴᠦᠯ᠂ ᠰᠢᠯᠢ ᠨᠢᠷᠤᠭᠤ ᠬᠦᠭᠡᠷᠡᠨ ᠬᠠᠷᠠᠯᠡᠨ ᠲᠦᠩᠰᠦ᠋ᠢᠴᠢᠭᠡᠳ ᠮᠠᠯ ᠤᠨ ᠪᠤᠶᠠᠨ ᠢᠶᠠᠷ ᠠᠮᠢᠳᠤᠷᠠᠳᠠᠭ ᠮᠠᠯᠴᠢᠨ ᠮᠤᠩᠭᠤᠯ ᠠᠷᠠᠳ ᠮᠢᠨᠢ ᠪᠤᠷᠬᠠᠨ ᠢᠶᠠᠨ ᠲᠡᠭᠡᠭᠡᠭᠡᠳ ᠪᠤᠶᠡᠨ ᠢᠶᠠᠨ ᠠᠴᠢᠭᠠᠳ ᠬᠠᠮᠢᠭᠠᠰᠢ ᠶᠠᠪᠤᠭᠰᠠᠨ ᠪᠤᠢ ᠭᠡᠵᠦ ᠭᠤᠮᠣᠳᠠᠯ ᠲᠤᠭᠠᠴᠢᠨ ᠪᠠᠶᠢᠬᠤ ᠰᠢᠭ᠋ ᠤᠨᠢᠶᠠᠷ ᠮᠠᠨᠠᠨ ᠤ ᠲᠤᠮᠳᠠ ᠪᠦᠷᠲᠦᠯᠵᠡᠨ ᠪᠠᠶᠢᠯ᠎ᠡ᠃ ᠬᠠᠶᠠᠭᠳᠠᠭᠰᠠᠨ ᠨᠣᠲᠤᠭ ᠤᠨ ᠲᠦᠷᠦᠭᠡ ᠰᠢᠭᠦᠷᠡᠮ᠎ᠡ ᠡᠪᠡᠰᠦᠨ ᠲᠤᠮᠳᠠ ᠬᠠᠷᠠᠯᠠᠭᠰᠠᠨ ᠪᠠᠭᠤᠷᠢ ᠬᠠᠷᠠᠭᠳᠠᠭ᠎ᠠ ᠦᠭᠡᠢ ᠴᠦ ᠲᠠᠶᠢᠪᠤᠩ ᠨᠣᠲᠤᠭ ᠤᠨ ᠢᠶᠠᠨ ᠬᠠᠯᠠᠭᠤᠨ ᠡᠪᠦᠷ ᠲᠤ ᠡᠯᠢᠭᠡ ᠵᠢᠷᠦᠭᠡ ᠪᠠᠷ ᠢᠶᠠᠨ ᠠᠭᠤᠰᠴᠦ ᠶᠠᠪᠤᠭᠰᠠᠨ ᠵᠠᠶᠠᠭ᠎ᠠ ᠨᠢᠭᠡᠳᠡᠨ ᠢ ᠰᠠᠨᠠᠭ᠎ᠠ ᠠᠯᠳᠠᠭᠤᠯᠤᠨ ᠪᠠᠶᠢᠪᠠ᠃    ᠤᠨᠢᠶᠠᠷ ᠮᠠᠨᠠᠨ ᠲᠠᠳᠠᠭᠰᠠᠨ ᠠᠷᠤ ᠬᠠᠯᠬ᠎ᠠ ᠶᠢᠨ ᠨᠣᠲᠤᠭ    ᠠᠯᠠᠯᠳᠤᠬᠤ ᠪᠠᠷ ᠮᠤᠷᠳᠠᠭᠰᠠᠨ ᠦᠭᠡᠯᠡᠳ ᠮᠤᠩᠭᠤᠯ ᠤᠨ ᠦᠷ᠎ᠡ    ᠠᠷᠤ ᠠᠴᠠ ᠲᠠᠯᠠᠶᠢᠭᠰᠠᠨ ᠡᠵᠡᠨ ᠬᠠᠭᠠᠨ ᠤ ᠰᠡᠯᠡᠮ᠎ᠡ    ᠠᠩᠨᠠᠭᠤᠷ ᠲᠤ ᠤᠷᠤᠭᠰᠠᠨ ᠪᠤᠱᠤᠭᠳᠤ ᠬᠠᠭᠠᠨ ᠭᠠᠯᠳᠡᠨ ᠲᠦᠷᠦᠭᠡᠨ ᠲᠡᠭᠡᠷ᠎ᠡ ᠪᠠᠨ ᠲᠠᠭᠤ ᠲᠠᠢ᠂ ᠵᠢᠷᠦᠭᠡᠨ ᠲᠤᠮᠳᠠ ᠪᠠᠨ ᠭᠤᠨᠢᠭ ᠲᠠᠢ ᠴᠦ ᠶᠠᠪᠤᠬᠤ ᠪᠠᠷ ᠢᠶᠠᠨ ᠶᠠᠪᠤᠨ᠎ᠠ᠃ ᠠᠯᠠᠬᠤ ᠨᠢ ᠠᠶᠤᠯ ᠲᠠᠢ᠂ ᠦᠬᠦᠬᠦ ᠨᠢ ᠦᠢᠯᠡ ᠲᠠᠢ᠃ ᠠᠮᠢᠳᠤ ᠬᠤᠴᠤᠷᠪᠠᠯ ᠵᠤᠳ ᠤᠨ ᠲᠡᠭᠷᠢ ᠵᠣᠨᠰᠢᠯ᠎ᠠ ᠭᠡᠵᠦ ᠪᠤᠳᠤ᠂ ᠵᠤᠯᠠ ᠪᠠᠷᠢᠵᠤ ᠬᠤᠴᠤᠷᠤᠭᠰᠠᠨ ᠠᠷᠤ ᠭᠡᠷ ᠤᠨ ᠬᠢᠨ ᠳᠡᠭᠡᠨ ᠵᠠᠯᠪᠠᠷᠢ᠃    ᠭᠡᠲᠦᠨ ᠲᠦᠮᠡ ᠪᠠᠷ ᠴᠤᠪᠤᠷᠠᠭᠰᠠᠨ ᠶᠠᠪᠠᠭᠠᠨ ᠴᠡᠷᠢᠭ ᠤᠨ ᠡᠮᠦᠨ᠎ᠡ ᠵᠡᠮ ᠤᠳᠤᠷᠢᠳᠤᠨ ᠠᠶᠠᠯᠠᠨ᠎ᠡ ᠭᠡᠳᠡᠭ ᠮᠤᠷᠢᠲᠠᠢ ᠭᠦᠮᠦᠨ ᠡᠳᠦᠷ ᠨᠦᠭᠴᠢᠭᠡᠭᠰᠡᠨ ᠶᠠᠯᠢ ᠦᠭᠡᠢ ᠬᠡᠷᠡᠭ ᠪᠠᠶᠢᠯ᠎ᠠ᠃ ᠬᠤᠨᠢᠨ ᠪᠡᠯᠴᠢᠭᠡᠷ ᠠᠴᠠ ᠬᠤᠯᠠᠳᠴᠦ ᠪᠤᠯᠤᠭ᠎ᠠ ᠦᠭᠡᠢ ᠪᠠᠷ ᠪᠠᠭᠤᠬᠤ ᠪᠤᠯᠤᠯ᠎ᠠ᠃ ᠭᠦᠯᠢᠶᠡᠵᠦ ᠪᠠᠶᠢᠭᠠᠳ ᠦᠢᠷᠡᠳᠬᠤ ᠳᠤᠨᠢ ᠲᠠᠬᠢᠭᠠᠳ ᠠᠶᠠᠯᠠᠨ᠎ᠡ᠃ ᠬᠠᠪᠤᠷ ᠤᠨ ᠤᠲᠤᠷᠴᠢᠨ ᠰᠢᠭ᠋ ᠭᠡᠴᠢᠨᠡᠨ ᠴᠦ ᠡᠳᠦᠷ ᠠᠶᠠᠯᠠᠭᠰᠠᠨ ᠢ ᠪᠤᠤ ᠮᠡᠳᠡ᠃ ᠬᠤᠰᠢᠭᠤᠷᠠᠭᠰᠠᠨ ᠬᠤᠶᠠᠷ ᠠᠭᠤᠯᠠ ᠶᠢᠨ ᠰᠠᠪᠠ ᠬᠦᠨᠳᠡᠢ ᠶᠢ ᠠᠮᠠᠳᠠᠵᠤ ᠬᠤᠨᠤᠭᠰᠠᠨ ᠤ ᠮᠠᠷᠭᠠᠰᠢ ᠦᠷᠯᠦᠭᠡ᠂ ᠠᠶᠠᠯᠠᠬᠤ ᠶᠢᠨ ᠤᠷᠤᠨ ᠳᠤ ᠠᠮᠠᠷᠠᠬᠤ ᠲᠤᠬᠢᠶ᠎ᠡ ᠤᠯᠠᠮᠵᠢᠯᠠᠭᠳᠠᠨ ᠢᠷᠡᠭᠰᠡᠨ ᠪᠤᠯᠪᠠᠴᠦ ᠠᠭᠲᠠ ᠮᠣᠷᠢ ᠠᠴᠠ ᠰᠠᠯᠵᠤ ᠪᠤᠯᠬᠤ ᠦᠭᠡᠢ ᠭᠡᠵᠦ ᠴᠢᠩᠭ᠎ᠠ ᠱᠠᠭᠠᠷᠳᠡᠵᠠᠢ᠃ ᠭᠡᠪᠡᠴᠦ ᠲᠠᠪᠰᠢᠭᠰᠠᠭᠠᠷ ᠪᠠᠶᠢᠭ᠎ᠠ ᠶᠠᠪᠠᠭᠠᠨ ᠴᠡᠷᠢᠭ ᠨᠢ ᠬᠡᠳᠦ ᠬᠤᠪᠢᠶᠠᠭᠳᠠᠨ ᠠᠯᠠᠭ᠎ᠠ ᠪᠤᠯᠤᠯ᠎ᠠ᠃ ᠭᠡᠳᠦᠨ ᠲᠦᠮᠡᠨ ᠠᠮᠢᠳᠡᠨ ᠤ ᠲᠠᠭᠤ ᠱᠤᠤᠬᠢᠶ᠎ᠡ ᠭᠡᠨᠡᠳᠳᠠ ᠨᠠᠮᠳᠠᠪᠠ᠃ ᠡᠨ᠋ᠨ ᠦᠶ᠎ᠡ ᠳᠤ ᠬᠤᠷᠤᠯᠠᠢ ᠨᠤᠶ᠋ᠨᠨ ᠴᠦ ᠬᠠᠭᠠᠨ ᠳᠤ ᠪᠠᠷᠠᠯᠠᠬᠤ ᠪᠠᠷ ᠶᠠᠪᠤᠭᠠᠳ ᠰᠤᠷᠠᠭ ᠦᠭᠡᠢ ᠪᠤᠯᠤᠯ᠎ᠠ᠃ ᠶᠠᠭᠤ ᠪᠤᠯᠬᠤ ᠭᠡᠵᠦ ᠪᠠᠶᠢᠭ᠎ᠠ ᠪᠤᠢ︖    — ᠠᠶᠤᠵᠤ ᠪᠠᠶᠢᠨ᠎ᠠ ᠤᠤ︖ ᠠᠨᠳᠠ ᠮᠢᠨᠢ ᠭᠡᠵᠦ ᠵᠢᠭᠵᠢᠳ ᠨᠢ ᠨᠤᠭᠤᠭᠠᠨ ᠬᠠᠵᠠᠭᠤ ᠲᠡᠭᠡᠷ᠎ᠡ ᠨᠢᠷᠤᠭᠤ ᠲᠠᠨᠢᠢᠯᠭᠡᠨ ᠪᠠᠶᠢᠪᠠ᠃ ᠱᠠᠯᠪᠢᠩ ᠨᠢ ᠲᠤᠭᠤᠮᠵᠢᠷ ᠦᠭᠡᠢ ᠬᠠᠷᠠᠭᠠᠳ᠂    — ᠶᠠᠭᠤ ᠠᠶᠤᠬᠤ ᠪᠤᠢ᠂ ᠨᠢᠭᠡ ᠲᠤᠯᠤᠭᠠᠢ ᠦᠰᠦᠷᠭᠡᠭᠰᠡᠨ ᠪᠢᠰᠢ᠂ ᠭᠤᠵᠦ᠋ᠢᠭ᠌ᠰᠠᠨ ᠱᠣᠪᠤᠶᠢᠭᠰᠠᠨ ᠶᠠᠭᠤᠮ᠎ᠠ ᠬᠠᠷᠠᠭᠳᠠᠪᠠᠯ ᠰᠤᠵᠤᠩ ᠰᠢᠭ᠋ ᠴᠠᠪᠴᠢᠶ᠎ᠡ ᠭᠡᠵᠦ ᠰᠠᠨᠠᠭᠳᠠᠬᠤ ᠶᠤᠮ ᠭᠡᠯ᠎ᠡ᠃    — ᠦᠨᠡᠭᠡᠷ ᠤᠤ᠂ ᠴᠠᠭᠠᠨ᠎ᠠ ᠪᠤᠳᠤᠬᠤ ᠶᠠᠭᠤᠮ᠎ᠠ ᠠᠯᠠᠭ᠎ᠠ ᠤᠤ︖    — ᠪᠣᠳᠣᠬᠤ ᠶᠠᠭᠤᠮ᠎ᠠ ᠴᠦ ᠪᠠᠶᠢᠯᠭᠦᠢ᠂ ᠲᠡᠷᠡ ᠮᠦᠷᠳᠡᠭᠡᠨ ᠴᠢ ᠪᠢᠳᠠ ᠬᠤᠶᠡᠷ ᠤᠨ ᠪᠤᠳᠤᠯ ᠠᠳᠠᠯᠢ ᠪᠠᠶᠢᠬᠤ ᠶᠤᠰᠤᠳᠠᠢ᠃ ᠭᠠᠯᠳᠡᠨ ᠪᠤᠱᠤᠭᠳᠤ ᠳᠤ ᠪᠠᠶᠢᠬᠤ ᠭᠡᠰᠡᠨ ᠢ ᠴᠢᠨᠢ ᠪᠠᠷᠢᠵᠦ ᠴᠢᠳᠠᠭ᠎ᠠ ᠦᠭᠡᠢ ᠳᠡᠭᠡᠨ ᠬᠠᠷᠠᠮᠰᠠᠬᠤ ᠪᠠᠷ ᠬᠠᠷᠠᠮᠰᠠᠪᠠᠴᠦ᠂ ᠠᠯᠠᠬᠤ ᠪᠠᠷ ᠢᠶᠠᠨ ᠠᠯᠠᠵᠤ ᠦᠭᠦᠭᠦ ᠪᠠᠷ ᠢᠶᠠᠨ ᠦᠬᠦᠨ᠎ᠡ ᠪᠢᠵᠡ᠂ ᠲᠠᠶᠢᠮᠦ ᠤᠤ ᠦᠭᠡᠢ ᠤᠤ︖    — ᠪᠤᠱᠤᠭᠳᠤ ᠬᠠᠭᠠᠨ ᠳᠤ ᠣᠳᠣ ᠪᠠᠷᠢᠭᠰᠠᠨ ᠴᠤ ᠤᠷᠦ᠋ᠢᠳᠠᠬᠤ ᠦᠭᠡᠢ ᠯᠡ ᠳ᠋ᠠ᠃ ᠴᠢᠮᠡᠳᠦ ᠦᠭᠭᠦᠶ᠎ᠡ ᠭᠡᠰᠡᠨ ᠰᠠᠨᠠᠭ᠎ᠠ ᠪᠠᠶᠢᠪᠠᠯ ᠪᠢ ᠣᠳᠣ ᠪᠠᠷ ᠠᠪᠤᠭᠠᠳ ᠶᠠᠪᠤᠶ᠎ᠡ᠃    — ᠪᠤᠯᠬᠤ ᠦᠭᠡᠢ ᠪᠠᠶᠢᠬ᠎ᠠ᠂ ᠮᠦᠩᠭᠡ ᠲᠡᠭᠷᠢ ᠲᠤ ᠵᠠᠯᠪᠠᠷᠢᠵᠦ ᠶᠠᠪᠤᠪᠠᠯ ᠦᠭᠬᠦ ᠴᠠᠭ ᠣᠯᠲᠠᠨ᠎ᠠ᠃    — ᠡᠨ᠋ᠨ ᠣᠳᠠᠭ᠎ᠠ ᠴᠢ ᠲᠠᠶᠢᠨ ᠳᠤ ᠦᠬᠦᠪᠡᠯ ᠪᠢ ᠬᠠᠷᠢᠨ ᠴᠢᠨᠦ ᠵᠣᠳᠤᠭ ᠢ ᠠᠪᠤᠨ᠎ᠠ ᠰᠢᠦ᠃    — ᠲᠡᠷᠨ ᠪᠤᠯᠤᠨ᠎ᠠ᠃ ᠲᠡᠭᠡᠭᠡᠳ ᠬᠡᠨ ᠳᠤ ᠦᠭᠭᠦ ᠶᠢ ᠦᠪᠡᠷ ᠢᠶᠠᠨ ᠮᠡᠳᠡ᠂ ᠦᠨᠡᠨ ᠢ ᠬᠡᠯᠡᠪᠡᠯ ᠪᠢ ᠴᠦ ᠪᠠᠰᠠ ᠴᠢᠮ᠎ᠡ ᠳᠤ ᠣᠰᠣᠯ ᠲᠠᠢ ᠬᠦᠮᠦᠨ ᠰᠢᠦ᠃    — ᠨᠠᠳᠠ ᠤᠰᠤᠯᠳᠠᠬᠤ ᠶᠠᠭᠤ ᠯᠡ ᠪᠠᠶᠢᠬᠤ ᠪᠤᠢ᠂ ᠦᠢᠷᠡᠳ ᠤᠨ ᠬᠤᠪᠢ ᠵᠠᠶᠠᠭ᠎ᠠ ᠶᠢ ᠦᠭᠡᠳᠠ ᠨᠢ ᠲᠠᠲᠠᠬᠤ ᠪᠠᠷ ᠪᠠᠶᠢᠭ᠎ᠠ ᠭᠠᠯᠳᠠᠨ ᠪᠣᠱᠣᠭᠲᠤ ᠳᠤ ᠤᠰᠤᠯᠳᠠᠵᠤ ᠪᠠᠶᠢᠭ᠎ᠠ ᠬᠡᠷᠡᠭ ᠰᠢᠦ᠃    — ᠲᠡᠷᠨ ᠴᠦ ᠶᠠᠭᠠᠬᠢᠬᠤ ᠪᠤᠢ᠂ ᠲᠡᠭᠷᠢ ᠶᠢᠨ ᠲᠠᠭᠠᠯᠠᠯ ᠢᠶᠠᠷ ᠪᠣᠯᠬᠤ ᠪᠢᠵᠡ᠂ ᠴᠢᠨᠦ ᠬᠤᠯᠠᠭᠠᠶᠢᠴᠢ ᠨᠡᠷ᠎ᠡ ᠲᠠᠢ ᠪᠤᠯᠤᠭᠰᠠᠨ ᠨᠢ ᠨᠠᠳᠠ ᠬᠤᠯᠪᠣᠭ᠎ᠠ ᠲᠠᠢ ᠶᠤᠮ᠃ ᠲᠡᠷᠨ ᠤᠳᠠᠭ᠎ᠠ ᠪᠢ ᠨᠣᠷᠳᠤᠭ ᠠᠴᠠ ᠦᠰᠢᠶ᠎ᠡ ᠪᠠᠨ ᠠᠪᠤᠶ᠎ᠡ ᠭᠡᠵᠦ ᠲᠠᠯᠠᠨ ᠭᠡᠳᠦᠨ ᠮᠣᠷᠢ ᠶᠢ ᠨᠢ ᠬᠦᠭᠡᠭᠡᠵᠦ ᠯᠢᠶᠠᠩᠵᠸᠤ ᠳᠤ ᠤᠷᠤᠭᠤᠯᠤᠭᠠᠳ ᠰᠤᠯᠢᠵᠦ ᠤᠯᠤᠭᠰᠨᠨ ᠮᠦᠩᠬᠦ ᠪᠠᠨ ᠪᠦᠭᠦᠨ ᠢ ᠭᠠᠯᠳᠡᠨ ᠪᠤᠱᠤᠭᠳᠤ ᠳᠤ ᠪᠠᠷᠢᠭᠰᠠᠨ ᠶᠤᠮ᠃    — ᠪᠢ ᠬᠠᠷᠢᠨ ᠴᠢᠨᠦ ᠬᠡᠯᠡᠭᠰᠡᠨ ᠢ ᠬᠠᠷ᠎ᠠ ᠦᠭᠡᠢ ᠢᠳᠡᠭᠡᠭᠡᠳ ᠵᠤᠳᠤᠭ ᠢ ᠴᠢᠨᠢ ᠤᠯᠤᠶ᠎ᠡ ᠭᠡᠵᠦ ᠤᠯᠠᠨ ᠭᠠᠵᠠᠷ ᠢᠶᠠᠷ ᠶᠠᠪᠤᠬᠤ ᠳᠠᠭᠠᠨ ᠬᠤᠯᠠᠭᠠᠢ ᠬᠢᠵᠦ ᠰᠤᠷᠣᠯ᠎ᠠ᠂ ᠬᠤᠳᠠᠯ ᠴᠦ ᠬᠡᠯᠡᠵᠦ ᠴᠠᠭᠠᠷᠠᠯ᠎ᠡ᠃ ᠲᠡᠭᠡᠭᠡᠳ ᠦᠰᠢᠶᠡᠨ ᠳᠡᠭᠡᠨ ᠠᠪᠠᠭᠠᠢ ᠶᠢ ᠴᠢᠨᠢ ᠮᠡᠭᠡᠯᠡᠵᠦ ᠵᠤᠳᠤᠭ ᠢ ᠴᠢᠨᠢ ᠠᠪᠤᠯ᠎ᠡ᠃ ᠬᠡᠨ ᠳᠤ ᠴᠦ ᠣᠰᠣᠯ ᠮᠡᠳᠡᠬᠦ ᠪᠤᠢ᠂ ᠡᠯᠵᠢᠭᠡᠨ ᠲᠠᠩ ᠪᠣᠯᠵᠠᠢ᠃ ᠨᠢᠭᠡ ᠠᠰᠠᠭᠤᠬᠤ ᠢ ᠮᠢᠨᠦ ᠠᠪᠤ ᠶᠢᠨ ᠭᠠᠯᠳᠡᠨ ᠤ ᠨᠢᠳᠦ ᠴᠢᠬᠢ ᠪᠣᠯᠵᠤ ᠶᠠᠪᠤᠭᠰᠠᠨ ᠢ ᠴᠢ ᠮᠡᠳᠡᠪᠡ ᠤᠤ︖    — ᠠᠪᠤ ᠶᠢᠨ ᠴᠢᠨᠢ ᠲᠤᠬᠠᠢ ᠮᠢᠨᠦ ᠬᠡᠯᠡᠭᠰᠡᠨ ᠪᠦᠷ ᠦᠨᠡᠨ ᠦᠭᠡ ᠪᠢᠯᠡ᠃    — ᠲᠡᠭᠡᠪᠡᠯ ᠬᠡᠨ ᠬᠤᠪ ᠰᠢᠪ ᠤᠨ ᠦᠭᠡ ᠵᠦᠭᠡᠭᠡᠭᠰᠡᠨ ᠢ ᠮᠡᠳᠡᠨ᠎ᠡ ᠤᠤ︖    — ᠤᠳᠤᠬᠠᠨ ᠳᠤ︖ ᠁    — ᠲᠦᠩ︕    ᠠᠯᠣᠰ ᠠᠴᠠ ᠨᠦᠷᠭᠢᠯᠡᠭᠰᠡᠨ ᠠᠶᠤᠮᠰᠢᠭᠲᠤ ᠲᠠᠭᠤᠨ ᠱᠠᠯᠪᠢᠩ ᠵᠢᠭᠵᠢᠳ ᠬᠤᠶᠡᠷ ᠢ ᠰᠤᠴᠢᠭᠠᠭᠰᠠᠨ ᠢᠶᠠᠷ ᠵᠤᠭᠰᠤᠬᠤ ᠦᠭᠡᠢ᠂ ᠦᠪᠡᠷᠰᠡᠳ ᠤᠨ ᠬᠢᠨᠢ ᠲᠤᠯᠤᠭᠠᠢ ᠲᠡᠭᠡᠷ᠎ᠡ ᠨᠢᠷᠬᠢᠯᠡᠨ ᠪᠠᠶᠢᠬᠤ ᠰᠢᠭ᠋ ᠰᠤᠨᠤᠰᠤᠭᠰᠠᠨ ᠪᠦᠬᠦᠨ ᠢ ᠴᠡᠴᠡᠷᠡᠭᠦᠯᠵᠡᠢ᠃    ᠲᠦᠩ︕ ᠲᠦᠩ︕ ᠶᠡᠭᠡ ᠫᠣᠣ ᠶᠢᠨ ᠨᠦᠷᠬᠢᠯᠡᠭᠰᠡᠨ ᠲᠠᠭᠤᠨ ᠨᠠᠮ ᠬᠦᠮ ᠪᠠᠶᠢᠳᠡᠯ ᠢ ᠬᠠᠶᠢᠷ᠎ᠡ ᠨᠠᠶᠢᠷ ᠦᠭᠡᠢ ᠡᠪᠳᠡᠵᠦ᠂ ᠠᠯᠠᠯᠳᠤᠬᠤ ᠲᠤᠬᠢᠶ᠎ᠡ ᠭᠦᠮᠦᠰ ᠤᠨ ᠰᠤᠨᠤᠷ ᠢ ᠭᠦᠴᠦ ᠮᠡᠳᠡᠨ ᠲᠡᠯᠡᠰᠴᠦ᠂ ᠮᠡᠳᠡᠷᠡᠯ ᠤᠨ ᠰᠢᠵᠢᠮ ᠢ ᠤᠭᠵᠠᠷᠠᠨ ᠬᠦᠨᠳᠡᠭᠰᠡᠨ ᠢᠶᠠᠷ ᠲᠤᠯᠤᠭᠠᠢ ᠪᠦᠬᠦᠨ ᠨᠢᠭᠡᠨ ᠵᠡᠷᠭᠡ ᠪᠠᠷ ᠡᠷᠭᠦᠵᠡᠢ᠃ ᠭᠡᠳᠡᠯ᠎ᠡ ᠡᠨ᠋ᠨ ᠪᠣᠯ ᠠᠪᠤᠷᠠᠯ ᠤᠨ ᠲᠠᠭᠤᠨ ᠪᠢᠰᠢ᠂ ᠦᠬᠦᠯ ᠤᠨ ᠴᠢᠮᠡᠭᠡ ᠭᠡᠰᠡᠨ ᠢ ᠰᠤᠪᠢᠩ ᠢᠶᠠᠷ ᠮᠡᠳᠡᠷᠡᠮᠡᠭᠴᠡ ᠲᠤᠯᠤᠭᠠᠢ ᠪᠦᠬᠦᠨ ᠢ ᠦᠪᠡᠷ ᠤᠨ ᠡᠷᠬᠡ ᠦᠭᠡᠢ ᠪᠦᠬᠦ᠋ᠢᠯᠭᠡᠵᠡᠢ᠃    — ᠵᠠ ᠣᠳᠣ ᠴᠢᠨᠦ ᠴᠡᠷᠢᠭ ᠤᠨ ᠬᠦᠳᠡᠯᠬᠦ ᠴᠠᠭ ᠪᠤᠯᠤᠭᠰᠠᠨ ᠭᠡᠵᠦ ᠬᠠᠭᠠᠨ ᠰᠡᠳᠬᠢᠯ ᠬᠠᠨᠤᠮᠵᠢᠳᠠᠢ ᠬᠡᠯᠡᠭᠡᠳ᠂ ᠭᠤᠷᠪᠠᠨ ᠦᠶᠡᠳᠦ ᠭᠠᠤᠯᠢᠨ ᠲᠤᠷᠡᠨ ᠢᠶᠠᠨ ᠬᠤᠷᠣᠯᠠᠢ ᠨᠣᠶᠡᠨ ᠳᠤ ᠦᠭᠭᠦᠯ᠎ᠡ᠃ ᠬᠠᠵᠠᠭᠤ ᠠᠴᠠ ᠬᠠᠮᠠᠭᠠᠯᠠᠭᠴᠢ ᠲᠦᠰᠢᠮᠡᠯ ᠴᠦ ᠬᠠᠭᠠᠨ ᠤ ᠵᠠᠷᠯᠢᠭ ᠢ ᠭᠠᠳᠠᠭᠰᠢ ᠨᠢ ᠲᠠᠮᠵᠢᠭᠤᠯᠵᠤ ᠠᠮᠵᠢᠵᠠᠢ᠃    ᠲᠤᠷᠡᠨ ᠤ ᠬᠠᠷᠠᠭᠠᠨ ᠳᠤ ᠲᠤᠭᠤᠰᠤ ᠬᠤᠶᠢᠯᠠᠷᠡᠨ ᠲᠣᠪᠤ ᠲᠣᠪᠣᠴᠠᠭ ᠲᠠᠶᠢᠪᠠᠯᠵᠠᠵᠤ᠂ ᠮᠣᠷᠢᠲᠦ ᠴᠡᠷᠢᠭ ᠲᠤ ᠲᠠᠭᠤᠭᠲᠠᠨ ᠪᠠᠶᠢᠭ᠎ᠠ ᠶᠠᠪᠠᠭᠠᠨ ᠴᠡᠷᠢᠭ ᠤᠨ ᠰᠠᠮᠠᠭᠤᠷᠠᠭᠰᠠᠨ ᠵᠢᠭᠰᠠᠭᠠᠯ ᠰᠡᠭᠦᠯ ᠠᠴᠠ ᠪᠠᠨ ᠴᠠᠪᠴᠢᠭᠳᠠᠨ ᠣᠨᠠᠭᠰᠠᠭᠠᠷ ᠵᠢᠭᠤᠳᠠᠵᠤ ᠶᠠᠪᠤᠨ᠎ᠠ᠃ ᠮᠣᠷᠢ ᠲᠠᠢ ᠭᠠᠭᠴᠠ ᠮᠤᠩᠭᠤᠯ ᠢ ᠵᠠᠭᠤ ᠪᠠᠷ ᠵᠣᠯᠢᠪᠠᠴᠦ ᠬᠤᠨᠵᠢᠩ ᠭᠡᠵᠦ ᠡᠳᠡᠨ ᠤ ᠬᠢᠨ ᠬᠡᠯᠡᠳᠡᠭ ᠨᠢ ᠣᠷᠣ ᠲᠠᠢ ᠴᠦ ᠦᠭᠡ ᠶᠤᠮ ᠤᠤ᠂ ᠴᠡᠷᠢᠭ ᠤᠨ ᠬᠢᠨᠢ ᠵᠢᠭᠤᠳᠠᠵᠤ ᠪᠠᠶᠢᠭ᠎ᠠ ᠶᠢ ᠬᠠᠷᠠᠯ ᠳ᠋ᠠ᠂ ᠲᠠᠶᠢᠮᠦ ᠳᠡᠭᠡᠨ ᠡᠨ᠋ᠨ ᠮᠡᠲᠦ ᠬᠦᠴᠦ ᠲᠠᠢ ᠲᠠᠭᠠᠷᠢᠯᠳᠠ ᠳᠤ ᠲᠡᠰᠴᠦ ᠶᠠᠳᠠᠭᠠᠳ ᠮᠢᠨᠤ ᠠᠬ᠎ᠠ ᠲᠡᠭᠦᠦ ᠨᠠᠷ  ᠢ ᠡᠮᠦᠨ᠎ᠡ  ᠪᠠᠨ ᠪᠠᠷᠢᠬᠤ ᠭᠡᠰᠡᠨ ᠪᠢᠵᠡ᠃ ᠢᠩᠬᠢᠵᠦ ᠠᠯᠠᠯᠳᠤᠭᠤᠯᠬᠤ  ᠶᠢ ᠮᠡᠳᠡᠭᠰᠡᠨ ᠪᠣᠯ ᠠᠩᠭᠢᠵᠢᠷᠡᠵᠤ ᠢᠷᠡᠭᠰᠡᠨ  ᠤ ᠬᠡᠷᠡᠭ  ᠨᠢ ᠶᠠᠭᠤ ᠪᠠᠶᠢᠬᠤ ᠪᠢᠯᠡ᠃ ᠦᠭᠡᠢ ᠪᠢ ᠶᠠᠭᠤ ᠪᠣᠳᠣᠵᠤ ᠪᠠᠶᠢᠨ᠎ᠠ ᠪᠤᠢ︖ ᠡᠵᠡᠨ ᠬᠠᠭᠠᠨ  ᠤ ᠬᠠᠵᠠᠭᠤ  ᠳᠤ ᠡᠯᠳᠡᠪ ᠡᠰᠡ  ᠶᠢᠨ ᠪᠤᠳᠤᠯ ᠡᠪᠦᠷᠯᠡᠬᠦ  ᠨᠢ ᠣᠰᠣᠯ ᠪᠤᠯᠬᠤ  ᠠᠴᠠ ᠮᠢᠨᠦ ᠪᠤᠳᠣᠯ ᠢ ᠨᠡᠪᠲᠡ ᠮᠡᠳᠡᠪᠡᠯ ᠲᠤᠯᠤᠭᠠᠢ ᠤᠨᠠᠨ᠎ᠠ ᠭᠡᠰᠡᠨ ᠦᠭᠡ ᠰᠢᠦ᠃ ᠠᠢ ᠬᠦᠭᠡᠷᠦᠭᠦᠢ᠂ ᠠᠳᠠᠯᠢ ᠨᠢᠭᠡ ᠰᠦᠯᠳᠡᠳᠡᠨ ᠤ ᠠᠯᠢ  ᠶᠢ  ᠨᠢ ᠲᠡᠭᠷᠢ ᠦᠷᠦᠰᠢᠶᠡᠬᠦ  ᠪᠣᠯ ᠳ᠋ᠠ᠃    ᠲᠣᠷᠠᠨ ᠪᠠᠷᠢᠭᠰᠠᠨ ᠬᠤᠷᠣᠯᠠᠢ ᠨᠤᠶᠡᠨ ᠬᠠᠭᠠᠨ ᠤ ᠡᠮᠦᠨ᠎ᠡ ᠵᠣᠭᠰᠤᠭ᠎ᠠ ᠪᠠᠷ ᠦᠭᠡ ᠬᠡᠯᠡᠵᠦ ᠪᠣᠯᠳᠠᠭ ᠦᠭᠡᠢ ᠶᠢ ᠮᠡᠳᠡᠳᠡᠭ ᠲᠡᠭᠡᠨ ᠰᠦᠬᠦᠷᠡᠬᠦ ᠠᠴᠠ ᠲᠦᠪᠡᠭᠰᠢᠶᠡᠭᠰᠡᠨ ᠭᠡᠯᠲᠡᠢ ᠭᠦᠯᠦᠰᠦ ᠪᠠᠨ ᠠᠷᠴᠢᠨ ᠬᠦᠯᠢᠶᠡᠵᠡᠢ᠃    ᠵᠡ ᠪᠠᠶᠢᠵᠠ᠂ ᠮᠦᠩᠭᠡ ᠲᠡᠭᠷᠢ ᠳᠤ ᠵᠠᠯᠪᠠᠷᠢᠨ᠎ᠠ ᠤᠤ᠂ ᠮᠠᠨᠵᠤ ᠬᠠᠭᠠᠨ ᠳᠤ ᠰᠦᠰᠦᠭᠯᠡᠨ᠎ᠡ ᠤᠤ᠃ ᠠᠯᠢ ᠨᠢ ᠴᠦ ᠪᠤᠯᠤᠭ ᠠᠬ᠎ᠠ ᠲᠡᠭᠦᠦ ᠨᠠᠷ ᠤᠨ ᠮᠢᠨᠢ ᠠᠮᠢᠨ ᠵᠠᠪᠰᠠᠷ ᠣᠷᠣᠬᠤ ᠪᠣᠯᠳᠤᠭᠠᠢ︕    ᠵᠠ ᠣᠳᠣ ᠶᠠᠭᠤ ᠪᠤᠯᠤᠭ᠎ᠠ ᠪᠤᠢ ᠭᠡᠵᠦ ᠲᠠᠶᠢᠪᠤᠩ ᠬᠠᠩᠭᠠᠮᠵᠢᠳᠠᠢ ᠢᠨᠢᠶᠡᠳᠦ ᠠᠯᠳᠠᠭᠰᠠᠨ ᠬᠠᠭᠠᠨᠳᠠᠨ᠂ ᠭᠠᠷ ᠰᠠᠷᠪᠠᠶᠢᠨ ᠲᠤᠷᠡᠨ ᠢᠶᠠᠨ ᠠᠪᠴᠦ ᠦᠪᠡᠷ ᠤᠨ ᠠᠤᠭ᠎ᠠ ᠶᠡᠭᠡ ᠢᠯᠡᠯᠳᠠ ᠪᠠᠨ ᠠᠯᠤᠰ ᠠᠴᠠ ᠲᠤᠷᠡᠨᠳᠠᠵᠤ ᠡᠬᠢᠯᠡᠪᠡ᠃    ᠮᠤᠷᠢᠨ ᠤ ᠬᠤᠷᠳᠤᠨ ᠢᠶᠠᠷ ᠲᠠᠭᠠᠷᠢᠨ ᠤᠷᠤᠭᠰᠠᠨ ᠦᠭᠡᠯᠡᠳ ᠴᠡᠷᠢᠭ ᠤᠨ ᠬᠢᠨᠢ ᠵᠢᠭᠤᠳᠠᠵᠤ ᠶᠠᠪᠤᠭ᠎ᠠ ᠴᠡᠷᠢᠭ ᠤᠨ ᠲᠤᠮᠳᠠᠭᠤᠷ ᠰᠦᠷᠦᠨ ᠲᠠᠪᠬᠢᠭᠤᠯᠵᠤ᠂ ᠬᠤᠶᠢᠨ᠎ᠠ ᠠᠴᠠ ᠨᠢ ᠨᠡᠭᠡᠮᠵᠢᠯᠡᠨ ᠬᠢᠷᠭᠠᠵᠤ ᠶᠠᠪᠤᠭ᠎ᠠ ᠭᠠᠯᠳᠡᠨ ᠤ ᠴᠡᠷᠢᠭ ᠤᠨ ᠲᠦᠷᠦᠭᠦᠴᠢ ᠶᠢ ᠬᠠᠰᠢᠵᠦ ᠠᠪᠴᠠᠢ᠃ ᠤᠯᠡᠨ ᠠᠴᠠ ᠤᠨᠴᠠᠭᠠᠢ ᠬᠦᠳᠡᠷ ᠵᠢᠳᠠ ᠪᠠᠷᠢᠭᠰᠠᠨ ᠱᠠᠯᠪᠢᠩ ᠬᠡᠳᠦ ᠭᠡᠳᠦᠨ ᠭᠦᠮᠦᠨ ᠢ ᠡᠲᠡᠵᠦ ᠤᠨᠠᠭᠠᠭᠠᠳ ᠤᠯᠠᠶᠢᠷᠡᠨ ᠲᠠᠪᠰᠢᠵᠦ ᠶᠠᠪᠤᠳᠠᠯ᠎ᠡ ᠦᠪᠡᠷ ᠢ ᠨᠢ ᠨᠡᠷᠡᠯᠡᠬᠦ‍ ᠰᠢᠭ ᠪᠤᠯᠤᠭᠰᠠᠨ ᠨᠢᠭᠡ ᠶᠢ ᠨᠢ ᠵᠢᠳᠡᠯᠠᠭᠠᠳ ᠭᠠᠳᠤᠯᠤᠯ᠎ᠠ᠃    — ᠯᠤᠳᠦ ᠡ᠂ ᠴᠡᠷᠢᠭ ᠢᠶᠠᠨ ᠬᠤᠷᠲᠣᠨ ᠬᠤᠶᠢᠰᠢ ᠪᠠᠨ ᠲᠠᠳᠠ᠂ ᠲᠠᠨᠤᠰ ᠢᠯᠠᠭᠳᠠᠭᠰᠠᠨ ᠳᠦᠷᠢ ᠪᠠᠷ ᠲᠤᠳᠠᠭᠠᠵᠤ ᠦᠵᠡ᠂ ᠪᠢᠳᠠ ᠢᠯᠠᠭᠰᠠᠨ ᠪᠣᠯᠵᠤ ᠬᠦᠬᠡᠬᠡᠵᠦ ᠦᠵᠡᠭᠦᠯᠦᠶ᠎ᠡ ᠭᠡᠵᠦ ᠵᠢᠯᠤᠭᠤ ᠪᠠᠨ ᠡᠷᠬᠢᠭᠦᠯᠦᠭᠰᠡᠨ ᠱᠠᠯᠪᠢᠩ ᠬᠠᠰᠬᠢᠷᠦᠨ ᠬᠡᠯᠡᠭᠡᠳ ᠵᠢᠳᠠ ᠰᠤᠩᠭᠠᠨ ᠢᠷᠡᠯ᠎ᠡ᠃    — ᠦᠢᠷᠡᠳ ᠤᠨ ᠬᠤᠪᠢ ᠵᠠᠶᠠᠭ᠎ᠠ ᠶᠢ ᠮᠦᠩᠭᠡ ᠲᠡᠭᠷᠢ ᠮᠡᠳᠡᠬᠦ ᠪᠢᠵᠡ᠃ ᠠᠮᠢ ᠠᠪᠤᠷᠠᠭᠰᠠᠨ ᠠᠴᠢ ᠶᠢ ᠴᠢᠨᠢ ᠢᠩᠬᠢᠵᠦ ᠯᠡ ᠬᠠᠷᠢᠭᠤᠯᠬᠤ ᠦᠭᠡᠢ ᠪᠠᠶᠢᠬᠤ ᠶᠢᠨ ᠠᠷᠭ᠎ᠠ ᠦᠭᠡᠢ ᠪᠤᠯᠤᠯ᠎ᠠ ᠭᠡᠳ ᠲᠡᠷᠡ ᠨᠢ ᠴᠦ ᠵᠢᠳᠠ ᠬᠢᠯᠡᠯᠵᠠᠭᠤᠯᠤᠨ ᠢᠷᠡᠪᠡ᠃    — ᠮᠢᠨᠦ ᠦᠭᠡ ᠶᠢ ᠰᠤᠨᠤᠰ᠂ ᠮᠦᠩᠬᠦᠨ ᠲᠣᠪᠣᠷᠣᠣᠳᠣ ᠵᠤᠳᠤᠭ ᠢ ᠴᠠᠭᠠᠰᠢ ᠨᠢ ᠳᠠᠮᠵᠢᠭᠤᠯ ᠭᠡᠵᠦ ᠱᠠᠯᠪᠢᠩ ᠬᠠᠰᠬᠢᠷᠬᠤ ᠶᠢᠨ ᠲᠠᠭᠠᠤ ᠪᠦᠰᠡ ᠪᠠᠨ ᠠᠯᠳᠠᠷᠠᠭᠠᠬᠤ ᠭᠡᠳ ᠴᠢᠬᠢ ᠲᠦᠯᠡᠶᠢᠷᠡᠮ᠎ᠡ ᠲᠠᠭᠤᠨ ᠳᠤ ᠮᠣᠷᠢᠨ ᠠᠴᠠ ᠰᠠᠪᠠᠵᠦ ᠤᠨᠠᠯ᠎ᠡ᠃    ᠲᠤᠯᠤᠯᠳᠤᠭᠠᠨ ᠤ ᠳᠣᠮᠳᠠ ᠡᠷᠬᠢᠨ ᠲᠤᠭᠤᠷᠢᠨ  ᠤ ᠴᠡᠷᠢᠭ ᠤᠳ ᠭᠠᠵᠡᠷ ᠬᠡᠪᠲᠡᠭᠡ ᠪᠡᠶ᠎ᠡ ᠶᠢ ᠡᠷᠭᠦᠨ ᠪᠠᠶᠢᠳᠡᠯ᠎ᠡ ᠮᠤᠷᠢᠨ ᠲᠤᠭᠤᠷᠠᠢ ᠲᠠᠴᠢᠬᠢᠨᠡᠨ ᠲᠡᠷᠨ ᠪᠦᠭᠦᠨ  ᠢ ᠬᠢᠰᠬᠢᠯᠡᠵᠦ ᠤᠷᠬᠢᠪᠠ᠃ ᠴᠡᠭᠡᠵᠢᠨ  ᠳᠤ ᠰᠢᠳᠠᠭᠰᠠᠨ ᠲᠦᠢᠮᠡᠷ   ᠤᠨ ᠭᠠᠯ ᠠᠭᠱᠠᠨ᠎ᠠ ᠲᠠᠷᠤᠭᠳᠠᠵᠤ ᠲᠤᠳᠤᠷ᠎ᠡ ᠤᠩᠭᠤᠶᠢᠬᠤ ᠰᠢᠭ᠋ ᠪᠣᠯᠬᠤ  ᠳᠤ ᠲᠡᠷᠭᠡᠳᠠ ᠨᠢ ᠬᠦᠮᠦᠨ  ᠤ ᠶᠠᠷᠢᠯᠴᠠᠬᠤ  ᠴᠦ ᠲᠣᠭᠤᠯᠳᠠᠪᠠ᠃ ᠤᠬᠠᠭᠠᠨ  ᠤ ᠭᠦᠨ  ᠳᠤ ᠨᠠᠷᠠ ᠭᠢᠯᠠᠰ ᠬᠢᠬᠦ  ᠰᠢᠭ ᠪᠤᠯᠤᠭᠠᠳ ᠰᠢᠷᠬᠠᠳᠤᠭᠰᠠᠨ  ᠢᠶᠠᠨ ᠰᠠᠨᠠᠵᠤ ᠤᠯᠪᠠ᠃    ᠱᠠᠯᠪᠢᠩ ᠴᠡᠭᠡᠵᠢ ᠪᠠᠷ ᠢᠶᠠᠨ ᠬᠦᠨᠳᠦ ᠰᠢᠷᠬᠠᠳᠤᠭᠰᠠᠨ ᠪᠠᠶᠢᠪᠠ᠃ ᠭᠡᠬᠦ ᠳᠤ ᠦᠰᠢᠶᠡᠳᠡᠨ ᠤ ᠰᠤᠮᠤᠨ ᠳᠤ ᠪᠢᠰᠢ᠂ ᠭᠦᠮᠦᠨ ᠤ ᠦᠪᠡᠷ ᠤᠨ ᠢᠯᠭᠠᠯ ᠦᠭᠡᠢ ᠮᠤᠷᠢᠳᠡᠨ ᠪᠦᠭᠦᠨ ᠢ ᠰᠡᠭ ᠪᠤᠯᠭᠠᠭᠰᠠᠨ ᠶᠡᠭᠡ ᠫᠣᠣ ᠶᠢᠨ ᠰᠣᠮᠣᠨ ᠤ ᠰᠢᠷᠡᠮᠦᠨ ᠬᠡᠯᠳᠡᠷᠭᠡᠢ ᠳᠤ ᠰᠢᠷᠬᠠᠳᠤᠵᠡᠢ᠃    ᠴᠢᠰᠦ ᠶᠡᠭᠡ ᠠᠯᠳᠠᠭᠳᠠᠭᠰᠠᠨ ᠠᠴᠠ ᠲᠤᠯᠤᠭᠠᠢ ᠲᠠᠭᠠᠭᠠᠯ ᠦᠭᠡᠢ ᠪᠠᠶᠢᠬᠤ ᠱᠠᠯᠪᠢᠩ ᠪᠣᠯᠣᠨ ᠬᠤᠷᠢᠭᠠᠳ ᠭᠦᠨᠳᠦ ᠰᠢᠷᠬᠠᠳᠠᠨ ᠢ ᠬᠠᠩᠭᠠᠢ ᠲᠡᠷᠭᠡᠨ ᠳᠤ ᠦᠬᠦᠳᠡᠯ ᠮᠡᠲᠦ ᠲᠡᠭᠡᠭᠡᠵᠦ᠂ ᠨᠣᠲᠤᠭ ᠤᠨ ᠵᠦᠭ ᠦᠨᠵᠢᠵᠦ ᠬᠤᠨᠤᠭᠠᠳ ᠠᠶᠠᠯᠠᠪᠠ᠃    ᠭᠠᠯᠳᠡᠨ ᠤ ᠴᠡᠷᠢᠭ ᠤᠨ ᠢᠯᠠᠭᠳᠠᠯ ᠢᠶᠠᠷ ᠪᠠᠶᠢᠯᠳᠦᠭᠠᠨ ᠲᠡᠭᠦᠰᠴᠠᠢ᠃    ᠡᠩᠭᠡ ᠠᠮᠤᠭᠤᠯᠠᠩ ᠬᠠᠭᠠᠨ ᠴᠦ ᠰᠠᠨᠠᠭ᠎ᠠ ᠰᠡᠳᠬᠢᠯ ᠠᠮᠠᠷᠡᠵᠦ᠂ ᠲᠦᠷᠦ ᠲᠦᠪᠰᠢᠷᠡᠵᠡᠢ᠃ ︵ᠦᠷᠬᠦᠯᠵᠢᠯᠡᠯ ᠪᠣᠢ︶
 
ᠢᠷᠡᠯᠲᠡ᠄ ᠠᠯᠠᠱᠠ ᠪᠦᠬᠡ ᠱᠠᠯᠪᠢᠩ ᠤᠨ ᠳᠣᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号