ᠨᠤᠲᠤᠭ ᠤᠨ ᠵᠠᠰᠠᠯ᠄ ᠬᠠᠯᠠᠭᠠᠢ
ᠨᠡᠶᠢᠲᠡᠯᠡᠭᠰᠡᠨ ᠴᠠᠭ᠄
2023/3/20
    ᠲᠠᠪᠤᠨ ᠰᠠᠷ᠎ᠠ ᠶᠢᠨ ᠬᠠᠯᠠᠭᠠᠢ ᠶᠢ ᠠᠷᠠᠳ ᠤᠨ ᠤᠯᠠᠮᠵᠢᠯᠠᠯᠲᠤ ᠡᠮᠴᠢᠯᠡᠭᠡᠨ ᠳᠤ ᠥᠷᠭᠡᠨ ᠬᠡᠷᠡᠭᠯᠡᠳᠡᠭ᠃ ᠡᠨᠡ ᠦᠶ᠎ᠡ ᠳᠤ ᠬᠠᠯᠠᠭᠠᠢ 25 ᠊᠊᠊᠊᠊ 30 ᠰᠡᠨᠲᠢᠮᠧᠳ᠋ᠷ ᠤᠷᠭᠤᠭᠰᠠᠨ ᠪᠠᠶᠢᠳᠠᠭ᠂ ᠲᠠᠪᠤᠨ ᠰᠠᠷ᠎ᠠ ᠶᠢᠨ ᠬᠠᠯᠠᠭᠠᠢ ᠶᠢ ᠬᠠᠲᠠᠭᠠᠵᠤ ᠡᠰᠡᠪᠡᠯ ᠰᠢᠭᠤᠳ ᠬᠡᠷᠡᠭᠯᠡᠵᠦ ᠪᠣᠯᠤᠨ᠎ᠠ᠃ ᠶᠡᠷᠦᠨᠢ ᠬᠠᠯᠠᠭᠠᠢ ᠶᠢ ᠵᠠᠪᠠᠯ ᠲᠠᠪᠤᠨ ᠰᠠᠷ᠎ᠠ ᠭᠡᠰᠡᠨ ᠦᠭᠡᠢ 8 ᠊᠊᠊᠊᠊ 9 ᠰᠠᠷ᠎ᠠ ᠳᠤ ᠴᠤ ᠲᠡᠭᠦᠨ ᠠᠪᠴᠤ ᠬᠠᠲᠠᠭᠠᠵᠤ ᠬᠡᠷᠡᠭᠯᠡᠵᠦ ᠪᠣᠯᠤᠨ᠎ᠠ᠃ ᠬᠠᠯᠠᠭᠠᠢ ᠶᠢ ᠵᠤᠨ ᠤ ᠰᠡᠬᠦᠯ᠂ ᠨᠠᠮᠤᠷ ᠤᠨ ᠡᠬᠢ ᠪᠠᠷ ᠬᠤᠷᠢᠶᠠᠨ ᠠᠪᠴᠤ ᠲᠠᠷᠤᠰᠢᠭᠤᠯᠤᠨ ᠵᠦᠪ ᠬᠠᠳᠠᠭᠠᠯᠠᠬᠤ ᠨᠢ ᠴᠢᠬᠤᠯᠠ ᠪᠠᠶᠢᠳᠠᠭ᠃ ᠬᠠᠯᠠᠭᠠᠢ ᠨᠢ ᠸᠢᠲ᠋ᠠᠮᠢᠨ C ᠊᠊᠊ K ᠪᠠᠷ ᠪᠠᠶᠠᠯᠢᠭ᠂ ᠤᠭᠤᠷᠠᠭ᠂ ᠲᠡᠮᠦᠷ᠂ ᠺᠠᠯᠼ᠂ ᠮᠠᠭᠨᠢ᠂ ᠴᠠᠶᠢᠷ ᠵᠡᠷᠭᠡ ᠡᠯᠧᠮᠧᠨ᠋ᠲ ᠤᠳ ᠶᠡᠭᠡ ᠬᠡᠮᠵᠢᠶ᠎ᠡ ᠪᠠᠷ ᠠᠭᠤᠯᠳᠠᠭ᠃ ᠴᠢᠰᠤ ᠳᠤᠳᠠᠳᠠᠭ ᠬᠥᠮᠥᠰ 500 ᠭᠷᠡᠮ ᠵᠥᠭᠡᠢ ᠶᠢᠨ ᠪᠠᠯ ᠳᠤ 100 ᠭᠷᠡᠮ ᠬᠠᠲᠠᠭᠠᠵᠤ ᠨᠤᠨᠳᠠᠭᠯᠠᠭᠰᠠᠨ ᠬᠠᠯᠠᠭᠠᠢ ᠶᠢ ᠬᠢᠵᠦ ᠨᠠᠶᠢᠷᠠᠭᠤᠯᠤᠨ᠂ ᠬᠤᠭᠤᠯᠠᠯᠠᠭᠰᠠᠨ ᠤ ᠳᠠᠷᠠᠭ᠎ᠠ ᠡᠳᠦᠷ ᠲᠤ ᠬᠠᠯᠪᠠᠭ᠎ᠠ ᠪᠠᠷ 3 ᠤᠳᠠᠭ᠎ᠠ ᠤᠤᠭᠤᠨ᠎ᠠ᠃ ᠡᠯᠢᠭᠡ ᠰᠥᠰᠦ ᠬᠤᠳᠣᠭᠤᠳᠣ ᠰᠢᠯᠤᠭᠤᠨ ᠭᠡᠳᠡᠰᠦᠨ ᠤ ᠰᠠᠯᠢᠰᠤᠲᠤ ᠶᠢᠨ ᠦᠷᠪᠢᠰᠦᠯ᠂ ᠨᠦᠢᠷ ᠬᠤᠯᠵᠢᠬᠤ᠂ ᠤᠰᠤᠨ ᠬᠠᠪᠤᠩ ᠬᠥᠭᠡᠬᠦ᠂ ᠡᠮᠡᠭᠲᠡᠶᠢᠴᠦᠳ ᠤᠨ ᠰᠠᠪᠠᠨ ᠤ ᠡᠪᠡᠳᠴᠢᠨ ᠳᠤ ᠬᠠᠯᠠᠭᠠᠢ ᠶᠢ ᠥᠷᠭᠡᠨ ᠬᠡᠷᠡᠭᠯᠡᠨ᠎ᠡ᠃ ᠡᠭᠦᠨ ᠤ ᠲᠤᠯᠠᠳᠠ 200 ᠮᠢᠯᠢᠯᠢᠲ᠋ᠧᠷ ᠬᠠᠯᠠᠭᠤᠨ ᠤᠰᠤᠨ ᠳᠤ ᠬᠠᠲᠠᠭᠠᠵᠤ ᠨᠤᠨᠲᠠᠭᠯᠠᠭᠰᠠᠨ ᠨᠢᠭᠡ ᠬᠠᠯᠪᠠᠭ᠎ᠠ ᠬᠠᠯᠠᠭᠠᠢ ᠶᠢ ᠬᠢᠵᠦ 1 ᠴᠠᠭ ᠣᠷᠴᠢᠮ ᠢᠳᠡᠭᠡᠰᠢᠭᠦᠯᠵᠦ᠂ ᠡᠳᠤᠷ ᠲᠤ ᠭᠤᠷᠪᠠ ᠬᠤᠪᠢᠶᠠᠨ ᠬᠤᠭᠤᠯᠠᠨ ᠤ ᠳᠠᠷᠠᠭ᠎ᠠ ᠤᠤᠭᠤᠨ᠎ᠠ᠃ ᠠᠷᠠᠰᠤ ᠵᠢᠪᠬᠤᠭᠠᠵᠢᠭᠤᠯᠬᠤ ᠳᠤ ᠬᠠᠲᠠᠭᠠᠵᠤ ᠨᠤᠨᠲᠠᠭᠯᠠᠭᠰᠠᠨ ᠬᠠᠯᠠᠭᠠᠢ ᠠᠴᠠ 1 ᠊᠊᠊᠊᠊ 2 ᠬᠠᠯᠪᠠᠭ᠎ᠠ ᠶᠢ ᠠᠶᠠᠭᠠᠨ ᠳᠤ ᠬᠢᠵᠦ ᠬᠠᠯᠠᠭᠤᠨ ᠤᠰᠤ ᠪᠠᠷ ᠵᠢᠭᠤᠷᠠᠵᠤ 10 ᠮᠢᠨᠦ᠋ᠲ ᠢᠳᠡᠭᠡᠰᠢᠭᠦᠯᠦᠨ᠎ᠡ᠃ ᠬᠠᠯᠠᠭᠠᠢ ᠶᠢᠨ ᠪᠦᠯᠢᠶᠡᠨ ᠵᠤᠲᠠᠩ ᠢᠶᠠᠷ ᠨᠢᠭᠤᠷ ᠪᠣᠯᠤᠨ ᠬᠦᠵᠦᠭᠦᠨ ᠳᠡᠭᠡᠨ ᠲᠦᠷᠬᠢᠵᠦ 20 ᠊᠊᠊᠊᠊ 25 ᠮᠢᠨᠦ᠋ᠲ ᠤᠨ ᠳᠠᠷᠠᠭ᠎ᠠ ᠤᠰᠤ ᠪᠠᠷ ᠤᠭᠢᠶᠠᠨ᠎ᠠ᠃ ᠡᠶᠢᠨᠬᠦ ᠨᠢᠯᠬ᠎ᠠ ᠬᠠᠯᠠᠭᠠᠢ ᠶᠢᠨ ᠮᠠᠰᠺ ᠢ ᠪᠦᠬᠦ ᠲᠥᠷᠤᠯ ᠤᠨ ᠠᠷᠠᠰᠤ ᠠᠷᠠᠴᠢᠯᠠᠭᠠᠨ ᠳᠤ ᠬᠡᠷᠡᠭᠯᠡᠬᠦ ᠳᠤ ᠥᠩᠭᠡᠯᠢᠭ ᠪᠣᠯᠭᠠᠬᠤ ᠠᠴᠠ ᠭᠠᠳᠠᠨ᠎ᠠ ᠲᠡᠵᠢᠭᠡᠯ ᠥᠭᠬᠦ ᠰᠠᠶᠢᠨ ᠲᠠᠯ᠎ᠠ ᠲᠠᠢ᠃ ᠲᠠᠷᠢᠬᠢᠨ ᠤ ᠰᠤᠳᠠᠰᠤᠨ ᠤ ᠨᠠᠷᠢᠰᠤᠯ᠂ ᠦᠰᠦ ᠤᠨᠠᠯᠲᠠ ᠶᠢ ᠵᠣᠭᠰᠣᠭᠠᠬᠤ ᠵᠣᠷᠢᠯᠭ᠎ᠠ ᠪᠠᠷ ᠬᠠᠯᠠᠭᠠᠢ ᠶᠢᠨ ᠬᠠᠨᠳᠠ ᠪᠠᠷ ᠤᠭᠢᠶᠠᠵᠤ ᠱᠠᠪᠰᠢᠵᠤ ᠬᠡᠷᠡᠭᠯᠡᠵᠦ ᠪᠣᠯᠤᠨ᠎ᠠ᠃ ᠮᠥᠨ 200 ᠭᠷᠠᠮ ᠬᠠᠲᠠᠭᠠᠭᠰᠠᠨ ᠬᠠᠯᠠᠭᠠᠢ ᠶᠢ 300 ᠮᠢᠯᠢᠯᠢᠲ᠋ᠧᠷ ᠤᠰᠤᠨ ᠳᠤ ᠬᠢᠵᠦ ᠪᠤᠴᠠᠯᠭᠠᠨ 200 ᠮᠢᠯᠢᠯᠢᠲ᠋ᠧᠷ ᠬᠦᠷᠲᠡᠯ᠎ᠡ ᠢᠳᠡᠭᠡᠰᠢᠭᠦᠯᠦᠭᠡᠳ ᠰᠢᠩᠭᠡᠨ ᠢᠶᠠᠷ ᠨᠢ ᠦᠰᠦ ᠪᠣᠯᠤᠨ ᠬᠤᠶᠢᠬᠠᠨ ᠳᠠᠭᠠᠨ ᠰᠦᠷᠴᠢᠵᠦ ᠱᠠᠪᠰᠢᠵᠤ ᠬᠡᠷᠡᠭᠯᠡᠨ᠎ᠡ᠃ ᠰᠤᠳᠠᠰᠤᠨ ᠤ ᠨᠠᠷᠢᠰᠤᠯ ᠤᠨ ᠦᠶ᠎ᠡ ᠳᠤ ᠡᠮᠴᠢᠯᠡᠭᠡᠨ ᠤ ᠳ᠋ᠦᠡᠭ ᠨᠢ ᠡᠳᠤᠷ ᠲᠤ 3 ᠴᠠᠭ ᠢᠶᠠᠷ 15 ᠮᠢᠨᠦ᠋ᠲ ᠲᠤᠲᠤᠮ ᠬᠤᠶᠢᠬᠠᠨ ᠳᠤ ᠰᠦᠷᠴᠢᠵᠦ 7 ᠬᠤᠨᠤᠭ ᠬᠡᠷᠡᠭᠯᠡᠭᠡᠳ 14 ᠬᠤᠨᠤᠭ ᠠᠮᠠᠷᠠᠨ᠎ᠠ᠃ ᠡᠮᠴᠢᠯᠡᠭᠡ ᠶᠢ ᠦᠷ᠎ᠡ ᠳ᠋ᠦᠩ ᠭᠠᠷᠲᠠᠯ᠎ᠠ ᠦᠷᠭᠦᠯᠵᠢᠯᠡᠭᠦᠯᠦᠨ᠎ᠡ᠃ ᠦᠰᠦᠨ ᠤ ᠴᠢᠨᠠᠷ ᠢ ᠳᠡᠭᠡᠭᠰᠢᠯᠡᠭᠦᠯᠬᠦ ᠳᠤ 7 ᠬᠤᠨᠤᠭ ᠲᠤ 2 ᠊᠊᠊᠊᠊ 3 ᠤᠳᠠᠭ᠎ᠠ ᠦᠰᠦᠨ ᠳᠡᠭᠡᠨ ᠰᠦᠷᠴᠢᠵᠦ ᠬᠡᠷᠡᠭᠯᠡᠨ᠎ᠡ᠃ ᠬᠠᠯᠠᠭᠠᠢ ᠲᠠᠢ ᠴᠠᠢ᠂ ᠬᠠᠯᠠᠭᠠᠢ ᠲᠠᠢ ᠬᠤᠱᠤᠤᠷ ᠬᠠᠪᠤᠷ ᠤᠨ ᠤᠯᠠᠷᠢᠯ ᠳᠤ ᠬᠦᠨᠡᠰᠦ ᠲᠡᠳᠦᠢ ᠦᠭᠡᠢ ᠠᠮᠢᠨ ᠳᠡᠮ ᠪᠣᠯᠣᠨ᠎ᠠ᠃ ᠬᠠᠳᠠᠭᠠᠯᠠᠭᠰᠠᠨ ᠬᠠᠯᠠᠭᠠᠢ ᠶᠢ ᠬᠠᠯᠠᠭᠠᠢ ᠴᠠᠢ᠂ ᠤᠮᠳᠠᠭᠠᠨ᠂ ᠬᠠᠯᠠᠭᠠᠢ ᠲᠠᠢ ᠬᠤᠱᠤᠤᠷ ᠭᠡᠬᠦ ᠮᠡᠳᠥ ᠪᠠᠷ ᠬᠦᠨᠡᠰᠦᠨ ᠳᠡᠭᠡᠨ ᠬᠡᠷᠡᠭᠯᠡᠵᠦ ᠪᠣᠯᠬᠤ ᠶᠤᠮ᠃ ᠬᠠᠯᠠᠭᠠᠢ ᠨᠢ ᠸᠢᠲ᠋ᠠᠮᠢᠨ C ᠂ ᠣᠭᠤᠷᠠᠭ᠂ ᠳᠠᠮᠣᠷ ᠵᠡᠷᠭᠡ ᠡᠯᠪᠡᠭ ᠠᠭᠤᠯᠳᠠᠭ ᠳᠣᠯᠠ ᠱᠦᠯᠦᠨ ᠳᠤ᠂ ᠮᠦᠨ ᠪᠣᠣᠵᠠ᠂ ᠱᠠᠯᠪᠢᠩ ᠬᠢᠵᠦ ᠢᠳᠡᠬᠦ ᠳᠤ ᠶᠠᠳᠠᠷᠠᠭ᠎ᠠ ᠳᠠᠶᠢᠯᠳᠠᠭ ᠪᠢᠯᠡ᠃
 
ᠢᠷᠡᠯᠲᠡ᠄ ᠠᠯᠠᠱᠨ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠲᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号