ᠠᠷᠪᠠᠨ ᠲᠤᠯᠤᠭ᠎ᠠ ᠱᠠᠯᠪᠢᠩ ᠴᠡᠷᠢᠭ ᠤᠨ ᠠᠯᠪᠠᠨ ᠳᠤ ᠮᠣᠷᠳᠠᠪᠠ | | ᠬᠦᠭᠡᠭᠡ ᠡᠪᠦᠯ ᠤᠨ ᠲᠠᠰᠬᠢᠮᠡ ᠬᠦᠢᠲᠡᠨ ᠦᠩᠭᠡᠷᠡᠬᠦ ᠲᠦᠬᠦᠵᠦ ᠪᠠᠶᠢᠬᠤ ᠳᠤ ᠭᠦᠮᠦᠰ ᠤᠨ ᠴᠠᠭᠠᠯᠠᠬᠤ ᠴᠠᠭ ᠴᠦ | ᠦᠢᠷᠡᠳᠤᠯᠠ᠃ ᠱᠠᠯᠪᠢᠩ ᠪᠠᠰᠠ ᠨᠢᠭᠡ ᠤᠳᠠᠭ᠎ᠠ ᠠᠶᠠᠨ ᠵᠢᠩ ᠳᠤ ᠲᠠᠪᠤᠰᠤ ᠪᠠᠨ ᠬᠦᠷᠭᠡᠵᠦ ᠬᠦᠨᠡᠰᠦ ᠪᠤᠳᠠᠭ᠎ᠠ ᠪᠠᠨ | ᠠᠴᠢᠶᠠᠯᠠᠭᠠᠳ ᠭᠡᠷ ᠲᠡᠭᠡᠨ ᠬᠠᠷᠢᠵᠦ ᠢᠷᠡᠵᠡᠢ᠃ | ᠬᠤᠨᠢᠨ ᠳᠠᠭᠠᠨ ᠶᠠᠪᠤᠭᠠᠳ ᠬᠠᠷᠢᠵᠦ ᠢᠷᠡᠭᠰᠡᠨ ᠲᠤᠭᠤᠰ ᠭᠠᠯ ᠢᠶᠠᠨ ᠠᠰᠠᠭᠠᠵᠤ ᠴᠠᠢ ᠪᠠᠨ ᠨᠡᠷᠡᠵᠦ ᠪᠠᠶᠢᠬᠤ ᠳᠤ | ᠠᠶᠠᠨ ᠤ ᠲᠡᠮᠡᠭᠡᠨ ᠬᠤᠩᠬᠤ ᠳ᠋ᠦᠩ ᠳ᠋ᠠᠩ ᠭᠡᠳ ᠭᠡᠷ ᠤᠨ ᠣᠶᠢᠷ᠎ᠠ ᠲᠠᠭᠤ ᠭᠠᠷᠤᠭᠰᠠᠨ ᠳᠤ ᠲᠤᠭᠤᠰ ᠭᠡᠷ ᠠᠴᠠ | ᠭᠠᠷᠴᠦ ᠰᠡᠳᠬᠢᠯ ᠪᠠᠶᠠᠷᠯᠠᠩᠭᠤᠢ ᠪᠤᠯᠵᠣ᠄ | ︽ᠵᠠ᠂ ᠰᠠᠶᠢᠨ ᠶᠠᠪᠤᠭᠠᠳ ᠢᠷᠡᠪᠡᠦ︖︾ ᠭᠡᠵᠦ ᠮᠠᠨᠳᠤᠴᠢᠯᠠᠪᠠ᠃ | — ᠰᠠᠶᠢᠨ ᠶᠠᠪᠤᠭᠠᠳ ᠢᠷᠡᠯ᠎ᠡ᠂ ᠴᠢ ᠮᠢᠨᠢ ᠰᠠᠶᠢᠨ ᠰᠠᠭᠤᠵᠤ ᠪᠠᠶᠢᠪᠠᠤ︖ ᠭᠦᠯᠳᠡᠵᠦ ᠲᠠᠭᠠᠷᠡᠪᠡᠦ︖ | — ᠲᠠᠭᠠᠷᠠᠭᠰᠠᠨ ᠴᠦ ᠦᠭᠡᠢ᠃ | — ᠬᠤᠨᠢ ᠴᠢᠨᠢ ᠲᠤᠭᠲᠠᠵᠤ ᠪᠠᠶᠢᠨ᠎ᠠ ᠤᠤ︖ | — ᠲᠤᠭᠲᠠᠵᠤ ᠪᠠᠶᠢᠨ᠎ᠠ᠂ ᠲᠠᠨ ᠤ ᠶᠠᠪᠤᠭᠰᠠᠨ ᠭᠠᠵᠠᠷ ᠢᠶᠠᠷ ᠰᠤᠨᠢᠨ ᠰᠠᠶᠢᠬᠠᠨ ᠶᠠᠭᠤ ᠪᠠᠶᠢᠨ᠎ᠠ︖ | — ᠰᠣᠨᠢᠨ ᠶᠠᠭᠤᠮ᠎ᠠ ᠶᠠᠭᠤ ᠯᠡ ᠪᠠᠶᠢᠬᠤ ᠳ᠋ᠠ᠂ ᠠᠶᠠᠨ ᠤ ᠲᠡᠮᠡᠭᠡᠳ ᠤᠨ ᠬᠤᠩᠬᠤᠨ ᠤ ᠲᠠᠭᠤ ᠠᠶᠠᠯᠭ᠎ᠠ | ᠲᠡᠳᠡᠨ ᠨᠠᠶᠢᠯᠡᠵᠦ ᠲᠡᠮᠡᠭᠡᠨ ᠴᠦᠷᠬᠦ ᠪᠦᠯᠦᠭ ᠪᠦᠯᠦᠭ ᠢᠶᠠᠷ ᠵᠢᠳᠭᠦᠯᠴᠡᠨ ᠪᠠᠶᠢᠭᠠᠳ ᠬᠦᠷᠴᠦ ᠢᠷᠡᠯ᠎ᠡ᠃ | ᠮᠠᠨ ᠤ ᠬᠢ ᠪᠠᠷ ᠭᠦᠮᠦᠨ ᠠᠮᠢᠳᠡᠨ ᠶᠠᠪᠤᠨ᠎ᠠ ᠤᠤ︖ | — ᠲᠠᠨ ᠢ ᠶᠠᠪᠤᠭᠰᠠᠨ ᠠᠴᠠ ᠬᠤᠶᠢᠰᠢ ᠢᠰᠢ ᠯᠡ ᠢᠷᠡᠵᠦ ᠬᠤᠨᠤᠭᠠᠳ ᠶᠠᠪᠤᠭᠰᠠᠨ᠃ ᠲᠠᠨ ᠢ ᠲᠡᠮᠡᠭᠡ | ᠭᠦᠲᠦᠯᠦᠯᠡ᠂ ᠬᠦᠨᠡᠰᠦ ᠠᠪᠴᠢᠷᠡᠯᠠ ᠭᠡᠳ ᠠᠴᠢᠯᠡᠯ ᠬᠡᠯᠡᠬᠦ ᠰᠠᠨᠠᠭ᠎ᠠ ᠲᠠᠢ ᠢᠷᠡᠭᠰᠡᠨ ᠪᠢᠵᠡ᠃ ᠴᠠᠢ ᠲᠠᠢ | ᠲᠡᠭᠡᠵᠢ ᠲᠠᠢ ᠢᠷᠡᠭᠰᠡᠨ ᠰᠢᠦ᠂ ᠲᠡᠷᠨ ᠪᠠᠶᠢᠨ᠎ᠠ᠃ ᠠᠷᠢᠬᠢ ᠶᠢ ᠨᠢ ᠪᠠᠯᠭᠤᠬᠤ ᠦᠭᠡᠢ ᠤᠤ︖ | — ᠭᠠᠰᠢᠭᠤᠨ ᠤᠰᠤ ᠪᠠᠷ ᠭᠡᠳᠡᠰᠦ ᠪᠠᠨ ᠵᠠᠶᠢᠯᠤᠭᠠᠳ ᠶᠠᠭᠤ ᠬᠢᠬᠦ ᠪᠤᠢ᠂ ᠲᠡᠭᠦᠨ ᠳᠤ ᠤᠷᠤᠨ ᠳᠤ | ᠮᠢᠬ᠎ᠠ ᠪᠠᠨ ᠭᠠᠷᠭᠠᠬᠤ ᠤᠤ᠂ ᠪᠠᠶᠢᠰᠬᠢᠪᠡᠯ ᠬᠠᠲᠠᠴᠢᠬᠠᠨᠠ᠃ | — ᠬᠤᠯᠠ ᠠᠴᠠ ᠵᠠᠮ ᠶᠠᠪᠤᠭᠰᠠᠨ ᠲᠠ ᠶᠠᠳᠠᠷᠠᠵᠤ ᠪᠠᠶᠢᠪᠠᠯ ᠬᠡᠪᠲᠡᠵᠦ ᠪᠠᠢ᠂ ᠪᠢ ᠬᠤᠳᠠ ᠡᠷᠬᠢᠵᠦ | ᠢᠷᠡᠴᠢᠭᠡᠭᠡᠳ ᠡᠪᠲᠡᠶᠡ᠃ | ᠵᠢᠷᠮᠦᠰᠦᠯᠡᠭᠰᠡᠨ ᠡᠬᠡᠨᠡᠷ ᠨᠢ ᠤᠤᠭᠠᠨ ᠦᠷ᠎ᠡ ᠪᠠᠨ ᠠᠯᠳᠠᠭᠰᠠᠨ ᠡᠬᠡ ᠶᠢᠨ ᠰᠡᠳᠬᠢᠯ ᠢ ᠡᠯᠢᠭᠡ ᠪᠠᠷ ᠨᠦᠬᠦᠵᠦ᠂ | ᠡᠴᠢᠭᠡ ᠶᠢᠨ ᠰᠠᠨᠠᠭ᠎ᠠ ᠶᠢ ᠵᠢᠷᠦᠭᠡ ᠪᠠᠷ ᠬᠠᠩᠭᠠᠨ᠎ᠠ ᠭᠡᠳᠡᠭ ᠶᠤᠮ᠃ ᠪᠠᠶᠠᠷᠯᠠᠬᠤ ᠦᠭᠡᠢ ᠴᠦ ᠶᠠᠭᠠᠬᠢᠬᠤ ᠪᠤᠢ᠃ ᠠᠯᠠᠭ | ᠬᠤᠷᠸ᠎ᠠ ᠳᠤ ᠦᠯᠡᠳᠡᠭᠡᠬᠦ ᠠᠮᠢ ᠨᠠᠰᠤᠨ ᠤ ᠦᠷᠭᠦᠯᠵᠢᠯᠡᠯ᠂ ᠠᠪᠤ ᠡᠵᠢ ᠶᠢᠨ ᠮᠦᠷ ᠵᠠᠯᠭᠠᠬᠤ ᠮᠢᠩᠭᠠᠨ ᠦᠶ᠎ᠡ ᠶᠢᠨ | ᠦᠷ᠎ᠡ ᠶᠤᠮ ᠴᠢᠨᠢ ᠭᠤᠯᠤᠮᠳᠠ ᠶᠢᠨ ᠡᠵᠡᠨ ᠰᠠᠭᠠᠳᠠᠯᠡ ᠭᠡᠳ ᠲᠡᠭᠷᠢ ᠪᠤᠷᠬᠠᠨ ᠳᠤ ᠵᠠᠯᠪᠠᠷᠢᠬᠤ ᠦᠭᠡᠢ ᠴᠦ ᠶᠠᠭᠠᠬᠢᠬᠤ | ᠪᠢᠯᠡ᠃ | ᠭᠦᠮᠦᠨ ᠤ ᠦᠷ᠎ᠡ ᠰᠤᠭᠤᠷᠠᠵᠤ ᠦᠰᠳᠡᠭ᠂ ᠦᠪᠡᠷ ᠤᠨ ᠦᠷ᠎ᠡ ᠰᠠᠭᠤᠵᠤ ᠬᠤᠴᠤᠷᠳᠠᠭ ᠴᠤ ᠬᠠᠷᠠᠭᠰᠠᠨ | ᠭᠦᠮᠦᠨ ᠢ ᠲᠠᠭᠤ ᠠᠯᠳᠠᠭᠤᠯᠤᠮᠠᠷ᠂ ᠬᠠᠪᠢᠳᠠᠭᠰᠠᠨ ᠭᠦᠮᠦᠨ ᠢ ᠨᠢᠳᠦ ᠠᠯᠳᠠᠭᠤᠯᠤᠮᠠᠷ ᠭᠦᠭᠡᠷᠦᠬᠦᠨ ᠪᠠᠨᠲᠠᠭᠠᠷ ᠬᠦᠦ ᠨᠢ | ᠡᠴᠢᠭᠡ ᠡᠬᠡ ᠶᠢᠨ ᠦᠭᠡᠳᠡ ᠠᠴᠠ ᠢᠨᠢᠶᠡᠬᠦ ᠲᠠᠢ ᠴᠦ ᠪᠣᠯᠵᠡᠢ᠃ ᠵᠢᠷᠭᠠᠯ ᠤᠨ ᠡᠯᠴᠢ᠂ ᠵᠢᠷᠦᠭᠡᠨ ᠤ ᠣᠶᠠᠭ᠎ᠠ ᠪᠠᠨ | ᠠᠮᠠᠷᠠᠭ ᠤᠨ ᠬᠠᠮᠲᠦ ᠰᠠᠬᠢᠨ ᠦᠰᠭᠡᠵᠦ᠂ ᠠᠮᠢᠳᠤᠷᠡᠯ ᠤᠨ ᠰᠠᠶᠢᠬᠠᠨ ᠢ ᠭᠠᠷ ᠢᠶᠠᠷ ᠪᠦᠲᠦᠭᠡᠬᠦ ᠨᠢ ᠭᠡᠳᠦᠢ ᠴᠦ | ᠰᠠᠶᠢᠬᠠᠨ ᠪᠤᠢ︕ | ᠭᠡᠪᠡᠴᠦ ᠡᠨ᠋ᠨ ᠬᠦ ᠪᠤᠳᠤᠯ ᠢ ᠵᠡᠭᠦᠳᠦ ᠪᠤᠯᠭᠠᠨ ᠰᠠᠷᠨᠢᠭᠤᠯᠤᠭᠰᠠᠨ ᠵᠣᠯ ᠪᠤᠰᠤ ᠤᠴᠢᠷ ᠡᠨ᠋ᠨ ᠠᠶᠢᠯ ᠳᠤ | ᠲᠤᠯᠭᠠᠷᠠᠵᠡᠢ᠃ | ᠭᠠᠯᠳᠡᠨ ᠪᠤᠱᠤᠭᠳᠤ ᠴᠡᠷᠢᠭᠵᠢᠵᠦ ᠲᠠᠶᠢᠨ ᠢ ᠲᠡᠭᠳᠡᠭᠡᠭᠰᠡᠨ ᠳᠤ ᠬᠤᠱᠤᠳ ᠶᠠᠮᠦᠨ ᠠᠴᠠ ᠴᠡᠷᠢᠭ ᠬᠤᠷᠢᠶᠠᠵᠦ | ᠲᠠᠶᠢᠨ ᠤ ᠪᠡᠯᠡᠳᠭᠡᠯ ᠬᠢᠵᠦ ᠴᠡᠷᠢᠭ ᠤᠨ ᠠᠯᠪᠡᠨ ᠳᠤ ᠶᠠᠪᠤᠭᠤᠯᠬᠤ ᠭᠡᠵᠦ ᠪᠢᠳᠡᠨ ᠢ ᠴᠡᠷᠢᠭ ᠤᠨ ᠠᠯᠪᠠᠨ ᠳᠤ ᠨᠡᠷ᠎ᠡ | ᠵᠢᠭᠠᠭᠰᠠᠨ ᠠᠯᠪᠡᠨ ᠪᠢᠴᠢᠭ ᠢᠷᠡᠵᠡᠢ᠃ ᠠᠩᠬ᠎ᠠ ᠨᠢᠭᠡ ᠤᠳᠠᠭ᠎ᠠ ᠤᠷᠭᠤᠭᠰᠠᠨ ᠮᠠᠭᠤ ᠨᠡᠷ᠎ᠡ ᠲᠠᠢ ᠱᠠᠯᠪᠢᠩ᠂ ᠡᠨ᠋ᠨ | ᠠᠯᠪᠠᠨ ᠠᠴᠠ ᠮᠤᠯᠲᠤᠷᠠᠬᠤ ᠠᠷᠭ᠎ᠠ ᠪᠠᠨ ᠤᠯᠵᠣ ᠶᠠᠳᠡᠨ ᠭᠠᠴᠢᠭᠳᠠᠵᠠᠢ᠃ ᠲᠦᠷᠦ ᠬᠦᠷᠦᠨ ᠤ ᠡᠩᠬᠡ ᠲᠦᠪᠰᠢᠨ ᠳᠤ | ᠬᠤᠯᠪᠤᠭ᠎ᠠ ᠲᠠᠢ ᠡᠷ᠎ᠡ ᠬᠦᠮᠦᠨ ᠤ ᠲᠠᠪᠢᠯᠠᠩ ᠵᠠᠶᠠᠭ᠎ᠠ ᠶᠢ ᠡᠨ᠋ᠨ ᠤᠳᠠᠭ᠎ᠠ ᠬᠠᠮᠢᠭᠠᠰᠢ ᠨᠢ ᠭᠦᠲᠦᠯᠬᠦ ᠶᠢ ᠪᠣᠣ ᠮᠡᠳᠡ᠃ | ᠡᠷ᠎ᠡ ᠭᠡᠵᠦ ᠲᠦᠷᠦᠭᠰᠡᠨ ᠤ ᠶᠠᠭᠤ ᠪᠢᠯᠡ᠂ ᠲᠠᠶᠢᠨ ᠤ ᠭᠠᠵᠠᠷ ᠶᠠᠪᠤᠬᠤ ᠠᠴᠠ ᠰᠠᠶᠢᠬᠠᠨ ᠶᠠᠭᠤᠮ᠎ᠠ ᠬᠠᠮᠢᠭ᠎ᠠ | ᠪᠠᠶᠢᠬᠤ ᠪᠤᠢ᠃ ᠦᠭᠦᠪᠡᠴᠦ ᠨᠡᠷ᠎ᠡ ᠲᠠᠢ ᠡᠰᠡ ᠦᠬᠦᠪᠡᠴᠦ ᠨᠢᠳᠡᠷ ᠲᠠᠢ ᠭᠡᠳᠡᠭ᠃ ᠮᠢᠨᠦ ᠲᠦᠯᠦᠭᠡ ᠰᠠᠨᠠᠭ᠎ᠠ ᠪᠠᠨ | ᠪᠢᠳᠡᠭᠡᠢ ᠵᠤᠪᠠᠭ᠎ᠠ᠂ ᠴᠢ ᠮᠢᠨᠢ ᠵᠢᠷᠦᠭᠡ ᠪᠠᠨ ᠪᠦᠭᠡᠴᠡᠶᠢᠯᠡᠬᠦ ᠦᠷ᠎ᠡ ᠲᠠᠢ ᠬᠦᠮᠦᠨ ᠰᠢᠦ ᠭᠡᠵᠦ ᠡᠬᠡᠨᠡᠷ ᠳᠡᠭᠡᠨ ᠬᠡᠯᠡᠵᠡᠢ᠃ | ᠤᠬᠢᠯᠡᠨ ᠪᠠᠶᠢᠬᠤ ᠡᠬᠡᠨᠡᠷ ᠢᠶᠠᠨ ᠲᠠᠶᠢᠳᠬᠤᠷᠠᠭᠤᠯᠬᠤ ᠲᠠᠢ᠂ ᠮᠡᠬᠡᠯᠡᠬᠦ ᠲᠢ ᠠᠷᠭᠠᠳᠠᠭᠠᠳ ᠱᠠᠯᠪᠢᠩ ᠦᠪᠡᠷ ᠢᠶᠠᠨ ᠴᠦ | ᠪᠤᠳᠤᠯ ᠪᠤᠯᠤᠭᠰᠠᠭᠠᠷ ᠪᠠᠶᠢᠪᠠ᠃ | ᠮᠢᠨᠦ ᠠᠪᠤ ᠰᠠᠩᠬᠢᠶᠡ ᠭᠡᠭᠴᠢ ᠲᠠᠶᠢᠨ ᠳᠤ ᠡᠷᠡᠰᠳᠡᠭᠰᠡᠨ ᠠᠴᠠ ᠡᠵᠢ ᠮᠢᠨᠢ ᠨᠠᠳᠠ ᠳᠤ ᠱᠠᠯᠪᠢᠩ ᠭᠡᠵᠦ ᠨᠡᠷ᠎ᠡ | ᠦᠭᠭᠦᠭᠰᠡᠨ᠂ ᠲᠠᠶᠢᠨ ᠳᠤ ᠮᠣᠷᠲᠠᠬᠤ ᠪᠠᠷ ᠪᠠᠶᠢᠭ᠎ᠠ ᠪᠢ ᠬᠦᠦ ᠳᠡᠭᠡᠨ ᠶᠠᠮᠠᠷ ᠨᠡᠷ᠎ᠡ ᠦᠭᠳᠡᠭ ᠪᠢᠯᠡ᠃ ᠡᠬᠡ | ᠦᠷ᠎ᠡ ᠠᠴᠠ ᠠᠶᠠᠷᠯᠠᠬᠤ ᠶᠢᠨ ᠤᠨᠢᠨ ᠲᠡᠭᠡᠷ᠎ᠡ ᠡᠮᠬᠡᠨᠢᠯ ᠲᠠᠢ ᠪᠠᠷ ᠨᠠᠰᠦ ᠪᠠᠷᠠᠭᠰᠠᠨ ᠡᠵᠢ ᠶᠢᠨ ᠬᠢᠨᠢ ᠲᠦᠷᠬᠦ ᠨᠢᠳᠦᠨ᠎ᠡ | ᠲᠡᠬᠢᠨ ᠲᠤᠳᠤᠷᠠᠭᠰᠠᠨ ᠢᠶᠠᠷ ᠰᠡᠳᠬᠢᠯ ᠨᠢ ᠶᠡᠷᠦ ᠪᠤᠰᠤ ᠪᠠᠷ ᠲᠤᠭᠳᠣᠯᠤᠨ ᠪᠤᠳᠤᠯ ᠠᠯᠭᠠᠰᠠᠵᠡᠢ᠃ ᠦᠯᠦ ᠮᠡᠳᠡᠭ | ᠴᠡᠴᠡᠷᠬᠢᠯᠡᠭᠰᠡᠨ ᠭᠠᠷ ᠢᠶᠠᠷ ᠨᠤᠮᠤ ᠰᠤᠮᠣ ᠪᠠᠨ ᠠᠪᠤᠯ᠎ᠠ᠃ ᠠᠪᠤ ᠶᠢᠨ ᠢᠶᠠᠨ ᠬᠤᠢ ᠨᠢ ᠲᠦᠯᠡᠭᠳᠡᠭᠰᠡᠨ ᠰᠡᠯᠡᠮ᠎ᠡ ᠶᠢ | ᠠᠪᠴᠦ ᠤᠳᠠᠳᠠᠯ᠎ᠠ ᠬᠠᠷᠠᠭᠰᠠᠨ ᠢᠶᠠᠨ᠂ | — ᠡᠪᠦᠭᠡ ᠶᠢᠨ ᠬᠢᠨᠢ ᠦᠯᠡᠳᠡᠭᠰᠡᠨ ᠡᠨ᠋ᠨ ᠰᠡᠯᠡᠮ᠎ᠡ ᠶᠢ ᠮᠢᠨᠦ ᠬᠦᠦ ᠳᠤ ᠬᠤᠵᠢᠮ ᠭᠡᠯᠡᠬᠦ ᠪᠠᠨ ᠮᠡᠳᠡᠭᠡᠷᠡᠢ | ᠭᠡᠳ ᠤᠨᠢᠨ ᠳᠤ ᠲᠠᠬᠢᠨ ᠬᠠᠪᠴᠢᠭᠤᠯᠵᠤ᠂ ᠮᠦᠩᠬᠦᠨ ᠲᠤᠪᠤᠷᠤᠤᠳᠤ ᠵᠤᠳᠤᠭ ᠢᠶᠠᠨ ᠠᠪᠤᠯ᠎ᠠ᠃ ᠡᠵᠢ ᠶᠢᠨ ᠢᠶᠠᠨ | ᠭᠠᠷ ᠲᠤ ᠠᠳᠬᠤᠭᠠᠰᠤᠲᠠᠢ ᠪᠠᠶᠢᠭᠰᠠᠨ ᠠᠮᠢᠨ ᠰᠠᠬᠢᠶ᠎ᠡ ᠶᠢ ᠭᠠᠷᠭᠠᠵᠤ ᠵᠤᠯᠠᠢ ᠲᠡᠭᠡᠷ᠎ᠡ ᠪᠠᠨ ᠠᠳᠢᠰᠯᠠᠭᠠᠳ᠂ ᠡᠨ᠋ᠨ ᠪᠣᠯ | ᠮᠢᠨᠦ ᠴᠤᠷ ᠤᠨ ᠭᠠᠭᠴᠨ ᠰᠢᠲᠦᠭᠡᠨ ᠶᠤᠮ᠃ ᠰᠠᠶᠢᠬᠠᠨ ᠬᠠᠳᠠᠭᠠᠯᠠᠵᠤ ᠪᠠᠶᠢᠭᠠᠷᠠᠢ ᠭᠡᠳ ᠪᠠᠷᠢᠭᠰᠠᠨ ᠢ ᠡᠬᠡᠨᠡᠷ ᠨᠢ | ᠲᠤᠯᠤᠭᠠᠢ ᠲᠤᠬᠢᠨ ᠭᠠᠷᠳᠠᠯ᠎ᠠ᠃ ᠶᠠᠭᠤ ᠪᠦᠭᠦᠨ ᠢ ᠡᠷᠬᠢᠵᠦ ᠢᠷᠡᠬᠦ ᠦᠭᠡᠢ ᠰᠢᠭ ᠬᠡᠯᠡᠬᠦ ᠳᠤᠨᠢ ᠡᠬᠡᠨᠡᠷ ᠤᠨ ᠰᠡᠳᠬᠢᠯ | ᠤᠶᠠᠷᠠᠨ ᠪᠠᠶᠢᠪᠠᠴᠦ ᠰᠤᠨᠤᠰᠬᠤ ᠯᠡ ᠬᠡᠷᠡᠭ ᠪᠤᠯᠵᠠᠢ᠃ | ᠁ ᠰᠠᠮᠤᠬ᠎ᠠ ᠁ ᠣᠴᠠᠷᠠᠯ᠂ ᠡᠷ᠎ᠡ ᠬᠦᠮᠦᠨ ᠳᠤ ᠵᠣᠬᠢᠬᠤ ᠦᠭᠡᠢ ᠁ ᠰᠦᠮᠪᠦᠷ ᠭᠡᠵᠦ ᠴᠢᠮᠠᠶᠢ | ᠨᠡᠷᠡᠯᠡᠶ᠎ᠡ᠃ ᠴᠠᠭ ᠲᠤᠳᠤᠮ ᠰᠤᠭᠤᠷᠠᠵᠤ᠂ ᠡᠳᠦᠷ ᠲᠤᠳᠤᠮ ᠦᠰᠴᠦ ᠤᠯᠠᠨ ᠤ ᠲᠣᠮᠳᠠ ᠪᠠᠨ ᠤᠷᠦ᠋ᠢᠯᠠᠬᠤ ᠶᠢᠨ | ᠵᠠᠶᠠᠭ᠎ᠠ ᠪᠠᠷ ᠡᠷ᠎ᠡ ᠬᠦᠮᠦᠨ ᠪᠤᠯᠤᠨ ᠲᠤᠷᠨᠢᠵᠤ᠂ ᠡᠵᠢ ᠶᠢᠨ ᠢᠶᠠᠨ ᠬᠠᠮᠲᠦ ᠡᠴᠢᠭᠡ ᠨᠠᠮᠠᠶᠢ ᠪᠠᠨ ᠭᠦᠯᠢᠶᠡᠵᠦ ᠪᠠᠢ᠂ | ᠭᠦᠯᠢᠶᠡᠨ᠎ᠡ ᠤᠤ︖ ᠦ ᠭᠦᠯᠢᠶᠡᠨ᠎ᠠ᠃ | — ᠠᠪᠤ ᠰᠠᠶᠢᠨ ᠶᠠᠪᠤᠭᠠᠳ ᠰᠠᠭᠠᠷᠠᠯ ᠦᠭᠡᠢ ᠢᠷᠡᠭᠡᠷᠡᠢ ᠭᠡᠵᠦ ᠬᠦᠦ ᠮᠢᠨᠢ ᠬᠡᠯᠡᠵᠦ ᠪᠠᠶᠢᠯ᠎ᠠ᠃ | — ᠴᠢᠨᠦ ᠢᠷᠦᠭᠡᠯ ᠲᠤᠭᠲᠠᠬᠤ ᠪᠤᠯᠲᠣᠭᠠᠢ ᠭᠡᠳ ᠭᠠᠷᠴᠦ ᠤᠴᠢᠭᠰᠠᠨ ᠡᠴᠢᠭᠡ ᠨᠢ ᠨᠢᠳᠤᠷᠭᠠᠨ ᠴᠢᠨᠡᠭᠡᠨ | ᠤᠯᠠᠭᠠᠨ ᠴᠢᠯᠠᠭᠤ ᠠᠪᠴᠢᠷᠡᠨ ᠭᠤᠯᠤᠮᠳᠠ ᠶᠢᠨ ᠲᠤᠤᠷ᠎ᠡ ᠪᠤᠯᠠᠵᠤ ᠲᠠᠯᠪᠢᠭᠠᠳ᠂ ᠡᠪᠦᠯ ᠵᠤᠨ ᠦᠭᠡᠢ ᠭᠤᠯᠤᠮᠳᠠ ᠪᠠᠨ | ᠪᠢᠳᠡᠭᠡᠢ ᠤᠨᠲᠠᠷᠠᠭᠠᠷᠡᠢ᠂ ᠡᠨ᠋ᠨ ᠴᠢᠯᠠᠭᠤ ᠮᠢᠨᠢ ᠭᠠᠯ ᠪᠤᠯᠤᠨ ᠲᠦᠷᠡᠯᠵᠡᠵᠦ ᠪᠠᠶᠢᠭᠰᠠᠨ ᠴᠠᠭ ᠲᠤ ᠡᠷ᠎ᠡ ᠨᠦᠭᠦᠷ ᠴᠢᠨᠢ | ᠠᠲᠡᠯ ᠦᠭᠡᠢ ᠡᠷᠬᠢᠵᠦ ᠢᠷᠡᠭᠡᠳ ᠡᠩᠬᠡ ᠲᠤᠩᠬ᠎ᠠ ᠡᠬᠡ ᠬᠦᠦ ᠬᠤᠶᠠᠷ ᠲᠠᠢ ᠪᠠᠨ ᠠᠭᠤᠯᠵᠠᠬᠤ ᠶᠤᠮ ᠭᠡᠳ ᠭᠠᠷᠴᠦ | ᠮᠣᠷᠢᠨ ᠳᠠᠭᠠᠨ ᠮᠤᠷᠳᠠᠪᠠ᠃ | ᠬᠤᠷᠤᠯᠠᠢ ᠨᠤᠶᠡᠨ ᠤ ᠲᠠᠶᠢᠴᠢᠯᠠᠭᠰᠠᠨ ᠦᠭᠡᠯᠡᠳ ᠴᠡᠷᠢᠭ ᠵᠡᠭᠦᠨᠰᠢ ᠬᠠᠨᠳᠤᠨ ᠠᠶᠠᠯᠠᠪᠠ᠃ ᠡᠨ᠋ᠨ ᠨᠢ ᠬᠠᠷᠢᠨ | ᠤᠯᠠᠨ ᠤ ᠰᠠᠨᠠᠭᠠᠨ ᠳᠤ ᠦᠭᠡᠢ ᠬᠡᠷᠡᠭ ᠪᠠᠶᠢᠯ᠎ᠠ᠃ ᠨᠡᠩ ᠴᠦ ᠭᠠᠶᠢᠬᠠᠮᠠᠷ ᠨᠢ ᠵᠣᠷᠰᠢᠯ ᠶᠤᠰᠤᠭᠠᠷ ᠲᠤᠭ ᠲᠠᠬᠢᠭᠰᠠᠨ | ᠦᠭᠡᠢ᠃ ᠭᠡᠪᠡᠴᠦ ᠲᠡᠷᠡ ᠨᠢ ᠰᠤᠨᠢᠨ ᠬᠡᠷᠡᠭ ᠪᠢᠰᠢ ᠪᠠᠶᠢᠪᠡ᠃ ᠲᠦᠷᠦᠭᠦᠦ ᠬᠤᠶᠡᠷ ᠤᠳᠠᠭᠠᠨ ᠤ ᠲᠠᠶᠢᠨ ᠳᠤ | ᠮᠣᠷᠳᠠᠬᠤ ᠳᠠᠭᠠᠨ ᠬᠤᠶᠡᠷ ᠴᠦ ᠭᠦᠮᠦᠨ ᠢ ᠨᠣᠲᠤᠭ ᠲᠠᠭᠠᠨ ᠠᠮᠢᠯᠠᠭᠤᠯᠤᠭᠰᠠᠨ ᠪᠤᠯᠪᠠᠴᠦ ᠦᠬᠦᠵᠦ ᠰᠡᠬᠡᠬᠦ ᠪᠠᠨ | ᠦᠵᠡᠯᠴᠡᠮᠡᠷ ᠠᠶᠤᠮᠰᠢᠭᠲᠤ ᠲᠤᠯᠣᠯᠳᠣᠭᠠᠨ ᠢ ᠦᠵᠡᠭᠰᠡᠨ ᠦᠭᠡᠢ ᠪᠤᠴᠠᠵᠦ ᠪᠢᠯᠡ᠃ | — ᠭᠠᠯᠳᠡᠨ ᠪᠤᠱᠤᠭᠳᠣ ᠶᠢ ᠤᠷᠬᠢᠭᠠᠳ ᠶᠠᠮᠡᠷ ᠡᠴᠢᠭᠡ ᠲᠠᠢ ᠪᠠᠨ ᠲᠠᠶᠢᠯᠠᠯᠳᠤᠬᠤ ᠭᠡᠵᠦ ᠪᠠᠶᠢᠭ᠎ᠠ ᠪᠤᠢ᠂ | ᠵᠦᠭ ᠤᠨ ᠮᠠᠭᠤ ᠨᠢ ᠵᠡᠭᠦᠨ ᠬᠤᠶᠢᠨ᠎ᠠ ᠠᠴᠠ ᠮᠢᠬᠠᠴᠢᠨ ᠮᠠᠩᠭᠤᠰ ᠪᠤᠰᠪᠠ ᠤᠤ ᠭᠡᠵᠦ ᠬᠡᠨ ᠨᠢᠭᠡᠨ ᠤ ᠬᠢᠨᠢ ᠬᠡᠯᠡᠭᠰᠡᠨ | ᠦᠭᠡ ᠶᠢ ᠤᠶᠢᠰᠢᠶᠠᠵᠤ ᠶᠠᠳᠠᠭᠰᠠᠨ ᠭᠡᠯᠳᠡᠢ ᠠᠨᠢᠷ ᠴᠢᠮᠡᠭᠡ ᠦᠭᠡᠢ ᠪᠠᠶᠢᠭᠰᠠᠨ ᠲᠤᠯᠠ᠃ | — ᠮᠤᠩᠭᠤᠯ ᠨᠣᠲᠤᠭ ᠤᠨ ᠭᠦᠷᠦᠰᠦ ᠶᠢ ᠮᠤᠩᠭᠤᠯ ᠤᠨ ᠴᠢᠰᠦ ᠪᠠᠷ ᠰᠢᠨᠡᠳᠭᠡᠬᠦ ᠭᠡᠵᠦ ᠪᠠᠶᠢᠭ᠎ᠠ ᠤᠤ᠂ | ᠮᠠᠨᠵᠤ ᠨᠡᠷ᠎ᠡ ᠲᠠᠢ ᠬᠢᠲᠠᠳ ᠴᠡᠷᠢᠭ ᠨᠢ ᠦᠬᠦᠵᠦ ᠪᠠᠷᠠᠭᠳᠠᠭᠠᠳ ᠮᠤᠩᠭᠤᠯ ᠪᠢᠳᠡᠨ ᠢ ᠪᠠᠮᠪᠠᠢ ᠪᠤᠯᠭᠠᠬᠤ ᠪᠠᠷ ᠪᠠᠶᠢᠨ᠎ᠠ | ᠤᠤ︖ ᠭᠡᠵᠦ ᠦᠨᠦ ᠣᠷᠬᠢᠶᠡ ᠠᠬ᠎ᠠ ᠲᠦᠷᠦᠭᠡᠨ ᠲᠡᠭᠡᠷ᠎ᠡ ᠪᠠᠨ ᠦᠨᠳᠡᠯᠵᠡᠨ ᠬᠡᠯᠡᠭᠡᠳ ᠴᠢᠮᠡᠭᠡ ᠦᠭᠡᠢ ᠪᠠᠶᠢᠬᠤ ᠪᠠᠷ | ᠦᠭᠡ ᠪᠠᠨ ᠵᠠᠯᠭᠠᠵᠤ᠂ | — ᠭᠠᠯᠳᠡᠨ ᠪᠤᠱᠤᠭᠳᠤ ᠠᠴᠠ ᠦᠭᠡᠷ᠎ᠡ ᠠᠯᠢ ᠡᠴᠢᠭᠡ ᠶᠢᠨ ᠬᠦᠦ ᠨᠢ ᠡᠵᠡᠨ ᠬᠠᠭᠠᠨ ᠤ ᠵᠦᠭ ᠨᠢᠳᠤᠷᠭ᠎ᠠ | ᠲᠠᠯᠠᠶᠢᠪᠠ︖ ᠲᠠᠶᠢᠮᠦ ᠰᠦᠰᠦ ᠲᠠᠢ ᠡᠷ᠎ᠡ ᠪᠠᠶᠢᠳᠠᠭ ᠶᠤᠮ ᠤᠤ᠃ | ᠡᠯᠳᠡᠪ ᠢᠶᠠᠷ ᠲᠠᠭᠠᠮᠠᠭᠯᠠᠵᠤ ᠶᠡᠳᠡᠨ ᠪᠠᠷᠣᠭᠠᠷ ᠴᠢᠷᠠᠶᠢᠯᠠᠭᠰᠠᠨ ᠬᠦᠮᠦᠰ ᠤᠨ ᠲᠣᠮᠳᠠ ᠨᠢᠰᠣ ᠨᠢ ᠲᠠᠲᠠᠭᠤᠷᠡᠨ | ᠲᠦᠷᠬᠦ ᠲᠤᠭᠳᠠᠭᠰᠠᠨ ᠪᠠᠭᠠᠷᠠᠩ ᠬᠦᠦ ᠯᠡ ᠵᠠᠯᠠᠭᠤ ᠬᠦᠮᠦᠨ ᠤ ᠴᠤᠭ ᠵᠠᠯᠢ ᠪᠠᠳᠠᠷᠠᠭᠤᠯᠤᠨ᠂ ᠱᠠᠯᠪᠢᠩ ᠤᠨ ᠬᠠᠮᠳᠤ | ᠲᠦᠷᠦᠭᠡ ᠬᠠᠷᠰᠢᠭᠤᠯᠤᠨ ᠪᠠᠶᠢᠪᠠ᠃ | ᠬᠠᠪᠤᠷ ᠤᠨ ᠡᠳᠦᠷ ᠴᠦ ᠣᠷᠲᠦ ᠭᠡᠯᠡ᠂ ᠵᠠᠮ ᠤᠨ ᠬᠤᠯᠠ ᠶᠢ ᠶᠠᠭᠠᠬᠢᠨ᠎ᠠ ᠭᠡᠬᠦ ᠪᠣᠢ᠃ ᠨᠠᠷᠠ ᠨᠤᠭᠤᠭᠠᠨ ᠳᠤ | ᠭᠦᠷᠴᠦ ᠠᠮᠵᠢᠭ᠎ᠠ ᠦᠭᠡᠢ ᠰᠢᠷᠪᠦᠰᠦ ᠰᠤᠨᠤᠭᠰᠠᠨ ᠤᠨᠤᠭᠠᠨ ᠤ ᠠᠶ᠎ᠠ ᠪᠠᠷ ᠦᠨᠵᠢᠵᠦ ᠬᠤᠨᠤᠭᠠᠳ ᠠᠶᠠᠯᠡᠨ ᠶᠠᠪᠤᠭ᠎ᠠ | ᠴᠡᠷᠢᠭ ᠤᠨ ᠴᠤᠪᠤᠭ᠎ᠠ᠂ ᠮᠤᠩᠭᠤᠯ ᠨᠣᠲᠤᠭ ᠢᠶᠠᠨ ᠭᠡᠵᠦ ᠤᠷᠠᠳ ᠤᠨ ᠬᠤᠶᠡᠷ ᠬᠤᠰᠢᠭᠤ ᠶᠢ ᠬᠦᠨᠳᠡᠯᠡᠨ | ᠲᠤᠭᠤᠯᠤᠭᠠᠳ᠂ ᠲᠠᠷᠬᠠᠨ ᠮᠣᠣᠮᠢᠩᠭᠠᠨ ᠤ ᠬᠢᠵᠠᠭᠠᠷ ᠢᠶᠠᠷ ᠤᠷᠤᠭᠰᠠᠨ ᠡᠳᠦᠷ ᠢᠶᠠᠨ ᠪᠠᠴᠢᠮ ᠮᠡᠳᠡᠭᠡ ᠤᠯᠤᠭᠠᠳ | ᠲᠦᠢᠮᠡᠷ ᠲᠤ ᠲᠠᠭᠤᠭᠳᠠᠭᠰᠠᠨ ᠰᠢᠭ᠋ ᠲᠦᠷᠦᠭᠡᠨ ᠲᠡᠭᠡᠷ᠎ᠡ ᠪᠠᠨ ᠦᠨᠳᠡᠯᠵᠡᠨ ᠤᠷᠣᠭᠰᠢᠯᠠᠪᠠ᠃ | ᠤᠯᠠᠨ ᠤ ᠡᠮᠦᠨ᠎ᠡ ᠠᠴᠠ ᠡᠪᠦᠭᠡᠨ ᠨᠤᠶᠡᠨ ᠤ ᠰᠠᠨᠲᠦᠷᠴᠦ ᠪᠠᠶᠢᠬᠤ ᠶᠢ ᠶᠠᠭᠠᠬᠢᠬᠤ ᠪᠤᠢ᠂ ᠨᠤᠶᠡᠨ ᠤ | ᠡᠮᠦᠨ᠎ᠡ ᠠᠴᠠ ᠵᠢᠷᠤᠭ᠎ᠠ ᠭᠤᠴᠢᠭ᠎ᠠ ᠶᠢᠨ ᠬᠦᠭᠰᠡᠵᠦ ᠪᠠᠶᠢᠬᠤ ᠴᠦ ᠬᠡᠴᠡᠬᠦᠦ᠃ ᠲᠡᠷᠨ ᠪᠦᠭᠦᠨ ᠢ ᠲᠤᠭᠤᠵᠤ | ᠶᠠᠳᠠᠭᠰᠠᠨ ᠬᠠᠪᠤᠷ ᠤᠨ ᠨᠠᠷᠠ ᠨᠢ ᠬᠠᠯᠠᠬᠤ ᠪᠠᠷ ᠢᠶᠠᠨ ᠬᠠᠯᠠᠵᠤ ᠨᠢᠭᠡ ᠵᠤᠪᠠᠭᠠᠭᠠᠳ᠂ ᠬᠤᠯᠪᠤᠷᠢᠬᠤ ᠪᠠᠷ ᠢᠶᠠᠨ | ᠬᠤᠯᠪᠤᠷᠢᠵᠤ ᠨᠢᠭᠡ ᠪᠠᠴᠢᠮᠳᠠᠭᠤᠯᠬᠤ ᠨᠢ ᠪᠠᠰᠠᠴᠦ ᠬᠠᠯᠠ ᠲᠠᠢ᠃ ᠴᠡᠷᠢᠭ ᠤᠳ ᠤᠨ ᠤᠨᠤᠭᠰᠠᠨ ᠮᠤᠷᠢᠳ ᠤᠨ | ᠦᠷᠪᠦᠬᠡᠨᠡᠭᠦ ᠨᠢ ᠤᠯᠠᠳᠠᠭᠠᠳ ᠬᠠᠲᠠᠷᠢᠬᠤ ᠨᠢ ᠴᠦᠭᠡᠷᠡᠵᠡᠢ᠃ ᠵᠠᠮ ᠤᠨ ᠬᠤᠯᠠ ᠶᠢ ᠶᠠᠪᠤᠵᠤ ᠶᠠᠳᠠᠨ ᠶᠠᠪᠤᠭ᠎ᠠ | ᠡᠪᠦᠭᠡᠨ ᠨᠤᠶᠡᠨ ᠤ ᠭᠦᠭᠰᠢᠨ ᠬᠡᠩᠭᠦᠳᠡᠭ ᠭᠦᠭᠡᠷᠦᠦ ᠵᠠᠩ ᠬᠦᠴᠦ ᠲᠡᠩᠴᠡᠵᠦ ᠶᠠᠳᠠᠭᠠᠳ᠂ ᠲᠠᠰᠢᠶ᠎ᠡ ᠰᠤᠯᠢᠬᠤ ᠨᠢ | ᠤᠯᠠᠰᠢᠷᠠᠭᠰᠠᠨ ᠢᠶᠠᠨ ᠠᠶᠢᠯ ᠤᠨ ᠪᠠᠷ᠎ᠠ ᠪᠠᠷ ᠵᠢᠯᠣᠭᠤ ᠪᠠᠨ ᠲᠠᠳᠠᠰᠬᠢᠪᠡ᠃ ᠰᠠᠨᠠᠭ᠎ᠠ ᠶᠢ ᠨᠢ ᠦᠵᠡᠨ | ᠭᠠᠳᠠᠷᠯᠠᠭᠰᠠᠨ ᠵᠢᠷᠤᠭ᠎ᠠ ᠸᠠᠩᠵᠢᠯ ᠭᠡᠳᠦᠨ ᠬᠦᠮᠦᠨ ᠨᠡᠷᠡᠯᠡᠵᠦ ᠲᠠᠭᠠᠭᠤᠯᠤᠭᠠᠳ ᠨᠣᠬᠠᠢ ᠦᠢᠮᠡᠭᠦᠯᠦᠨ ᠠᠶᠢᠯ ᠤᠨ | ᠭᠠᠳᠠᠨ᠎ᠠ ᠣᠴᠢᠯ᠎ᠠ᠃ | ᠭᠡᠳᠦᠨ ᠭᠡᠷ ᠡᠩᠨᠡᠭᠦᠯᠦᠭᠰᠡᠨ ᠪᠠᠶᠡᠨ ᠴᠦ ᠠᠶᠢᠯ ᠪᠠᠶᠢᠪᠠ᠃ ᠬᠠᠩᠭᠠᠢ ᠲᠡᠷᠭᠡ ᠶᠢ ᠴᠦᠷᠬᠦ ᠲᠠᠢ ᠲᠡᠮᠡᠭᠡ ᠰᠢᠭ | ᠤᠭᠰᠠᠷᠠᠭᠤᠯᠤᠭᠠᠳ᠂ ᠬᠤᠪᠣᠷᠬᠠᠨ ᠬᠠᠷᠠᠭᠳᠠᠳᠠᠭ ᠰᠡᠦᠭᠡ ᠲᠡᠷᠭᠡ ᠶᠢ ᠴᠦ ᠭᠡᠷ ᠤᠨ ᠬᠠᠶᠠᠭᠠᠨ ᠳᠤ ᠵᠤᠭᠰᠤᠭᠠᠵᠠᠢ᠃ | ᠲᠡᠮᠡᠭᠡᠨ ᠬᠦᠰᠭᠡ ᠠᠶᠠᠨ ᠲᠡᠭᠡᠭᠡᠪᠦᠷᠢ ᠶᠢᠨ ᠭᠦᠯ ᠵᠠᠯᠭᠠᠳᠠᠭ ᠠᠯᠠᠱᠠ ᠳᠤ ᠪᠣᠯ ᠦᠵᠡᠭᠡᠳ ᠦᠭᠭᠦᠶ᠎ᠡ ᠭᠡᠪᠡᠴᠦ | ᠠᠶᠢᠯ ᠤᠨ ᠭᠠᠳᠠᠨ᠎ᠠ ᠬᠠᠷᠠᠭᠳᠠᠬᠤ ᠡᠳ᠋ ᠪᠢᠰᠢ ᠰᠢᠦ᠃ | — ᠰᠡᠦᠭᠡ ᠲᠡᠷᠭᠡ ᠶᠢ ᠴᠢᠨᠢ ᠤᠯᠠᠭ᠎ᠠ ᠳᠤ ᠪᠠᠷᠢᠬᠤ ᠬᠡᠷᠡᠭ ᠲᠠᠢ ᠪᠤᠯᠤᠯ᠎ᠠ ᠭᠡᠵᠦ ᠤᠨᠤᠭ᠎ᠠ ᠲᠠᠢ ᠪᠠᠨ | ᠡᠭᠦᠳᠡᠨ ᠳᠤᠨᠢ ᠵᠠᠪᠳᠤᠵᠤ ᠭᠦᠷᠦᠭᠰᠡᠨ ᠵᠢᠷᠤᠭ᠎ᠠ ᠸᠠᠩᠵᠢᠯ ᠤᠨ ᠦᠭᠡ ᠪᠠᠷ ᠭᠠᠶᠢᠬᠠᠵᠤ ᠵᠤᠭᠰᠤᠭ᠎ᠠ ᠡᠬᠡᠨᠡᠷ ᠡᠷᠬᠢᠨ | ᠤᠷᠤᠵᠤ ᠤᠴᠢᠭᠠᠳ᠂ ᠡᠷ᠎ᠡ ᠬᠠᠷ᠎ᠠ ᠬᠦᠮᠦᠨ ᠨᠢ ᠰᠠᠨᠳᠤᠷᠤᠭᠠᠳ ᠭᠠᠷᠴᠦ ᠢᠷᠡᠪᠠ᠃ | — ᠬᠠᠷᠠᠴᠦ ᠶᠢᠨ ᠡᠭᠦᠳᠡᠨ ᠳᠤ ᠦᠢᠮᠡᠭᠦᠯᠵᠦ᠂ ᠬᠠᠭᠠᠨ ᠤ ᠵᠠᠷᠯᠢᠭ ᠠᠴᠠ ᠲᠡᠷᠰᠯᠡᠵᠦ ᠶᠠᠪᠤᠭ᠎ᠠ ᠶᠠᠭᠤᠨ | ᠤᠯᠤᠰ ᠪᠣᠢ︖ ᠴᠡᠷᠢᠭ ᠶᠤᠮ ᠪᠣᠯ ᠴᠡᠷᠢᠭ ᠤᠨ ᠵᠠᠮ ᠢᠶᠠᠷ ᠢᠶᠠᠨ ᠵᠠᠯᠠᠷᠠᠨ᠎ᠠ ᠪᠢᠵᠡ ᠭᠡᠳ ᠦᠨᠳᠦᠷ ᠡᠷ᠎ᠡ ᠲᠠᠩᠴᠦ | ᠨᠢᠭᠡ ᠲᠤᠭᠤᠵᠤ ᠶᠠᠳᠡᠨ ᠪᠠᠶᠢᠯ᠎ᠠ᠃ | — ᠲᠠᠶᠢᠨ ᠢ ᠲᠠᠶᠠᠭᠠᠷ᠂ ᠣᠯᠵᠠ ᠶᠢ ᠤᠯᠠᠨ ᠢᠶᠠᠷ ᠭᠡᠰᠡᠨ ᠢ ᠮᠡᠳᠡᠳᠡᠭ ᠦᠭᠡᠢ ᠶᠤᠮ ᠤᠤ︖ | — ᠬᠤᠰᠢᠭᠤ ᠮᠠᠶᠢᠷᠡᠨ ᠪᠢ ᠡᠶᠢᠮᠦ ᠦᠭᠡ ᠶᠢ ᠴᠢᠮ᠎ᠡ ᠪᠠᠷ ᠵᠢᠭᠠᠯᠭᠠᠬᠤ ᠦᠭᠡᠢ᠃ | — ᠮᠠᠶᠢᠷᠡᠨ ᠶᠤᠮ ᠪᠣᠯ ᠬᠠᠭᠠᠨ ᠤ ᠴᠡᠷᠢᠭ ᠠᠴᠠ ᠬᠠᠷᠠᠮᠨᠠᠬᠤ ᠶᠠᠭᠤᠮ᠎ᠠ ᠪᠠᠶᠢᠬᠤ ᠦᠭᠡᠢ ᠪᠢᠵᠡ᠂ ᠲᠦᠷᠭᠡᠨ | ᠬᠦᠳᠡᠯᠵᠡᠭᠡ᠃ | — ᠬᠠᠭᠠᠨ ᠤ ᠨᠡᠷ᠎ᠡ ᠪᠠᠷ ᠡᠷ᠎ᠡ ᠵᠣᠷᠢᠭ ᠲᠠᠢ ᠪᠣᠯ ᠨᠡᠷ᠎ᠡ ᠪᠠᠨ ᠦᠯᠡᠳᠡᠭᠡᠬᠦ ᠠᠴᠠ ᠬᠠᠯᠢᠷᠠᠬᠤ ᠦᠭᠡᠢ ᠪᠢᠵᠡ᠃ | — ᠠᠯᠠᠱᠠ ᠦᠭᠡᠯᠡᠳ ᠬᠤᠰᠢᠭᠤᠨ ᠤ ᠪᠠᠶᠢᠯ᠎ᠠ ᠨᠤᠶᠡᠨ ᠬᠤᠷᠣᠯᠠᠢ ᠭᠡᠰᠡᠨ ᠢ ᠴᠡᠭᠡᠵᠢᠯᠡᠵᠦ ᠶᠠᠪᠤᠭᠠᠷᠠᠢ ᠭᠡᠵᠦ | ᠭᠤᠴᠢᠭ᠎ᠠ ᠨᠢ ᠰᠠᠨᠠᠭᠤᠯᠵᠠᠢ᠃ | — ᠨᠤᠶᠡᠨ ᠤ ᠴᠢᠨᠢ ᠲᠤᠯᠤᠭᠠᠢ ᠶᠢ ᠲᠠᠭᠠᠷᠢᠵᠦ ᠡᠰᠡ ᠴᠢᠳᠠᠪᠠᠴᠦ ᠭᠤᠴᠢᠭ᠎ᠠ ᠴᠢᠨᠣ ᠭᠦᠯ ᠢ ᠲᠠᠭᠠᠷᠢᠬᠤ | ᠠᠷᠭ᠎ᠠ ᠪᠠᠨ ᠪᠢ ᠤᠯᠵᠣ ᠴᠢᠳᠠᠨ᠎ᠡ ᠰᠢᠦ᠃ | — ᠭᠠᠯᠳᠡᠨ ᠤ ᠭᠠᠷ ᠭᠦᠯ ᠢ ᠲᠠᠭᠠᠷᠢᠵᠦ ᠲᠠᠯᠪᠢᠭᠠᠳ ᠵᠠᠪ ᠲᠠᠢ ᠪᠤᠯᠤᠭᠰᠠᠨ ᠬᠤᠶᠢᠨ᠎ᠠ ᠬᠡᠨ ᠨᠢ ᠬᠡᠨ ᠤ ᠪᠠᠨ | ᠲᠤᠷᠡᠳᠠᠢ ᠭᠠᠵᠡᠷ ᠢ ᠲᠠᠭᠠᠷᠢᠬᠤ ᠪᠠᠨ ᠬᠡᠯᠡᠯᠴᠡᠶ᠎ᠡ᠃ ᠲᠡᠷᠭᠡ ᠪᠠᠨ ᠬᠠᠷᠠᠮ ᠦᠭᠡᠢ ᠲᠤᠰᠠᠯᠠᠭᠰᠠᠨ ᠮᠠᠶᠢᠷᠡᠨ ᠲᠠᠨ ᠳᠤ | ᠬᠢᠯᠠᠶᠢᠯᠡ᠃ | ᠬᠠᠭᠠᠨ ᠤ ᠴᠡᠷᠢᠭ ᠤᠨ ᠨᠡᠷ᠎ᠡ ᠪᠠᠷᠢᠨ ᠲᠠᠯᠪᠢᠨ ᠤᠯᠤᠭᠰᠠᠨ ᠰᠡᠦᠭᠡ ᠲᠡᠷᠭᠡᠨ ᠳᠤ ᠨᠤᠶᠡᠨ ᠢ ᠵᠠᠯᠠᠵᠤ | ᠰᠠᠭᠤᠯᠭᠠᠭᠰᠠᠨ ᠪᠢᠰᠢ ᠵᠠᠯᠠᠷᠠᠵᠤ ᠶᠠᠪᠤᠭ᠎ᠠ ᠴᠡᠷᠢᠭ ᠤᠨ ᠴᠤᠪᠤᠭ᠎ᠠ ᠤᠯᠠᠮ ᠢᠶᠠᠷ ᠰᠤᠨᠤᠨ ᠤᠷᠲᠦᠰᠴᠡᠢ᠃ ᠬᠠᠶᠠ | ᠲᠠᠭᠠᠷᠠᠬᠤ ᠠᠶᠢᠯ ᠤᠳ ᠢ ᠤᠲᠤᠷ ᠤᠨ ᠬᠠᠯᠬ᠎ᠠ ᠤᠤ᠂ ᠰᠠᠭᠤᠷᠢᠨ ᠰᠦᠨᠢᠳ ᠤᠤ ᠭᠡᠵᠦ ᠢᠯᠭᠠᠯ ᠦᠭᠡᠢ ᠤᠯᠠᠭ᠎ᠠ | ᠮᠣᠷᠢ ᠪᠠᠷᠢᠭᠰᠠᠭᠠᠷ ᠪᠠᠶᠢᠵᠦ ᠭᠦᠮᠦᠨ ᠤ ᠨᠢᠭᠡ ᠭᠦᠲᠦᠯᠦᠭᠡ ᠮᠣᠷᠢ ᠲᠠᠢ ᠪᠤᠯᠤᠭᠰᠠᠨ ᠠᠴᠠ ᠡᠳᠦᠷ ᠰᠦᠨᠢ ᠦᠭᠡᠢ | ᠲᠤᠭᠰᠢᠭᠤᠯᠤᠨ ᠪᠠᠶᠢᠵᠦ ᠪᠤᠯᠵᠤᠭᠰᠠᠨ ᠭᠠᠵᠠᠷ ᠲᠠᠭᠠᠨ ᠬᠦᠷᠬᠦ ᠳᠤ ᠤᠯᠠᠭᠠᠨ ᠪᠤᠲᠣᠩ ᠤᠨ ᠲᠤᠯᠤᠯᠳᠤᠭᠠᠨ | ᠦᠩᠭᠡᠷᠡᠭᠡᠳ ᠭᠤᠷᠪᠠ ᠬᠤᠨᠤᠵᠤ ᠪᠠᠶᠢᠵᠡᠢ᠃ ᠭᠠᠯᠳᠡᠨ ᠪᠤᠱᠤᠭᠳᠤ ᠲᠠᠷᠤᠭᠳᠠᠭᠰᠠᠨ ᠪᠢᠰᠢ᠂ ᠵᠢᠭᠤᠳᠠᠵᠦ | ᠠᠷᠢᠯᠤᠭᠰᠠᠨ ᠰᠤᠷᠠᠭ ᠲᠠᠢ᠃ ᠬᠦᠨᠳᠡᠢ ᠬᠤᠭᠤᠯᠠᠢ ᠳᠤ ᠪᠦᠭᠯᠡᠷᠡᠨ ᠤᠯᠠᠨ ᠵᠠᠭᠤᠨ ᠮᠠᠶᠢᠬᠠᠨ ᠤ ᠴᠢᠯᠦᠭᠡᠨ ᠳᠤ | ᠵᠤᠭᠰᠣᠯ ᠦᠭᠡᠢ ᠦᠢᠮᠡᠯᠳᠤᠭᠦ ᠤᠯᠠᠨ ᠬᠦᠮᠦᠰ ᠡᠭᠦᠷ ᠢᠶᠠᠨ ᠰᠡᠳᠡᠯᠦᠭᠦᠯᠦᠭᠰᠡᠨ ᠰᠢᠷᠭᠤᠯᠵᠢ ᠭᠡᠮᠡᠷ ᠪᠤᠵᠢᠬᠢᠨᠠᠨᠡ᠃ | ᠬᠦᠨᠳᠠᠢ ᠠᠮᠠ ᠲᠠᠢ ᠶᠡᠭᠡ ᠫᠤᠤ ᠨᠤᠭᠤᠳ ᠢ ᠬᠤᠶᠢᠰᠢ ᠬᠠᠷᠠᠭᠤᠯᠤᠨ ᠨᠢᠭᠡ ᠮᠦᠷ ᠢᠶᠠᠷ ᠵᠢᠭᠰᠠᠭᠠᠵᠤ ᠭᠡᠳᠦᠨ ᠭᠠᠵᠡᠷ | ᠦᠷᠭᠦᠯᠵᠢᠯᠡᠭᠦᠯᠦᠭᠰᠡᠨ ᠨᠢ ᠬᠠᠨᠳᠤᠭᠰᠠᠨ ᠵᠦᠭ ᠤᠨ ᠲᠠᠶᠢᠰᠦᠨ ᠢ ᠬᠤᠪᠬᠤ ᠲᠠᠷᠣᠬᠤ ᠳᠤ ᠪᠡᠯᠡᠭᠡᠨ ᠪᠠᠶᠢᠬᠤ ᠰᠢᠭ᠋ | ᠤᠩᠭᠤᠶᠢᠵᠦ ᠠᠩᠭᠠᠶᠢᠭᠠᠳ ᠪᠠᠭ᠋ᠠᠨ ᠰᠦᠷ ᠲᠠᠢ ᠬᠠᠷᠠᠭᠳᠠᠵᠤ ᠪᠠᠶᠢᠵᠡᠢ᠃ ᠨᠢᠭᠡ ᠪᠤᠳᠤᠪᠠᠯ ᠪᠠᠰᠠᠴᠦ ᠤᠮᠤᠭᠰᠢᠯ | ᠲᠦᠷᠦᠭᠦᠯᠬᠦ ᠠᠵᠢ᠃ | — ᠮᠠᠨ ᠤ ᠶᠡᠭᠡ ᠴᠡᠷᠢᠭ ᠭᠠᠯᠲᠤ ᠫᠤᠤ ᠪᠠᠷ ᠵᠡᠪᠰᠡᠭᠯᠡᠭᠰᠡᠨ ᠶᠤᠮ᠃ ᠲᠡᠷᠨ ᠪᠣᠯ ᠭᠠᠯᠳᠡᠨ ᠲᠠᠶᠢᠵᠢ ᠶᠢ | ᠡᠭᠦᠷ ᠢᠶᠠᠷ ᠨᠢ ᠬᠢᠲᠣᠬᠤ ᠬᠠᠮᠤᠭ ᠤᠨ ᠭᠦᠴᠦᠲᠦ ᠵᠡᠪᠰᠡᠭ ᠮᠦᠨ ᠭᠡᠳᠡᠭ ᠢ ᠲᠠᠨᠠᠷ ᠣᠳᠠᠯ ᠦᠭᠡᠢ ᠨᠢᠳᠦ ᠪᠠᠷ ᠢᠶᠠᠨ | ᠣᠯᠵᠣ ᠬᠠᠷᠠᠬᠤ ᠪᠤᠯᠤᠨ᠎ᠠ᠃ ᠭᠠᠯᠳᠡᠨ ᠤ ᠴᠡᠭᠡᠵᠢᠨ ᠳᠤ ᠭᠠᠯᠵᠠᠭᠤ ᠪᠠᠷᠰ ᠤᠨ ᠰᠦᠰᠦ ᠠᠭᠤᠯᠤᠭᠳᠠᠵᠤ ᠪᠠᠶᠢᠬᠤ ᠶᠢ | ᠡᠵᠡᠨ ᠬᠠᠭᠠᠨ ᠮᠠᠰᠢᠳᠠ ᠲᠠᠭᠠᠯᠠᠳᠠᠭ ᠶᠣᠮ᠃ ᠦᠨᠡᠭᠡᠷ ᠴᠦ ᠲᠠᠶᠢᠮᠦ ᠡ᠂ ᠭᠠᠯᠳᠠᠨ ᠰᠦᠰᠦ ᠵᠣᠷᠢᠭ ᠲᠠᠢ᠂ ᠠᠷᠭ᠎ᠠ | ᠰᠠᠮᠪᠠᠭ᠎ᠠ ᠲᠠᠢ᠂ ᠶᠠᠭᠠᠬᠢᠬᠤ ᠶᠢᠨ ᠠᠷᠭ᠎ᠠ ᠦᠭᠡᠢ᠂ ᠴᠢᠩᠬᠢᠰ ᠤᠨ ᠮᠦᠷ ᠢᠶᠠᠷ ᠵᠠᠮᠨᠠᠬᠤ ᠶᠢ ᠵᠤᠷᠢᠭᠰᠠᠨ ᠵᠡᠷᠯᠢᠭ | ᠮᠤᠩᠭᠤᠯ ᠤᠨ ᠨᠢᠭᠡ ᠨᠢ ᠪᠠᠶᠢᠭ᠎ᠠ ᠶᠤᠮ᠃ ᠲᠡᠶᠢᠮᠦ ᠬᠦᠮᠦᠨ ᠲᠠᠢ ᠪᠠᠶᠢᠯᠳᠤᠬᠤ ᠨᠢ ᠠᠶᠣᠮᠰᠢᠭ ᠲᠠᠢ ᠪᠤᠯᠪᠠᠴᠦ | ᠪᠠᠭ᠋ᠠᠳᠠᠢ ᠪᠠᠶᠢᠳᠠᠭ᠃ ᠶᠠᠭ ᠡᠶᠢᠮᠦ ᠤᠴᠢᠷ ᠠᠴᠠ ᠡᠨᠡᠬᠦ ᠶᠡᠭᠡ ᠫᠣᠣ ᠨᠤᠭᠤᠳ ᠢᠶᠠᠷ ᠮᠤᠷᠢᠲᠣ ᠪᠠᠭᠠᠳᠤᠷ ᠤᠳ ᠢ | ᠰᠦᠬᠦᠷᠡᠭᠡᠬᠦ ᠭᠡᠵᠦ ᠲᠡᠭᠷᠢ ᠠᠴᠠ ᠪᠢᠳᠡᠨ ᠳᠤ ᠰᠤᠶᠤᠷᠬᠠᠭᠰᠠᠨ ᠪᠢᠯᠡ᠃ ᠲᠡᠭᠷᠢ ᠶᠠᠭᠠᠬᠢᠭᠠᠳ ᠡᠳᠡᠭᠡᠷ ᠶᠡᠭᠡ | ᠫᠣᠣ ᠨᠤᠭᠤᠳ ᠢ ᠭᠠᠯᠳᠡᠨ ᠳᠤ ᠭᠠᠷᠳᠠᠭᠤᠯᠤᠭᠰᠠᠨ ᠦᠭᠡᠢ ᠪᠤᠢ︖ ᠡᠨ᠋ᠨ ᠪᠣᠯ ᠴᠠᠭ ᠦᠶ᠎ᠡ ᠠᠴᠠ ᠪᠢᠳᠡᠨ ᠳᠤ | ᠤᠯᠭᠤᠭᠰᠠᠨ ᠶᠡᠭᠡ ᠠᠵᠠ ᠪᠤᠯᠤᠨ᠎ᠠ᠃ ᠮᠦᠨᠴᠦ ᠭᠠᠯᠳᠡᠨ ᠢ ᠭᠠᠯ ᠢᠶᠠᠷ ᠰᠦᠨᠦᠭᠡᠬᠦ ᠭᠡᠰᠡᠨ ᠲᠡᠭᠷᠢ ᠶᠢᠨ ᠰᠠᠨᠠᠭ᠎ᠠ | ᠪᠤᠯᠠᠢ᠃ ᠭᠠᠯᠳᠡᠨ ᠲᠡᠭᠷᠢ᠂ ᠭᠠᠯᠲᠤ ᠫᠣᠣ ᠪᠦᠷ ᠯᠠ ᠭᠠᠯ ᠠᠭᠤᠯᠵᠡᠢ ᠭᠡᠬᠦ ᠳᠤ ᠨᠢᠭᠡ ᠨᠢ ᠴᠢᠰᠦ ᠮᠢᠬ᠎ᠠ ᠪᠠᠷ | ᠠᠮᠢᠯᠠᠭᠰᠠᠨ ᠠᠮᠢ ᠨᠠᠰᠦᠨ ᠤ ᠭᠠᠯ᠂ ᠨᠦᠭᠦᠭᠡ ᠨᠢ ᠭᠠᠩ ᠲᠡᠮᠦᠷ ᠢᠶᠠᠷ ᠪᠦᠲᠦᠭᠰᠡᠨ ᠲᠡᠭᠷᠢ ᠶᠢᠨ ᠲᠤᠭᠰᠢᠨ ᠭᠠᠯ᠃ | ᠡᠵᠡᠨ ᠬᠠᠭᠠᠨ ᠤ ᠢᠲᠡᠭᠡᠯ ᠤᠨ ᠨᠠᠷᠠᠨ ᠳᠤ ᠢᠪᠡᠭᠡᠭᠳᠡᠭᠰᠡᠨ ᠲᠠ ᠨᠠᠷ᠂ ᠶᠡᠭᠡ ᠴᠡᠷᠢᠭ ᠤᠨ ᠡᠮᠦᠨ᠎ᠡ ᠬᠤᠰᠢᠭᠤᠴᠢᠯᠠᠬᠤ | ᠪᠤᠯᠬᠤᠷ ᠲᠠᠶᠢᠴᠢᠩ ᠬᠦᠷᠦᠨ ᠤ ᠲᠠᠷᠬᠠᠨ ᠰᠦᠯᠳᠠ ᠲᠠ ᠪᠦᠬᠦᠨ ᠢ ᠢᠪᠡᠭᠡᠬᠦ ᠪᠤᠯᠳᠣᠭᠠᠢ᠃ | — ᠣᠳᠣ ᠲᠠᠨᠠᠷ ᠲᠤ ᠨᠢᠭᠡ ᠪᠡᠯᠡᠭ ᠬᠢᠵᠦ ᠪᠠᠷᠢᠶᠡ᠃ ᠲᠠᠨ ᠤ ᠮᠤᠩᠭᠤᠯ ᠤᠨ ᠡᠷᠲᠡᠨ ᠤ ᠵᠤᠷᠰᠢᠯ ᠶᠤᠰᠤᠭᠠᠷ | ᠲᠤᠭ ᠰᠦᠯᠳᠠ ᠪᠠᠨ ᠲᠠᠬᠢᠵᠤ᠂ ᠵᠣᠷᠢᠭ ᠰᠦᠰᠦ ᠪᠠᠨ ᠬᠦᠪᠴᠢᠯᠡᠬᠦ ᠶᠢ ᠵᠠᠩᠵᠤᠨ ᠪᠢ ᠰᠤᠨᠢᠷᠬᠠᠶ᠎ᠡ ᠭᠡᠰᠡᠨ ᠳᠡᠭᠡᠨ | ᠡᠶᠢᠮᠦ ᠨᠢᠭᠡ ᠦᠴᠦᠭᠡᠨ ᠪᠡᠯᠡᠭ ᠪᠠᠷᠢᠬᠤ ᠪᠠᠷ ᠪᠠᠶᠢᠭ᠎ᠠ ᠶᠤᠮ᠃ ᠡᠨ᠋ᠨ ᠨᠢ ᠮᠦᠨ ᠴᠦ ᠲᠠ ᠪᠦᠬᠦᠨ ᠳᠤ ᠡᠷᠭᠦᠨ | ᠪᠠᠷᠢᠵᠣ ᠪᠠᠶᠢᠭ᠎ᠠ ᠨᠢᠭᠡ ᠬᠤᠨᠳᠠᠭ᠎ᠠ ᠲᠦᠷᠦᠭᠡ ᠴᠢᠩᠭᠠᠯᠠᠬᠤ ᠠᠶᠠᠨ ᠵᠠᠮ ᠤᠨ ᠲᠡᠭᠡᠵᠢ ᠶᠤᠮ᠃ ᠮᠠᠨᠵᠦ ᠶᠢᠨ ᠨᠤᠶᠡᠨ ᠤ | ᠡᠨ᠋ᠨ ᠦᠭᠡ ᠶᠢ ᠬᠠᠵᠠᠭᠤ ᠠᠴᠠ ᠨᠢ ᠬᠡᠯᠡᠮᠦᠷᠴᠢᠯᠡᠵᠤ ᠪᠠᠶᠢᠬᠤ ᠬᠤᠭᠤᠷᠤᠨᠳᠤ ᠬᠤᠶᠢᠨ᠎ᠠ ᠠᠴᠠ ᠨᠢ ᠭᠡᠰᠡᠭ ᠭᠦᠮᠦᠰ | ᠪᠦᠭᠡᠮᠨᠡᠷᠡᠨ ᠭᠠᠷᠴᠦ ᠢᠷᠡᠪᠡ᠃ ᠲᠣᠮᠳᠠ ᠨᠢ ᠭᠦᠯᠢᠶᠡᠰᠦ ᠲᠠᠢ ᠭᠡᠳᠦᠨ ᠭᠦᠮᠦᠨ ᠲᠠᠭᠤᠭᠳᠠᠵᠤ ᠶᠠᠪᠤᠨ᠎ᠠ᠃ | ᠲᠡᠷᠨ ᠨᠢ ᠭᠠᠯᠳᠡᠨ ᠤ ᠴᠡᠷᠢᠭ ᠠᠴᠠ ᠪᠠᠷᠢᠭᠳᠠᠭᠰᠠᠨ ᠦᠢᠷᠡᠳ ᠤᠨ ᠨᠠᠢᠮᠠᠨ ᠡᠷ᠎ᠡ ᠪᠠᠶᠢᠵᠡᠢ᠃ | — ᠨᠤᠶᠡᠨ ᠲᠠ ᠵᠠᠷᠯᠢᠭ ᠢᠶᠠᠨ ᠪᠠᠭᠤᠯᠭ᠎ᠠ ᠭᠡᠵᠦ ᠵᠠᠬᠢᠷᠤᠩᠭᠤᠢ ᠲᠣᠣᠭᠠᠷᠪᠠ᠃ | ᠲᠠᠶᠢᠨ ᠤ ᠲᠤᠮᠳᠠ ᠠᠴᠠ ᠤᠯᠵᠠᠯᠠᠭᠰᠠᠨ ᠬᠦᠮᠦᠨ ᠢ ᠪᠣᠭᠤᠯ ᠢᠶᠠᠨ ᠪᠤᠯᠭᠠᠳᠠᠭ᠂ ᠡᠰᠡᠭᠦᠯ᠎ᠡ ᠪᠡᠯᠡᠭ ᠪᠤᠯᠭᠠᠨ | ᠲᠤᠭ ᠢᠶᠠᠨ ᠲᠠᠬᠢᠳᠠᠭ ᠠᠵᠢ᠃ ᠢᠩᠬᠢᠵᠦ ᠬᠢᠲᠣᠬᠤ ᠶᠢ ᠬᠠᠷᠢᠨ ᠦᠵᠡᠭᠡ ᠦᠭᠡᠢ᠃ ᠲᠠᠶᠢᠨ ᠤ ᠭᠠᠵᠠᠷ ᠨᠢᠳᠦ | ᠴᠢᠷᠮᠡᠯ ᠦᠭᠡᠢ ᠴᠡᠪᠴᠢᠯᠳᠤᠬᠤ ᠨᠢ ᠡᠷ᠎ᠡ ᠵᠣᠷᠢᠭ ᠢᠶᠠᠨ ᠰᠢᠯᠭᠠᠭᠰᠠᠨ ᠲᠦᠷᠦ ᠶᠢᠨ ᠲᠠᠶᠢᠨ ᠪᠤᠯᠪᠠᠴᠦ ᠡᠵᠡᠨ | ᠬᠠᠭᠠᠨ ᠳᠤ ᠦᠨᠡᠨᠴᠢ ᠰᠡᠳᠬᠢᠯ ᠢᠶᠠᠨ ᠬᠠᠷᠠᠭᠤᠯᠬᠤ ᠶᠢᠨ ᠲᠦᠯᠦᠭᠡ᠂ ᠲᠡᠭᠷᠢ ᠶᠢᠨ ᠨᠠᠷᠡᠨ ᠢ ᠬᠠᠮᠳᠤ ᠪᠠᠷ ᠦᠵᠡᠬᠦ | ᠦᠭᠡᠢ ᠪᠠᠨ ᠲᠠᠩᠭᠠᠷᠢᠭᠯᠠᠭᠰᠠᠨ ᠦᠰᠢᠶᠡᠳᠡᠨ ᠰᠢᠭ ᠦᠢᠷᠡᠳ ᠤᠨ ᠠᠬ᠎ᠠ ᠲᠡᠭᠦᠦ ᠨᠠᠷ ᠢᠶᠠᠨ ᠲᠠᠨᠢᠭᠰᠠᠭᠠᠷ ᠪᠠᠶᠢᠭᠠᠳ | ᠴᠡᠪᠴᠢᠬᠤ ᠯᠡ ᠬᠡᠷᠡᠭ ᠪᠣᠯᠵᠠᠢ᠃ ᠡᠭᠦᠨ ᠠᠴᠠ ᠶᠡᠭᠡ ᠠᠯᠳᠠᠰᠢ ᠨᠢᠭᠦᠯ ᠢ ᠨᠢᠭᠡᠨᠳᠠ ᠦᠢᠯᠡᠳᠦᠭᠰᠡᠨ ᠶᠤᠮ ᠴᠢᠨᠢ ᠡᠨ᠋ᠨ | ᠬᠡᠳᠦᠨ ᠭᠦᠮᠦᠨ ᠢ ᠢᠩᠬᠢᠭᠡᠳ ᠯᠡ ᠲᠤᠨᠢᠯᠭᠠᠬᠤ ᠰᠤᠨᠢᠨ ᠬᠡᠷᠡᠭ ᠪᠢᠰᠢ ᠴᠦ ᠦᠪᠡᠷ ᠤᠨ ᠪᠢ ᠦᠭᠦᠭᠰᠡᠨ ᠬᠤᠶᠢᠨ᠎ᠠ | ᠲᠦᠷᠦ ᠶᠢᠨ ᠭᠠᠪᠢᠶᠡᠳᠡᠨ ᠪᠤᠯᠤᠨ᠎ᠠ ᠤᠤ᠂ ᠲᠦᠮᠡᠨ ᠤ ᠦᠰᠢᠶᠡᠳᠡᠨ ᠪᠤᠯᠤᠨ᠎ᠠ ᠤᠤ ᠭᠡᠵᠦ ᠬᠡᠯᠡᠬᠦ ᠳᠤ ᠪᠡᠷᠬᠡ ᠪᠤᠢ᠃ | ᠬᠤᠷᠤᠯᠠᠢ ᠨᠤᠶᠡᠨ ᠢ ᠡᠶᠢᠨ ᠬᠦ ᠠᠯᠠᠩᠳᠠᠷᠡᠨ ᠪᠠᠶᠢᠬᠤ ᠳᠤ ᠵᠢᠷᠤᠭ᠎ᠠ ᠭᠤᠴᠢᠭ᠎ᠠ ᠨᠢ ᠬᠡᠲᠦᠨ ᠭᠦᠮᠦᠨ ᠨᠡᠷᠡᠯᠡᠨ | ᠲᠠᠭᠤᠳᠠᠪᠠ᠃ | — ᠱᠠᠯᠪᠢᠩ᠂ ᠵᠢᠭᠵᠢᠳ ᠪᠠᠭᠠᠷᠠᠩ ᠁ ᠭᠡᠳ ᠨᠡᠷᠡᠯᠡᠵᠦ ᠠᠮᠵᠢᠭᠰᠠᠨ ᠸᠠᠩᠵᠢᠯ᠂ ᠰᠠᠶ᠋ᠢ ᠶᠢᠨ | ᠨᠡᠷᠡᠯᠡᠭᠳᠡᠭᠰᠡᠨ ᠨᠠᠢᠮᠠᠨ ᠬᠦᠮᠦᠨ ᠭᠠᠷᠴᠦ ᠢᠷᠡᠭᠡᠳ ᠨᠤᠶᠡᠨ ᠤ ᠵᠠᠷᠯᠢᠭ ᠢ ᠬᠦᠢᠴᠡᠳᠭᠡ ᠭᠡᠵᠦ ᠴᠢᠩᠭ᠎ᠠ ᠲᠠᠭᠤᠨ ᠢᠶᠠᠷ | ᠵᠠᠷᠯᠢᠭᠳᠠᠪᠠ᠃ ᠨᠡᠷ᠎ᠡ ᠪᠠᠨ ᠲᠠᠭᠤᠳᠠᠭᠤᠯᠤᠭᠰᠠᠨ ᠬᠦᠮᠦᠰ ᠨᠢᠭᠡ ᠨᠢᠭᠡ ᠪᠠᠨ ᠬᠠᠷᠠᠭᠠᠳ ᠬᠦᠳᠡᠯᠵᠦ ᠶᠡᠳᠡᠨ | ᠪᠠᠶᠢᠬᠤ ᠳᠤ ᠠᠷᠭ᠎ᠠ ᠶᠠᠳᠠᠭᠰᠠᠨ ᠨᠤᠶᠡᠨ ᠦᠪᠡᠷ ᠢᠶᠠᠨ ᠨᠢᠭᠡ ᠤᠳᠠᠭ᠎ᠠ ᠨᠡᠷᠡᠯᠡᠨ ᠲᠠᠭᠤᠳᠠᠵᠤ ᠡᠨ᠋ᠨ ᠨᠠᠢᠮᠠᠨ ᠭᠦᠮᠦᠨ ᠢ | ᠴᠠᠪᠴᠢ ᠭᠡᠯᠡ᠃ ᠵᠢᠷᠤᠭ᠎ᠠ ᠸᠠᠩᠵᠢᠯ ᠴᠤ ᠨᠣᠶᠠᠨ ᠤ ᠨᠡᠷᠡᠯᠡᠬᠦ ᠪᠦᠷᠢ ᠭᠠᠷᠴᠦ ᠢᠷ᠎ᠡ ᠭᠡᠳ ᠭᠠᠷ ᠢᠶᠠᠨ ᠵᠠᠳᠠᠭᠰᠠᠭᠠᠷ | ᠪᠠᠶᠢᠯ᠎ᠡ᠃ | — ᠮᠠᠨᠵᠤ ᠬᠠᠭᠠᠨ ᠤ ᠵᠠᠷᠯᠢᠭ ᠢᠶᠠᠷ ᠲᠠᠨᠤᠰ ᠢ ᠬᠢᠷᠭᠠᠯᠡ᠂ ᠲᠤᠯᠤᠭᠠᠢ ᠪᠠᠨ ᠡᠷᠭᠦᠵᠦ ᠪᠠᠢ᠂ ᠮᠦᠩᠭᠡ ᠲᠡᠭᠷᠢ | ᠦᠷᠦᠰᠢᠶᠡᠭᠳᠦᠨ ᠭᠡᠵᠦ ᠱᠠᠯᠪᠢᠩ ᠰᠤᠨᠤᠰᠳᠠᠬᠤ ᠪᠠᠷ ᠰᠢᠪᠡᠨᠡᠭᠡᠳ ᠭᠦᠯᠢᠭᠡᠯᠵᠡᠨ ᠪᠠᠶᠢᠭᠰᠠᠨ ᠢᠶᠠᠨ ︽ᠴᠠᠪᠴᠢ︾ | ᠭᠡᠰᠡᠨ ᠲᠤᠬᠢᠶ᠎ᠡ ᠪᠠᠷ ᠲᠠᠯᠢᠢᠭᠰᠠᠨ ᠢᠯᠳᠦ ᠪᠠᠨ ᠭᠦᠴᠦ ᠮᠡᠳᠡᠨ ᠪᠠᠭᠤᠯᠭᠠᠪᠠ᠃ | ᠨᠦᠭᠦᠭᠡ ᠲᠤᠯᠤᠭᠠᠨ ᠬᠦᠮᠦᠨ ᠤ ᠲᠤᠯᠤᠭᠠᠢ ᠨᠢ ᠵᠡᠷᠭᠡ ᠪᠠᠷ ᠤᠨᠠᠵᠡᠢ᠃ ᠲᠠᠭᠤ ᠱᠤᠤ ᠲᠠᠢ ᠴᠤᠷᠬᠢᠯᠤᠭᠰᠠᠨ | ᠤᠯᠠᠭᠠᠨ ᠴᠢᠰᠤ ᠵᠢᠷᠦᠭᠡ ᠨᠠᠪᠴᠢᠳᠡᠯᠡ ᠪᠤᠷᠬᠢᠯᠤᠨ ᠠᠰᠬᠠᠷᠠᠵᠤ ᠬᠤᠭᠤᠯᠠᠢ ᠬᠤᠷᠴᠢᠬᠢᠨᠠᠭᠠᠳ᠂ ᠪᠠᠭᠠᠳᠤᠷ | ᠪᠣᠯᠬᠤ ᠠᠴᠠ ᠡᠮᠦᠨ᠎ᠡ ᠶᠠᠷᠭᠠᠴᠢᠨ ᠪᠤᠯᠤᠭᠰᠠᠨ ᠣᠯᠬᠢᠶᠡ ᠦᠭᠡᠢ ᠨᠢᠭᠡ ᠶᠢ ᠤᠯᠠᠭᠠᠨ ᠬᠠᠯᠲᠠᠷ ᠪᠤᠯᠭᠠᠵᠤ | ᠤᠬᠠᠭ᠎ᠠ ᠶᠢ ᠨᠢ ᠠᠯᠳᠠᠭᠤᠯᠵᠠᠢ᠃ | ᠰᠣᠨᠢᠷᠬᠠᠯᠳᠠᠢ ᠨᠢ ᠭᠡᠪᠡᠯ ᠱᠠᠯᠪᠢᠩ ᠤᠨ ᠴᠠᠪᠴᠢᠭᠰᠠᠨ ᠭᠦᠮᠦᠨ ᠨᠢ ᠰᠦᠭᠦᠷᠡᠭᠰᠡᠭᠡᠷ ᠪᠠᠶᠢᠪᠠ᠃ ᠱᠠᠯᠪᠢᠩ ᠴᠦ | ᠭᠠᠶᠢᠬᠠᠨ ᠬᠠᠷᠠᠵᠤ ᠵᠤᠭᠰᠤᠨ᠎ᠠ᠃ ᠲᠠᠮ ᠢᠯᠳᠤ ᠪᠠᠷ ᠭᠦᠵᠦᠭᠦᠦ ᠶᠢ ᠨᠢ ᠬᠢᠷᠭᠠᠭᠰᠠᠨ ᠪᠠᠶᠢᠲᠠᠯ᠎ᠠ ᠲᠤᠯᠤᠭᠠᠢ ᠨᠢ | ᠦᠰᠦᠷᠳᠡᠭ ᠦᠭᠡᠢ ᠪᠠᠰᠠ ᠴᠦ ᠰᠤᠨᠢᠬᠠᠨ ᠭᠡᠬᠦ ᠳᠤ ᠬᠦᠮᠦᠨ ᠨᠢ ᠬᠠᠷᠢᠨ ᠪᠤᠰᠤᠭᠠᠳ ᠢᠷᠡᠯ᠎ᠡ᠃ ᠱᠠᠯᠪᠢᠩ ᠴᠦ | ᠰᠤᠴᠢᠬᠤ ᠶᠢᠨ ᠡᠷᠬᠡ ᠪᠠᠷ ᠬᠤᠶᠢᠰᠢ ᠪᠠᠨ ᠤᠬᠤᠷᠢᠵᠤ ᠵᠤᠭᠰᠤᠪᠠ᠃ ᠬᠠᠮᠤᠭ ᠢ ᠰᠤᠴᠢᠭᠠᠭᠰᠠᠨ ᠭᠦᠯᠢᠶᠡᠰᠦᠲᠦ ᠡᠷ᠎ᠡ | ᠲᠦᠩᠭᠡᠵᠦ ᠬᠤᠶᠡᠷ ᠠᠯᠬᠤᠬᠤ ᠳᠤ᠂ ᠭᠦᠶ᠋ᠢ ᠱᠠᠯᠪᠢᠩ ᠭᠡᠵᠦ ᠬᠠᠰᠬᠢᠷᠤᠭᠰᠠᠨ ᠨᠠᠮᠵᠢᠯ ᠤᠨ ᠲᠠᠭᠤᠨ ᠢᠶᠠᠷ | ᠲᠤᠯᠤᠭᠠᠢ ᠨᠢ ᠪᠦᠮᠪᠦᠷᠢᠨ ᠤᠨᠠᠭᠠᠳ ᠵᠤᠭᠰᠤᠭ᠎ᠠ ᠭᠡᠩᠭᠦᠳᠡᠭ ᠠᠴᠠ ᠨᠢ ᠤᠷᠭᠢᠯᠤᠭᠰᠠᠨ ᠤᠯᠠᠭᠠᠨ ᠴᠢᠰᠦ ᠲᠡᠭᠡᠭᠰᠢ | ᠲᠡᠭᠳᠡᠨ ᠭᠠᠷᠴᠦ ᠪᠦᠭᠡᠮ ᠭᠠᠯ ᠪᠤᠯᠤᠭᠠᠳ ᠰᠠᠭᠰᠠᠭᠤ ᠲᠦᠰᠢᠮᠡᠯ ᠤᠨ ᠲᠤᠯᠤᠭᠠᠢ ᠲᠡᠭᠡᠭᠦᠷ ᠡᠷᠬᠢᠯᠳᠤᠨ | ᠪᠠᠶᠢᠭᠰᠠᠨ ᠢᠶᠠᠨ ᠮᠠᠨᠠᠷᠡᠵᠦ ᠤᠴᠢᠬᠤ ᠳᠤᠨᠢ ᠰᠤᠯᠢᠷ ᠮᠡᠲᠦ ᠲᠡᠭᠷᠢ ᠬᠠᠷᠪᠤᠨ ᠤᠳᠤᠯ᠎ᠠ᠃ | ᠶᠡᠭᠡ ᠴᠡᠷᠢᠭ ᠬᠤᠶᠢᠰᠢ ᠬᠠᠨᠳᠤᠨ ᠭᠦᠳᠡᠯᠪᠡ᠃ ᠬᠠᠩᠭᠠᠢ ᠨᠣᠲᠤᠭ ᠤᠨ ᠦᠩᠭᠡ ᠦᠵᠡᠮᠵᠢ ᠪᠠᠨ ᠠᠯᠳᠠᠭᠰᠠᠨ | ᠠᠯᠠᠷ ᠪᠠᠯᠠᠷ ᠭᠡᠭᠡᠷ᠎ᠡ ᠴᠦᠯ᠂ ᠰᠢᠯᠢ ᠨᠢᠷᠤᠭᠤ ᠬᠦᠭᠡᠷᠡᠨ ᠬᠠᠷᠠᠯᠡᠨ ᠲᠦᠩᠰᠦ᠋ᠢᠴᠢᠭᠡᠳ ᠮᠠᠯ ᠤᠨ ᠪᠤᠶᠠᠨ ᠢᠶᠠᠷ | ᠠᠮᠢᠳᠤᠷᠠᠳᠠᠭ ᠮᠠᠯᠴᠢᠨ ᠮᠤᠩᠭᠤᠯ ᠠᠷᠠᠳ ᠮᠢᠨᠢ ᠪᠤᠷᠬᠠᠨ ᠢᠶᠠᠨ ᠲᠡᠭᠡᠭᠡᠭᠡᠳ ᠪᠤᠶᠡᠨ ᠢᠶᠠᠨ ᠠᠴᠢᠭᠠᠳ ᠬᠠᠮᠢᠭᠠᠰᠢ | ᠶᠠᠪᠤᠭᠰᠠᠨ ᠪᠤᠢ ᠭᠡᠵᠦ ᠭᠤᠮᠣᠳᠠᠯ ᠲᠤᠭᠠᠴᠢᠨ ᠪᠠᠶᠢᠬᠤ ᠰᠢᠭ᠋ ᠤᠨᠢᠶᠠᠷ ᠮᠠᠨᠠᠨ ᠤ ᠲᠤᠮᠳᠠ ᠪᠦᠷᠲᠦᠯᠵᠡᠨ ᠪᠠᠶᠢᠯ᠎ᠡ᠃ | ᠬᠠᠶᠠᠭᠳᠠᠭᠰᠠᠨ ᠨᠣᠲᠤᠭ ᠤᠨ ᠲᠦᠷᠦᠭᠡ ᠰᠢᠭᠦᠷᠡᠮ᠎ᠡ ᠡᠪᠡᠰᠦᠨ ᠲᠤᠮᠳᠠ ᠬᠠᠷᠠᠯᠠᠭᠰᠠᠨ ᠪᠠᠭᠤᠷᠢ ᠬᠠᠷᠠᠭᠳᠠᠭ᠎ᠠ ᠦᠭᠡᠢ | ᠴᠦ ᠲᠠᠶᠢᠪᠤᠩ ᠨᠣᠲᠤᠭ ᠤᠨ ᠢᠶᠠᠨ ᠬᠠᠯᠠᠭᠤᠨ ᠡᠪᠦᠷ ᠲᠤ ᠡᠯᠢᠭᠡ ᠵᠢᠷᠦᠭᠡ ᠪᠠᠷ ᠢᠶᠠᠨ ᠠᠭᠤᠰᠴᠦ ᠶᠠᠪᠤᠭᠰᠠᠨ ᠵᠠᠶᠠᠭ᠎ᠠ | ᠨᠢᠭᠡᠳᠡᠨ ᠢ ᠰᠠᠨᠠᠭ᠎ᠠ ᠠᠯᠳᠠᠭᠤᠯᠤᠨ ᠪᠠᠶᠢᠪᠠ᠃ | ᠤᠨᠢᠶᠠᠷ ᠮᠠᠨᠠᠨ ᠲᠠᠳᠠᠭᠰᠠᠨ ᠠᠷᠤ ᠬᠠᠯᠬ᠎ᠠ ᠶᠢᠨ ᠨᠣᠲᠤᠭ | ᠠᠯᠠᠯᠳᠤᠬᠤ ᠪᠠᠷ ᠮᠤᠷᠳᠠᠭᠰᠠᠨ ᠦᠭᠡᠯᠡᠳ ᠮᠤᠩᠭᠤᠯ ᠤᠨ ᠦᠷ᠎ᠡ | ᠠᠷᠤ ᠠᠴᠠ ᠲᠠᠯᠠᠶᠢᠭᠰᠠᠨ ᠡᠵᠡᠨ ᠬᠠᠭᠠᠨ ᠤ ᠰᠡᠯᠡᠮ᠎ᠡ | ᠠᠩᠨᠠᠭᠤᠷ ᠲᠤ ᠤᠷᠤᠭᠰᠠᠨ ᠪᠤᠱᠤᠭᠳᠤ ᠬᠠᠭᠠᠨ ᠭᠠᠯᠳᠡᠨ ᠲᠦᠷᠦᠭᠡᠨ ᠲᠡᠭᠡᠷ᠎ᠡ ᠪᠠᠨ ᠲᠠᠭᠤ ᠲᠠᠢ᠂ ᠵᠢᠷᠦᠭᠡᠨ | ᠲᠤᠮᠳᠠ ᠪᠠᠨ ᠭᠤᠨᠢᠭ ᠲᠠᠢ ᠴᠦ ᠶᠠᠪᠤᠬᠤ ᠪᠠᠷ ᠢᠶᠠᠨ ᠶᠠᠪᠤᠨ᠎ᠠ᠃ ᠠᠯᠠᠬᠤ ᠨᠢ ᠠᠶᠤᠯ ᠲᠠᠢ᠂ ᠦᠬᠦᠬᠦ ᠨᠢ ᠦᠢᠯᠡ ᠲᠠᠢ᠃ | ᠠᠮᠢᠳᠤ ᠬᠤᠴᠤᠷᠪᠠᠯ ᠵᠤᠳ ᠤᠨ ᠲᠡᠭᠷᠢ ᠵᠣᠨᠰᠢᠯᠠ ᠭᠡᠵᠦ ᠪᠤᠳᠤ᠂ ᠵᠤᠯᠠ ᠪᠠᠷᠢᠵᠤ ᠬᠤᠴᠤᠷᠤᠭᠰᠠᠨ ᠠᠷᠤ | ᠭᠡᠷ ᠤᠨ ᠬᠢᠨ ᠳᠡᠭᠡᠨ ᠵᠠᠯᠪᠠᠷᠢ᠃ | ᠭᠡᠲᠦᠨ ᠲᠦᠮᠡ ᠪᠠᠷ ᠴᠤᠪᠤᠷᠠᠭᠰᠠᠨ ᠶᠠᠪᠠᠭᠠᠨ ᠴᠡᠷᠢᠭ ᠤᠨ ᠡᠮᠦᠨ᠎ᠡ ᠵᠡᠮ ᠤᠳᠤᠷᠢᠳᠤᠨ ᠠᠶᠠᠯᠠᠨ᠎ᠡ ᠭᠡᠳᠡᠭ | ᠮᠤᠷᠢᠲᠠᠢ ᠭᠦᠮᠦᠨ ᠡᠳᠦᠷ ᠨᠦᠭᠴᠢᠭᠡᠭᠰᠡᠨ ᠶᠠᠯᠢ ᠦᠭᠡᠢ ᠬᠡᠷᠡᠭ ᠪᠠᠶᠢᠯ᠎ᠠ᠃ ᠬᠤᠨᠢᠨ ᠪᠡᠯᠴᠢᠭᠡᠷ ᠠᠴᠠ ᠬᠤᠯᠠᠳᠴᠦ | ᠪᠤᠯᠤᠭ᠎ᠠ ᠦᠭᠡᠢ ᠪᠠᠷ ᠪᠠᠭᠤᠬᠤ ᠪᠤᠯᠤᠯ᠎ᠠ᠃ ᠭᠦᠯᠢᠶᠡᠵᠦ ᠪᠠᠶᠢᠭᠠᠳ ᠦᠢᠷᠡᠳᠬᠤ ᠳᠤᠨᠢ ᠲᠠᠬᠢᠭᠠᠳ ᠠᠶᠠᠯᠠᠨ᠎ᠡ᠃ | ᠬᠠᠪᠤᠷ ᠤᠨ ᠤᠲᠤᠷᠴᠢᠨ ᠰᠢᠭ᠋ ᠭᠡᠴᠢᠨᠡᠨ ᠴᠦ ᠡᠳᠦᠷ ᠠᠶᠠᠯᠠᠭᠰᠠᠨ ᠢ ᠪᠤᠤ ᠮᠡᠳᠡ᠃ ᠬᠤᠰᠢᠭᠤᠷᠠᠭᠰᠠᠨ ᠬᠤᠶᠠᠷ | ᠠᠭᠤᠯᠠ ᠶᠢᠨ ᠰᠠᠪᠠ ᠬᠦᠨᠳᠡᠢ ᠶᠢ ᠠᠮᠠᠳᠠᠵᠤ ᠬᠤᠨᠤᠭᠰᠠᠨ ᠤ ᠮᠠᠷᠭᠠᠰᠢ ᠦᠷᠯᠦᠭᠡ᠂ ᠠᠶᠠᠯᠠᠬᠤ ᠶᠢᠨ ᠤᠷᠤᠨ ᠳᠤ | ᠠᠮᠠᠷᠠᠬᠤ ᠲᠤᠬᠢᠶ᠎ᠡ ᠤᠯᠠᠮᠵᠢᠯᠠᠭᠳᠠᠨ ᠢᠷᠡᠭᠰᠡᠨ ᠪᠤᠯᠪᠠᠴᠦ ᠠᠭᠲᠠ ᠮᠣᠷᠢ ᠠᠴᠠ ᠰᠠᠯᠵᠤ ᠪᠤᠯᠬᠤ ᠦᠭᠡᠢ ᠭᠡᠵᠦ ᠴᠢᠩᠭ᠎ᠠ | ᠱᠠᠭᠠᠷᠳᠡᠵᠠᠢ᠃ ᠭᠡᠪᠡᠴᠦ ᠲᠠᠪᠰᠢᠭᠰᠠᠭᠠᠷ ᠪᠠᠶᠢᠭ᠎ᠠ ᠶᠠᠪᠠᠭᠠᠨ ᠴᠡᠷᠢᠭ ᠨᠢ ᠬᠡᠳᠦ ᠬᠤᠪᠢᠶᠠᠭᠳᠠᠨ ᠠᠯᠠᠭ᠎ᠠ ᠪᠤᠯᠤᠯ᠎ᠠ᠃ | ᠭᠡᠳᠦᠨ ᠲᠦᠮᠡᠨ ᠠᠮᠢᠳᠡᠨ ᠤ ᠲᠠᠭᠤ ᠱᠤᠤᠬᠢᠶᠡ ᠭᠡᠨᠡᠳᠳᠠ ᠨᠠᠮᠳᠠᠪᠠ᠃ ᠡᠨ᠋ᠨ ᠦᠶ᠎ᠡ ᠳᠤ ᠬᠤᠷᠤᠯᠠᠢ ᠨᠤᠶ᠋ᠨᠨ ᠴᠦ | ᠬᠠᠭᠠᠨ ᠳᠤ ᠪᠠᠷᠠᠯᠠᠬᠤ ᠪᠠᠷ ᠶᠠᠪᠤᠭᠠᠳ ᠰᠤᠷᠠᠭ ᠦᠭᠡᠢ ᠪᠤᠯᠤᠯ᠎ᠠ᠃ ᠶᠠᠭᠤ ᠪᠤᠯᠬᠤ ᠭᠡᠵᠦ ᠪᠠᠶᠢᠭ᠎ᠠ ᠪᠤᠢ︖ | — ᠠᠶᠤᠵᠤ ᠪᠠᠶᠢᠨ᠎ᠠ ᠤᠤ︖ ᠠᠨᠳᠠ ᠮᠢᠨᠢ ᠭᠡᠵᠦ ᠵᠢᠭᠵᠢᠳ ᠨᠢ ᠨᠤᠭᠤᠭᠠᠨ ᠬᠠᠵᠠᠭᠤ ᠲᠡᠭᠡᠷ᠎ᠡ ᠨᠢᠷᠤᠭᠤ | ᠲᠠᠨᠢᠢᠯᠭᠡᠨ ᠪᠠᠶᠢᠪᠠ᠃ ᠱᠠᠯᠪᠢᠩ ᠨᠢ ᠲᠤᠭᠤᠮᠵᠢᠷ ᠦᠭᠡᠢ ᠬᠠᠷᠠᠭᠠᠳ᠂ | — ᠶᠠᠭᠤ ᠠᠶᠤᠬᠤ ᠪᠤᠢ᠂ ᠨᠢᠭᠡ ᠲᠤᠯᠤᠭᠠᠢ ᠦᠰᠦᠷᠭᠡᠭᠰᠡᠨ ᠪᠢᠰᠢ᠂ ᠭᠤᠵᠦ᠋ᠢᠭ᠌ᠰᠠᠨ ᠱᠣᠪᠤᠶᠢᠭᠰᠠᠨ | ᠶᠠᠭᠤᠮ᠎ᠠ ᠬᠠᠷᠠᠭᠳᠠᠪᠠᠯ ᠰᠤᠵᠤᠩ ᠰᠢᠭ᠋ ᠴᠠᠪᠴᠢᠶᠡ ᠭᠡᠵᠦ ᠰᠠᠨᠠᠭᠳᠠᠬᠤ ᠶᠤᠮ ᠭᠡᠯᠡ᠃ | — ᠦᠨᠡᠭᠡᠷ ᠤᠤ᠂ ᠴᠠᠭᠠᠨ᠎ᠠ ᠪᠤᠳᠤᠬᠤ ᠶᠠᠭᠤᠮ᠎ᠠ ᠠᠯᠠᠭ᠎ᠠ ᠤᠤ︖ | — ᠪᠣᠳᠣᠬᠤ ᠶᠠᠭᠤᠮ᠎ᠠ ᠴᠦ ᠪᠠᠶᠢᠯᠭᠦᠢ᠂ ᠲᠡᠷᠡ ᠮᠦᠷᠳᠡᠭᠡᠨ ᠴᠢ ᠪᠢᠳᠠ ᠬᠤᠶᠡᠷ ᠤᠨ ᠪᠤᠳᠤᠯ ᠠᠳᠠᠯᠢ ᠪᠠᠶᠢᠬᠤ | ᠶᠤᠰᠤᠳᠠᠢ᠃ ᠭᠠᠯᠳᠡᠨ ᠪᠤᠱᠤᠭᠳᠤ ᠳᠤ ᠪᠠᠶᠢᠬᠤ ᠭᠡᠰᠡᠨ ᠢ ᠴᠢᠨᠢ ᠪᠠᠷᠢᠵᠦ ᠴᠢᠳᠠᠭ᠎ᠠ ᠦᠭᠡᠢ ᠳᠡᠭᠡᠨ ᠬᠠᠷᠠᠮᠰᠠᠬᠤ ᠪᠠᠷ | ᠬᠠᠷᠠᠮᠰᠠᠪᠠᠴᠦ᠂ ᠠᠯᠠᠬᠤ ᠪᠠᠷ ᠢᠶᠠᠨ ᠠᠯᠠᠵᠤ ᠦᠭᠦᠭᠦ ᠪᠠᠷ ᠢᠶᠠᠨ ᠦᠬᠦᠨ᠎ᠡ ᠪᠢᠵᠡ᠂ ᠲᠠᠶᠢᠮᠦ ᠤᠤ ᠦᠭᠡᠢ ᠤᠤ︖ | — ᠪᠤᠱᠤᠭᠳᠤ ᠬᠠᠭᠠᠨ ᠳᠤ ᠣᠳᠣ ᠪᠠᠷᠢᠭᠰᠠᠨ ᠴᠤ ᠤᠷᠦ᠋ᠢᠳᠠᠬᠤ ᠦᠭᠡᠢ ᠯᠡ ᠳ᠋ᠠ᠃ ᠴᠢᠮᠡᠳᠦ ᠦᠭᠭᠦᠶ᠎ᠡ | ᠭᠡᠰᠡᠨ ᠰᠠᠨᠠᠭ᠎ᠠ ᠪᠠᠶᠢᠪᠠᠯ ᠪᠢ ᠣᠳᠣ ᠪᠠᠷ ᠠᠪᠤᠭᠠᠳ ᠶᠠᠪᠤᠶ᠎ᠡ᠃ | — ᠪᠤᠯᠬᠤ ᠦᠭᠡᠢ ᠪᠠᠶᠢᠬ᠎ᠠ᠂ ᠮᠦᠩᠭᠡ ᠲᠡᠭᠷᠢ ᠲᠤ ᠵᠠᠯᠪᠠᠷᠢᠵᠦ ᠶᠠᠪᠤᠪᠠᠯ ᠦᠭᠬᠦ ᠴᠠᠭ ᠣᠯᠲᠠᠨᠠ᠃ | — ᠡᠨ᠋ᠨ ᠣᠳᠠᠭ᠎ᠠ ᠴᠢ ᠲᠠᠶᠢᠨ ᠳᠤ ᠦᠬᠦᠪᠡᠯ ᠪᠢ ᠬᠠᠷᠢᠨ ᠴᠢᠨᠦ ᠵᠣᠳᠤᠭ ᠢ ᠠᠪᠤᠨ᠎ᠠ ᠰᠢᠦ᠃ | — ᠲᠡᠷᠨ ᠪᠤᠯᠤᠨ᠎ᠠ᠃ ᠲᠡᠭᠡᠭᠡᠳ ᠬᠡᠨ ᠳᠤ ᠦᠭᠭᠦ ᠶᠢ ᠦᠪᠡᠷ ᠢᠶᠠᠨ ᠮᠡᠳᠡ᠂ ᠦᠨᠡᠨ ᠢ ᠬᠡᠯᠡᠪᠡᠯ ᠪᠢ ᠴᠦ | ᠪᠠᠰᠠ ᠴᠢᠮ᠎ᠡ ᠳᠤ ᠣᠰᠣᠯ ᠲᠠᠢ ᠬᠦᠮᠦᠨ ᠰᠢᠦ᠃ | — ᠨᠠᠳᠠ ᠤᠰᠤᠯᠳᠠᠬᠤ ᠶᠠᠭᠤ ᠯᠡ ᠪᠠᠶᠢᠬᠤ ᠪᠤᠢ᠂ ᠦᠢᠷᠡᠳ ᠤᠨ ᠬᠤᠪᠢ ᠵᠠᠶᠠᠭ᠎ᠠ ᠶᠢ ᠦᠭᠡᠳᠠ ᠨᠢ | ᠲᠠᠲᠠᠬᠤ ᠪᠠᠷ ᠪᠠᠶᠢᠭ᠎ᠠ ᠭᠠᠯᠳᠠᠨ ᠪᠣᠱᠣᠭᠲᠤ ᠳᠤ ᠤᠰᠤᠯᠳᠠᠵᠤ ᠪᠠᠶᠢᠭ᠎ᠠ ᠬᠡᠷᠡᠭ ᠰᠢᠦ᠃ | — ᠲᠡᠷᠨ ᠴᠦ ᠶᠠᠭᠠᠬᠢᠬᠤ ᠪᠤᠢ᠂ ᠲᠡᠭᠷᠢ ᠶᠢᠨ ᠲᠠᠭᠠᠯᠠᠯ ᠢᠶᠠᠷ ᠪᠣᠯᠬᠤ ᠪᠢᠵᠡ᠂ ᠴᠢᠨᠦ ᠬᠤᠯᠠᠭᠠᠶᠢᠴᠢ | ᠨᠡᠷ᠎ᠡ ᠲᠠᠢ ᠪᠤᠯᠤᠭᠰᠠᠨ ᠨᠢ ᠨᠠᠳᠠ ᠬᠤᠯᠪᠣᠭ᠎ᠠ ᠲᠠᠢ ᠶᠤᠮ᠃ ᠲᠡᠷᠨ ᠤᠳᠠᠭ᠎ᠠ ᠪᠢ ᠨᠣᠷᠳᠤᠭ ᠠᠴᠠ ᠦᠰᠢᠶ᠎ᠡ ᠪᠠᠨ | ᠠᠪᠤᠶᠡ ᠭᠡᠵᠦ ᠲᠠᠯᠠᠨ ᠭᠡᠳᠦᠨ ᠮᠣᠷᠢ ᠶᠢ ᠨᠢ ᠬᠦᠭᠡᠭᠡᠵᠦ ᠯᠢᠶᠠᠩᠵᠸᠤ ᠳᠤ ᠤᠷᠤᠭᠤᠯᠤᠭᠠᠳ ᠰᠤᠯᠢᠵᠦ ᠤᠯᠤᠭᠰᠨᠨ | ᠮᠦᠩᠬᠦ ᠪᠠᠨ ᠪᠦᠭᠦᠨ ᠢ ᠭᠠᠯᠳᠡᠨ ᠪᠤᠱᠤᠭᠳᠤ ᠳᠤ ᠪᠠᠷᠢᠭᠰᠠᠨ ᠶᠤᠮ᠃ | — ᠪᠢ ᠬᠠᠷᠢᠨ ᠴᠢᠨᠦ ᠬᠡᠯᠡᠭᠰᠡᠨ ᠢ ᠬᠠᠷ᠎ᠠ ᠦᠭᠡᠢ ᠢᠳᠡᠭᠡᠭᠡᠳ ᠵᠤᠳᠤᠭ ᠢ ᠴᠢᠨᠢ ᠤᠯᠤᠶᠡ ᠭᠡᠵᠦ ᠤᠯᠠᠨ | ᠭᠠᠵᠠᠷ ᠢᠶᠠᠷ ᠶᠠᠪᠤᠬᠤ ᠳᠠᠭᠠᠨ ᠬᠤᠯᠠᠭᠠᠢ ᠬᠢᠵᠦ ᠰᠤᠷᠣᠯᠠ᠂ ᠬᠤᠳᠠᠯ ᠴᠦ ᠬᠡᠯᠡᠵᠦ ᠴᠠᠭᠠᠷᠠᠯᠡ᠃ ᠲᠡᠭᠡᠭᠡᠳ | ᠦᠰᠢᠶᠡᠨ ᠳᠡᠭᠡᠨ ᠠᠪᠠᠭᠠᠢ ᠶᠢ ᠴᠢᠨᠢ ᠮᠡᠭᠡᠯᠡᠵᠦ ᠵᠤᠳᠤᠭ ᠢ ᠴᠢᠨᠢ ᠠᠪᠤᠯ᠎ᠡ᠃ ᠬᠡᠨ ᠳᠤ ᠴᠦ ᠣᠰᠣᠯ ᠮᠡᠳᠡᠬᠦ ᠪᠤᠢ᠂ | ᠡᠯᠵᠢᠭᠡᠨ ᠲᠠᠩ ᠪᠣᠯᠵᠠᠢ᠃ ᠨᠢᠭᠡ ᠠᠰᠠᠭᠤᠬᠤ ᠢ ᠮᠢᠨᠦ ᠠᠪᠤ ᠶᠢᠨ ᠭᠠᠯᠳᠡᠨ ᠤ ᠨᠢᠳᠦ ᠴᠢᠬᠢ ᠪᠣᠯᠵᠤ ᠶᠠᠪᠤᠭᠰᠠᠨ ᠢ | ᠴᠢ ᠮᠡᠳᠡᠪᠡ ᠤᠤ︖ | — ᠠᠪᠤ ᠶᠢᠨ ᠴᠢᠨᠢ ᠲᠤᠬᠠᠢ ᠮᠢᠨᠦ ᠬᠡᠯᠡᠭᠰᠡᠨ ᠪᠦᠷ ᠦᠨᠡᠨ ᠦᠭᠡ ᠪᠢᠯᠡ᠃ | — ᠲᠡᠭᠡᠪᠡᠯ ᠬᠡᠨ ᠬᠤᠪ ᠰᠢᠪ ᠤᠨ ᠦᠭᠡ ᠵᠦᠭᠡᠭᠡᠭᠰᠡᠨ ᠢ ᠮᠡᠳᠡᠨ᠎ᠡ ᠤᠤ︖ | — ᠤᠳᠤᠬᠠᠨ ᠳᠤ︖ ᠁ | — ᠲᠦᠩ︕ | ᠠᠯᠣᠰ ᠠᠴᠠ ᠨᠦᠷᠭᠢᠯᠡᠭᠰᠡᠨ ᠠᠶᠤᠮᠰᠢᠭᠲᠤ ᠲᠠᠭᠤᠨ ᠱᠠᠯᠪᠢᠩ ᠵᠢᠭᠵᠢᠳ ᠬᠤᠶᠡᠷ ᠢ ᠰᠤᠴᠢᠭᠠᠭᠰᠠᠨ ᠢᠶᠠᠷ | ᠵᠤᠭᠰᠤᠬᠤ ᠦᠭᠡᠢ᠂ ᠦᠪᠡᠷᠰᠡᠳ ᠤᠨ ᠬᠢᠨᠢ ᠲᠤᠯᠤᠭᠠᠢ ᠲᠡᠭᠡᠷ᠎ᠡ ᠨᠢᠷᠬᠢᠯᠡᠨ ᠪᠠᠶᠢᠬᠤ ᠰᠢᠭ᠋ ᠰᠤᠨᠤᠰᠤᠭᠰᠠᠨ ᠪᠦᠬᠦᠨ ᠢ | ᠴᠡᠴᠡᠷᠡᠭᠦᠯᠵᠡᠢ᠃ | ᠲᠦᠩ︕ ᠲᠦᠩ︕ ᠶᠡᠭᠡ ᠫᠣᠣ ᠶᠢᠨ ᠨᠦᠷᠬᠢᠯᠡᠭᠰᠡᠨ ᠲᠠᠭᠤᠨ ᠨᠠᠮ ᠬᠦᠮ ᠪᠠᠶᠢᠳᠡᠯ ᠢ ᠬᠠᠶᠢᠷ᠎ᠡ ᠨᠠᠶᠢᠷ ᠦᠭᠡᠢ | ᠡᠪᠳᠡᠵᠦ᠂ ᠠᠯᠠᠯᠳᠤᠬᠤ ᠲᠤᠬᠢᠶ᠎ᠡ ᠭᠦᠮᠦᠰ ᠤᠨ ᠰᠤᠨᠤᠷ ᠢ ᠭᠦᠴᠦ ᠮᠡᠳᠡᠨ ᠲᠡᠯᠡᠰᠴᠦ᠂ ᠮᠡᠳᠡᠷᠡᠯ ᠤᠨ ᠰᠢᠵᠢᠮ ᠢ | ᠤᠭᠵᠠᠷᠠᠨ ᠬᠦᠨᠳᠡᠭᠰᠡᠨ ᠢᠶᠠᠷ ᠲᠤᠯᠤᠭᠠᠢ ᠪᠦᠬᠦᠨ ᠨᠢᠭᠡᠨ ᠵᠡᠷᠭᠡ ᠪᠠᠷ ᠡᠷᠭᠦᠵᠡᠢ᠃ ᠭᠡᠳᠡᠯ᠎ᠡ ᠡᠨ᠋ᠨ ᠪᠣᠯ ᠠᠪᠤᠷᠠᠯ ᠤᠨ | ᠲᠠᠭᠤᠨ ᠪᠢᠰᠢ᠂ ᠦᠬᠦᠯ ᠤᠨ ᠴᠢᠮᠡᠭᠡ ᠭᠡᠰᠡᠨ ᠢ ᠰᠤᠪᠢᠩ ᠢᠶᠠᠷ ᠮᠡᠳᠡᠷᠡᠮᠡᠭᠴᠡ ᠲᠤᠯᠤᠭᠠᠢ ᠪᠦᠬᠦᠨ ᠢ ᠦᠪᠡᠷ ᠤᠨ | ᠡᠷᠬᠡ ᠦᠭᠡᠢ ᠪᠦᠬᠦ᠋ᠢᠯᠭᠡᠵᠡᠢ᠃ | — ᠵᠠ ᠣᠳᠣ ᠴᠢᠨᠦ ᠴᠡᠷᠢᠭ ᠤᠨ ᠬᠦᠳᠡᠯᠬᠦ ᠴᠠᠭ ᠪᠤᠯᠤᠭᠰᠠᠨ ᠭᠡᠵᠦ ᠬᠠᠭᠠᠨ ᠰᠡᠳᠬᠢᠯ ᠬᠠᠨᠤᠮᠵᠢᠳᠠᠢ | ᠬᠡᠯᠡᠭᠡᠳ᠂ ᠭᠤᠷᠪᠠᠨ ᠦᠶᠡᠳᠦ ᠭᠠᠤᠯᠢᠨ ᠲᠤᠷᠡᠨ ᠢᠶᠠᠨ ᠬᠤᠷᠣᠯᠠᠢ ᠨᠣᠶᠡᠨ ᠳᠤ ᠦᠭᠭᠦᠯ᠎ᠡ᠃ ᠬᠠᠵᠠᠭᠤ ᠠᠴᠠ | ᠬᠠᠮᠠᠭᠠᠯᠠᠭᠴᠢ ᠲᠦᠰᠢᠮᠡᠯ ᠴᠦ ᠬᠠᠭᠠᠨ ᠤ ᠵᠠᠷᠯᠢᠭ ᠢ ᠭᠠᠳᠠᠭᠰᠢ ᠨᠢ ᠲᠠᠮᠵᠢᠭᠤᠯᠵᠤ ᠠᠮᠵᠢᠵᠠᠢ᠃ | ᠲᠤᠷᠡᠨ ᠤ ᠬᠠᠷᠠᠭᠠᠨ ᠳᠤ ᠲᠤᠭᠤᠰᠤ ᠬᠤᠶᠢᠯᠠᠷᠡᠨ ᠲᠣᠪᠤ ᠲᠣᠪᠣᠴᠠᠭ ᠲᠠᠶᠢᠪᠠᠯᠵᠠᠵᠤ᠂ ᠮᠣᠷᠢᠲᠦ ᠴᠡᠷᠢᠭ ᠲᠤ | ᠲᠠᠭᠤᠭᠲᠠᠨ ᠪᠠᠶᠢᠭ᠎ᠠ ᠶᠠᠪᠠᠭᠠᠨ ᠴᠡᠷᠢᠭ ᠤᠨ ᠰᠠᠮᠠᠭᠤᠷᠠᠭᠰᠠᠨ ᠵᠢᠭᠰᠠᠭᠠᠯ ᠰᠡᠭᠦᠯ ᠠᠴᠠ ᠪᠠᠨ ᠴᠠᠪᠴᠢᠭᠳᠠᠨ ᠣᠨᠠᠭᠰᠠᠭᠠᠷ | ᠵᠢᠭᠤᠳᠠᠵᠤ ᠶᠠᠪᠤᠨ᠎ᠠ᠃ ᠮᠣᠷᠢ ᠲᠠᠢ ᠭᠠᠭᠴᠠ ᠮᠤᠩᠭᠤᠯ ᠢ ᠵᠠᠭᠤ ᠪᠠᠷ ᠵᠣᠯᠢᠪᠠᠴᠦ ᠬᠤᠨᠵᠢᠩ ᠭᠡᠵᠦ ᠡᠳᠡᠨ ᠤ ᠬᠢᠨ | ᠬᠡᠯᠡᠳᠡᠭ ᠨᠢ ᠣᠷᠣ ᠲᠠᠢ ᠴᠦ ᠦᠭᠡ ᠶᠤᠮ ᠤᠤ᠂ ᠴᠡᠷᠢᠭ ᠤᠨ ᠬᠢᠨᠢ ᠵᠢᠭᠤᠳᠠᠵᠤ ᠪᠠᠶᠢᠭ᠎ᠠ ᠶᠢ ᠬᠠᠷᠠᠯ ᠳ᠋ᠠ᠂ | ᠲᠠᠶᠢᠮᠦ ᠳᠡᠭᠡᠨ ᠡᠨ᠋ᠨ ᠮᠡᠲᠦ ᠬᠦᠴᠦ ᠲᠠᠢ ᠲᠠᠭᠠᠷᠢᠯᠳᠠ ᠳᠤ ᠲᠡᠰᠴᠦ ᠶᠠᠳᠠᠭᠠᠳ ᠮᠢᠨᠤ ᠠᠬ᠎ᠠ ᠲᠡᠭᠦᠦ ᠨᠠᠷ ᠢ ᠡᠮᠦᠨ᠎ᠡ | ᠪᠠᠨ ᠪᠠᠷᠢᠬᠤ ᠭᠡᠰᠡᠨ ᠪᠢᠵᠡ᠃ ᠢᠩᠬᠢᠵᠦ ᠠᠯᠠᠯᠳᠤᠭᠤᠯᠬᠤ ᠶᠢ ᠮᠡᠳᠡᠭᠰᠡᠨ ᠪᠣᠯ ᠠᠩᠭᠢᠵᠢᠷᠡᠵᠤ ᠢᠷᠡᠭᠰᠡᠨ ᠤ ᠬᠡᠷᠡᠭ | ᠨᠢ ᠶᠠᠭᠤ ᠪᠠᠶᠢᠬᠤ ᠪᠢᠯᠡ᠃ ᠦᠭᠡᠢ ᠪᠢ ᠶᠠᠭᠤ ᠪᠣᠳᠣᠵᠤ ᠪᠠᠶᠢᠨ᠎ᠠ ᠪᠤᠢ︖ ᠡᠵᠡᠨ ᠬᠠᠭᠠᠨ ᠤ ᠬᠠᠵᠠᠭᠤ ᠳᠤ | ᠡᠯᠳᠡᠪ ᠡᠰᠡ ᠶᠢᠨ ᠪᠤᠳᠤᠯ ᠡᠪᠦᠷᠯᠡᠬᠦ ᠨᠢ ᠣᠰᠣᠯ ᠪᠤᠯᠬᠤ ᠠᠴᠠ ᠮᠢᠨᠦ ᠪᠤᠳᠣᠯ ᠢ ᠨᠡᠪᠲᠡ ᠮᠡᠳᠡᠪᠡᠯ ᠲᠤᠯᠤᠭᠠᠢ | ᠤᠨᠠᠨ᠎ᠠ ᠭᠡᠰᠡᠨ ᠦᠭᠡ ᠰᠢᠦ᠃ ᠠᠢ ᠬᠦᠭᠡᠷᠦᠭᠦᠢ᠂ ᠠᠳᠠᠯᠢ ᠨᠢᠭᠡ ᠰᠦᠯᠳᠡᠳᠡᠨ ᠤ ᠠᠯᠢ ᠶᠢ ᠨᠢ ᠲᠡᠭᠷᠢ | ᠦᠷᠦᠰᠢᠶᠡᠬᠦ ᠪᠣᠯ ᠳ᠋ᠠ᠃ | ᠲᠣᠷᠠᠨ ᠪᠠᠷᠢᠭᠰᠠᠨ ᠬᠤᠷᠣᠯᠠᠢ ᠨᠤᠶᠡᠨ ᠬᠠᠭᠠᠨ ᠤ ᠡᠮᠦᠨ᠎ᠡ ᠵᠣᠭᠰᠤᠭ᠎ᠠ ᠪᠠᠷ ᠦᠭᠡ ᠬᠡᠯᠡᠵᠦ ᠪᠣᠯᠳᠠᠭ ᠦᠭᠡᠢ ᠶᠢ | ᠮᠡᠳᠡᠳᠡᠭ ᠲᠡᠭᠡᠨ ᠰᠦᠬᠦᠷᠡᠬᠦ ᠠᠴᠠ ᠲᠦᠪᠡᠭᠰᠢᠶᠡᠭᠰᠡᠨ ᠭᠡᠯᠲᠡᠢ ᠭᠦᠯᠦᠰᠦ ᠪᠠᠨ ᠠᠷᠴᠢᠨ ᠬᠦᠯᠢᠶᠡᠵᠡᠢ᠃ | ᠵᠡ ᠪᠠᠶᠢᠵᠠ᠂ ᠮᠦᠩᠭᠡ ᠲᠡᠭᠷᠢ ᠳᠤ ᠵᠠᠯᠪᠠᠷᠢᠨ᠎ᠠ ᠤᠤ᠂ ᠮᠠᠨᠵᠤ ᠬᠠᠭᠠᠨ ᠳᠤ ᠰᠦᠰᠦᠭᠯᠡᠨ᠎ᠡ ᠤᠤ᠃ ᠠᠯᠢ ᠨᠢ ᠴᠦ | ᠪᠤᠯᠤᠭ ᠠᠬ᠎ᠠ ᠲᠡᠭᠦᠦ ᠨᠠᠷ ᠤᠨ ᠮᠢᠨᠢ ᠠᠮᠢᠨ ᠵᠠᠪᠰᠠᠷ ᠣᠷᠣᠬᠤ ᠪᠣᠯᠳᠤᠭᠠᠢ︕ | ᠵᠠ ᠣᠳᠣ ᠶᠠᠭᠤ ᠪᠤᠯᠤᠭ᠎ᠠ ᠪᠤᠢ ᠭᠡᠵᠦ ᠲᠠᠶᠢᠪᠤᠩ ᠬᠠᠩᠭᠠᠮᠵᠢᠳᠠᠢ ᠢᠨᠢᠶᠡᠳᠦ ᠠᠯᠳᠠᠭᠰᠠᠨ ᠬᠠᠭᠠᠨᠳᠠᠨ᠂ ᠭᠠᠷ | ᠰᠠᠷᠪᠠᠶᠢᠨ ᠲᠤᠷᠡᠨ ᠢᠶᠠᠨ ᠠᠪᠴᠦ ᠦᠪᠡᠷ ᠤᠨ ᠠᠤᠭ᠎ᠠ ᠶᠡᠭᠡ ᠢᠯᠡᠯᠳᠠ ᠪᠠᠨ ᠠᠯᠤᠰ ᠠᠴᠠ ᠲᠤᠷᠡᠨᠳᠠᠵᠤ ᠡᠬᠢᠯᠡᠪᠡ᠃ | ᠮᠤᠷᠢᠨ ᠤ ᠬᠤᠷᠳᠤᠨ ᠢᠶᠠᠷ ᠲᠠᠭᠠᠷᠢᠨ ᠤᠷᠤᠭᠰᠠᠨ ᠦᠭᠡᠯᠡᠳ ᠴᠡᠷᠢᠭ ᠤᠨ ᠬᠢᠨᠢ ᠵᠢᠭᠤᠳᠠᠵᠤ ᠶᠠᠪᠤᠭ᠎ᠠ | ᠴᠡᠷᠢᠭ ᠤᠨ ᠲᠤᠮᠳᠠᠭᠤᠷ ᠰᠦᠷᠦᠨ ᠲᠠᠪᠬᠢᠭᠤᠯᠵᠤ᠂ ᠬᠤᠶᠢᠨ᠎ᠠ ᠠᠴᠠ ᠨᠢ ᠨᠡᠭᠡᠮᠵᠢᠯᠡᠨ ᠬᠢᠷᠭᠠᠵᠤ ᠶᠠᠪᠤᠭ᠎ᠠ ᠭᠠᠯᠳᠡᠨ ᠤ | ᠴᠡᠷᠢᠭ ᠤᠨ ᠲᠦᠷᠦᠭᠦᠴᠢ ᠶᠢ ᠬᠠᠰᠢᠵᠦ ᠠᠪᠴᠠᠢ᠃ ᠤᠯᠡᠨ ᠠᠴᠠ ᠤᠨᠴᠠᠭᠠᠢ ᠬᠦᠳᠡᠷ ᠵᠢᠳᠠ ᠪᠠᠷᠢᠭᠰᠠᠨ ᠱᠠᠯᠪᠢᠩ | ᠬᠡᠳᠦ ᠭᠡᠳᠦᠨ ᠭᠦᠮᠦᠨ ᠢ ᠡᠲᠡᠵᠦ ᠤᠨᠠᠭᠠᠭᠠᠳ ᠤᠯᠠᠶᠢᠷᠡᠨ ᠲᠠᠪᠰᠢᠵᠦ ᠶᠠᠪᠤᠳᠠᠯᠡ ᠦᠪᠡᠷ ᠢ ᠨᠢ ᠨᠡᠷᠡᠯᠡᠬᠦ ᠰᠢᠭ | ᠪᠤᠯᠤᠭᠰᠠᠨ ᠨᠢᠭᠡ ᠶᠢ ᠨᠢ ᠵᠢᠳᠡᠯᠠᠭᠠᠳ ᠭᠠᠳᠤᠯᠤᠯᠠ᠃ | — ᠯᠤᠳᠦ ᠡ᠂ ᠴᠡᠷᠢᠭ ᠢᠶᠠᠨ ᠬᠤᠷᠲᠣᠨ ᠬᠤᠶᠢᠰᠢ ᠪᠠᠨ ᠲᠠᠳᠠ᠂ ᠲᠠᠨᠤᠰ ᠢᠯᠠᠭᠳᠠᠭᠰᠠᠨ ᠳᠦᠷᠢ ᠪᠠᠷ | ᠲᠤᠳᠠᠭᠠᠵᠤ ᠦᠵᠡ᠂ ᠪᠢᠳᠠ ᠢᠯᠠᠭᠰᠠᠨ ᠪᠣᠯᠵᠤ ᠬᠦᠬᠡᠬᠡᠵᠦ ᠦᠵᠡᠭᠦᠯᠦᠶ᠎ᠡ ᠭᠡᠵᠦ ᠵᠢᠯᠤᠭᠤ ᠪᠠᠨ ᠡᠷᠬᠢᠭᠦᠯᠦᠭᠰᠡᠨ | ᠱᠠᠯᠪᠢᠩ ᠬᠠᠰᠬᠢᠷᠦᠨ ᠬᠡᠯᠡᠭᠡᠳ ᠵᠢᠳᠠ ᠰᠤᠩᠭᠠᠨ ᠢᠷᠡᠯ᠎ᠡ᠃ | — ᠦᠢᠷᠡᠳ ᠤᠨ ᠬᠤᠪᠢ ᠵᠠᠶᠠᠭ᠎ᠠ ᠶᠢ ᠮᠦᠩᠭᠡ ᠲᠡᠭᠷᠢ ᠮᠡᠳᠡᠬᠦ ᠪᠢᠵᠡ᠃ ᠠᠮᠢ ᠠᠪᠤᠷᠠᠭᠰᠠᠨ ᠠᠴᠢ ᠶᠢ ᠴᠢᠨᠢ | ᠢᠩᠬᠢᠵᠦ ᠯᠡ ᠬᠠᠷᠢᠭᠤᠯᠬᠤ ᠦᠭᠡᠢ ᠪᠠᠶᠢᠬᠤ ᠶᠢᠨ ᠠᠷᠭ᠎ᠠ ᠦᠭᠡᠢ ᠪᠤᠯᠤᠯ᠎ᠠ ᠭᠡᠳ ᠲᠡᠷᠡ ᠨᠢ ᠴᠦ ᠵᠢᠳᠠ | ᠬᠢᠯᠡᠯᠵᠠᠭᠤᠯᠤᠨ ᠢᠷᠡᠪᠡ᠃ | — ᠮᠢᠨᠦ ᠦᠭᠡ ᠶᠢ ᠰᠤᠨᠤᠰ᠂ ᠮᠦᠩᠬᠦᠨ ᠲᠣᠪᠣᠷᠣᠣᠳᠣ ᠵᠤᠳᠤᠭ ᠢ ᠴᠠᠭᠠᠰᠢ ᠨᠢ ᠳᠠᠮᠵᠢᠭᠤᠯ ᠭᠡᠵᠦ ᠱᠠᠯᠪᠢᠩ | ᠬᠠᠰᠬᠢᠷᠬᠤ ᠶᠢᠨ ᠲᠠᠭᠠᠤ ᠪᠦᠰᠡ ᠪᠠᠨ ᠠᠯᠳᠠᠷᠠᠭᠠᠬᠤ ᠭᠡᠳ ᠴᠢᠬᠢ ᠲᠦᠯᠡᠶᠢᠷᠡᠮᠡ ᠲᠠᠭᠤᠨ ᠳᠤ ᠮᠣᠷᠢᠨ ᠠᠴᠠ ᠰᠠᠪᠠᠵᠦ | ᠤᠨᠠᠯᠡ᠃ | ᠲᠤᠯᠤᠯᠳᠤᠭᠠᠨ ᠤ ᠳᠣᠮᠳᠠ ᠡᠷᠬᠢᠨ ᠲᠤᠭᠤᠷᠢᠨ ᠤ ᠴᠡᠷᠢᠭ ᠤᠳ ᠭᠠᠵᠡᠷ ᠬᠡᠪᠲᠡᠭᠡ ᠪᠡᠶ᠎ᠡ ᠶᠢ ᠡᠷᠭᠦᠨ ᠪᠠᠶᠢᠳᠡᠯ᠎ᠡ | ᠮᠤᠷᠢᠨ ᠲᠤᠭᠤᠷᠠᠢ ᠲᠠᠴᠢᠬᠢᠨᠡᠨ ᠲᠡᠷᠨ ᠪᠦᠭᠦᠨ ᠢ ᠬᠢᠰᠬᠢᠯᠡᠵᠦ ᠤᠷᠬᠢᠪᠠ᠃ ᠴᠡᠭᠡᠵᠢᠨ ᠳᠤ ᠰᠢᠳᠠᠭᠰᠠᠨ ᠲᠦᠢᠮᠡᠷ | ᠤᠨ ᠭᠠᠯ ᠠᠭᠱᠠᠨ᠎ᠠ ᠲᠠᠷᠤᠭᠳᠠᠵᠤ ᠲᠤᠳᠤᠷ᠎ᠡ ᠤᠩᠭᠤᠶᠢᠬᠤ ᠰᠢᠭ᠋ ᠪᠣᠯᠬᠤ ᠳᠤ ᠲᠡᠷᠭᠡᠳᠠ ᠨᠢ ᠬᠦᠮᠦᠨ ᠤ | ᠶᠠᠷᠢᠯᠴᠠᠬᠤ ᠴᠦ ᠲᠣᠭᠤᠯᠳᠠᠪᠠ᠃ ᠤᠬᠠᠭᠠᠨ ᠤ ᠭᠦᠨ ᠳᠤ ᠨᠠᠷᠠ ᠭᠢᠯᠠᠰ ᠬᠢᠬᠦ ᠰᠢᠭ ᠪᠤᠯᠤᠭᠠᠳ | ᠰᠢᠷᠬᠠᠳᠤᠭᠰᠠᠨ ᠢᠶᠠᠨ ᠰᠠᠨᠠᠵᠤ ᠤᠯᠪᠠ᠃ | ᠱᠠᠯᠪᠢᠩ ᠴᠡᠭᠡᠵᠢ ᠪᠠᠷ ᠢᠶᠠᠨ ᠬᠦᠨᠳᠦ ᠰᠢᠷᠬᠠᠳᠤᠭᠰᠠᠨ ᠪᠠᠶᠢᠪᠠ᠃ ᠭᠡᠬᠦ ᠳᠤ ᠦᠰᠢᠶᠡᠳᠡᠨ ᠤ ᠰᠤᠮᠤᠨ ᠳᠤ ᠪᠢᠰᠢ᠂ | ᠭᠦᠮᠦᠨ ᠤ ᠦᠪᠡᠷ ᠤᠨ ᠢᠯᠭᠠᠯ ᠦᠭᠡᠢ ᠮᠤᠷᠢᠳᠡᠨ ᠪᠦᠭᠦᠨ ᠢ ᠰᠡᠭ ᠪᠤᠯᠭᠠᠭᠰᠠᠨ ᠶᠡᠭᠡ ᠫᠣᠣ ᠶᠢᠨ ᠰᠣᠮᠣᠨ ᠤ | ᠰᠢᠷᠡᠮᠦᠨ ᠬᠡᠯᠳᠡᠷᠭᠡᠢ ᠳᠤ ᠰᠢᠷᠬᠠᠳᠤᠵᠡᠢ᠃ | ᠴᠢᠰᠦ ᠶᠡᠭᠡ ᠠᠯᠳᠠᠭᠳᠠᠭᠰᠠᠨ ᠠᠴᠠ ᠲᠤᠯᠤᠭᠠᠢ ᠲᠠᠭᠠᠭᠠᠯ ᠦᠭᠡᠢ ᠪᠠᠶᠢᠬᠤ ᠱᠠᠯᠪᠢᠩ ᠪᠣᠯᠣᠨ ᠬᠤᠷᠢᠭᠠᠳ ᠭᠦᠨᠳᠦ | ᠰᠢᠷᠬᠠᠳᠠᠨ ᠢ ᠬᠠᠩᠭᠠᠢ ᠲᠡᠷᠭᠡᠨ ᠳᠤ ᠦᠬᠦᠳᠡᠯ ᠮᠡᠲᠦ ᠲᠡᠭᠡᠭᠡᠵᠦ᠂ ᠨᠣᠲᠤᠭ ᠤᠨ ᠵᠦᠭ ᠦᠨᠵᠢᠵᠦ ᠬᠤᠨᠤᠭᠠᠳ | ᠠᠶᠠᠯᠠᠪᠠ᠃ | ᠭᠠᠯᠳᠡᠨ ᠤ ᠴᠡᠷᠢᠭ ᠤᠨ ᠢᠯᠠᠭᠳᠠᠯ ᠢᠶᠠᠷ ᠪᠠᠶᠢᠯᠳᠦᠭᠠᠨ ᠲᠡᠭᠦᠰᠴᠠᠢ᠃ | ᠡᠩᠭᠡ ᠠᠮᠤᠭᠤᠯᠠᠩ ᠬᠠᠭᠠᠨ ᠴᠦ ᠰᠠᠨᠠᠭ᠎ᠠ ᠰᠡᠳᠬᠢᠯ ᠠᠮᠠᠷᠡᠵᠦ᠂ ᠲᠦᠷᠦ ᠲᠦᠪᠰᠢᠷᠡᠵᠡᠢ᠃ ︵ᠦᠷᠬᠦᠯᠵᠢᠯᠡᠯ | ᠪᠣᠢ︶ |