ᠡᠪᠦᠯ ᠤᠨ ᠲᠦᠯ ᠪᠠ ᠬᠠᠪᠣᠷ ᠤᠨ ᠲᠦᠯ
ᠨᠡᠶᠢᠲᠡᠯᠡᠭᠰᠡᠨ ᠴᠠᠭ᠄
2023/2/27
      ︽ᠳᠤᠶᠢᠬ᠂ ᠳᠤᠶᠢᠬ᠂ ᠳᠤᠶᠢᠬ ᠁︾ ᠳᠤᠶᠢᠬ ᠤᠨ ᠳᠠᠭᠤᠨ ᠬᠠᠩᠭᠢᠨᠠᠬᠤ ᠳᠤ ᠭᠠᠵᠠᠷ ᠭᠡᠰᠦᠵᠦ ᠦᠨᠳᠦᠰᠦ ᠰᠡᠷᠢᠨ᠎ᠠ᠃ ᠨᠡᠭᠦᠳᠡᠯ ᠤᠨ ᠮᠠᠯ ᠠᠵᠤ ᠠᠬᠤᠢ ᠪᠤᠯ ᠨᠤᠳᠤᠭ ᠪᠡᠯᠴᠢᠭᠡᠷ ᠤᠨ ᠠᠮᠢ ᠠᠬᠤᠢ ᠶᠢᠨ ᠴᠢᠬᠤᠯᠠ ᠪᠦᠷᠢᠯᠳᠤᠭᠦᠨ ᠪᠤᠯᠤᠨ᠎ᠠ᠃ ᠳᠠᠯ᠎ᠠ ᠨᠤᠳᠤᠭ ᠭᠡᠵᠦ ᠠᠳᠠᠷ ᠵᠡᠯᠡᠭᠦᠳ ᠭᠠᠵᠠᠷ ᠪᠢᠰᠢ ᠬᠠᠷᠢᠨ ᠮᠠᠯ ᠤᠨ ᠬᠦᠯ ᠮᠠᠯᠴᠢᠳ ᠤᠨ ᠨᠡᠭᠦᠳᠡᠯ ᠳᠤ ︽ᠬᠠᠭᠠᠯᠪᠤᠷᠢᠯᠠᠬᠳᠠᠭᠰᠠᠨ︾ ᠮᠠᠯ ᠠᠵᠤ ᠠᠬᠤᠢ ᠶᠢᠨ ︽ᠦᠢᠯᠡᠳᠪᠦᠷᠢᠯᠡᠯ ᠤᠨ ᠪᠠᠭᠠᠵᠢ︾ ᠪᠤᠯᠤᠨ᠎ᠠ᠃ ᠳᠡᠶᠢᠮᠦ ᠠᠴᠠ ᠮᠠᠯ ᠤᠨ ᠬᠦᠯ ᠬᠤᠷᠢᠪᠠᠯ ᠪᠡᠯᠴᠢᠭᠡᠷ ᠰᠡᠷᠭᠦᠭᠡᠨ᠎ᠡ ᠭᠡᠳᠡᠭ ᠢ ᠵᠤᠬᠢᠬᠤ ᠴᠠᠭ ᠵᠠᠢ ᠳᠤ ᠠᠪᠠᠴᠢᠵᠤ ᠤᠢᠢᠯᠠᠭᠠᠪᠠᠯ ᠵᠦᠢᠳᠡᠢ᠃ ︽ᠨᠠᠷᠠ ᠬᠤᠷ᠎ᠠ ᠳᠡᠩᠴᠡᠭᠦᠦ᠂ ᠪᠡᠯᠴᠢᠭᠡᠷ ᠤᠨ ᠤᠷᠭᠤᠴᠠ ᠰᠠᠶᠢᠨ᠂ ᠡᠪᠡᠰᠦ ᠤᠷᠭᠤᠮᠠᠯ ᠤᠨ ᠳᠦᠷᠦᠯ ᠵᠦᠢᠯ ᠨᠢ ᠪᠦᠷᠢᠨ᠂ ᠮᠠᠯ ᠴᠠᠭ ᠴᠠᠭ ᠤᠨ ᠡᠪᠡᠰᠦ ᠤᠷᠭᠤᠮᠠᠯ ᠢᠶᠠᠨ ᠢᠳᠡᠵᠦ ᠬᠦᠴᠦ ᠳᠠᠷᠭᠤ ᠠᠪᠴᠤ᠂ ᠮᠠᠯᠴᠢᠳ ᠨᠢ ᠬᠡᠵᠢᠶ᠎ᠡ ᠱᠦᠯᠦ ᠤᠤᠭᠤᠵᠤ ᠬᠡᠵᠢᠶ᠎ᠠ ᠵᠦᠭᠡᠭᠡᠢ ᠳᠠᠯᠪᠢᠨ᠎ᠠ ᠭᠡᠳᠡᠭ ᠢᠶᠠᠨ ᠮᠠᠯ ᠤᠨ ᠢᠶᠠᠨ ᠠᠰᠢᠬ ᠦᠭᠭᠦᠭᠡᠵᠢ ᠪᠠᠷ ᠳᠤᠭᠳᠠᠭᠠᠵᠤ ᠪᠠᠷᠢᠵᠤ ᠳᠡᠶᠢᠯᠦᠨ᠎ᠠ︾ ᠭᠡᠳᠡᠭ ᠪᠤᠯ ᠤᠯᠠᠮᠵᠢᠯᠠᠯᠳᠤ ᠨᠡᠭᠦᠳᠡᠯ ᠮᠠᠯᠵᠢᠯ ᠠᠮᠢᠳᠤᠷᠠᠯ ᠤᠨ ᠪᠠᠶᠢᠭᠠᠯᠢ ᠳᠠᠭᠠᠨ ᠡᠨᠡᠭᠰᠢᠭᠰᠡᠨ ᠨᠢᠭᠡ ᠳᠠᠯ᠎ᠠ ᠶᠢ ᠬᠠᠷᠠᠭᠤᠯᠳᠠᠭ ᠢᠶᠠᠷ ᠪᠠᠷᠠᠬᠤ ᠦᠭᠡᠢ᠂ ᠮᠠᠯ ᠪᠠ ᠮᠠᠯᠴᠢᠨ ᠤ ᠬᠤᠭᠤᠷᠤᠨᠳᠤᠬᠢ ᠢᠳᠡᠰᠢ ᠶᠢᠨ ᠬᠢᠨᠵᠢ — ᠡᠷᠡᠭᠦᠯ ᠠᠮᠢᠳᠤᠷᠠᠯ ᠤᠨ ᠪᠠᠶᠢᠭᠠᠯᠢ ᠶᠢᠨ ᠵᠢᠮ᠎ᠠ ᠶᠤᠰᠤ ᠶᠢ ᠬᠠᠷᠠᠭᠤᠯᠵᠤ ᠪᠠᠶᠢᠳᠠᠭ᠃ ᠦᠩᠭᠡᠷᠡᠭᠰᠡᠨ ᠳᠤ᠂ ᠪᠦᠷ ᠬᠠᠪᠤᠷ ᠤᠨ ᠳᠦᠯ ᠳᠤᠰᠳᠠᠭ ᠪᠠᠶᠢᠬᠰᠠᠨ᠃ ᠡᠨᠡ ᠨᠢ ᠵᠦᠪᠬᠡᠨ ︽ᠳᠡᠭᠷᠢ ᠶᠢᠨ ᠴᠢᠷᠠᠢ ᠬᠠᠷᠠᠭᠰᠠᠨ︾ ᠳᠡᠳᠦᠢ ᠪᠢᠰᠢ᠂ ᠬᠠᠷᠢᠨ ᠪᠠᠶᠢᠭᠠᠯᠢ ᠤᠷᠴᠢᠨ ᠳᠠᠭᠠᠨ ᠵᠤᠬᠢᠴᠠᠭᠰᠠᠨ᠂ ᠪᠠᠶᠢᠭᠠᠯᠢ ᠤᠷᠴᠢᠨ ᠤ ᠰᠢᠮ᠎ᠠ ᠦᠭᠭᠦᠭᠡᠵᠢ ᠳᠡᠭᠡᠨ ᠨᠡᠶᠢᠴᠡᠭᠦᠯᠦᠭᠰᠡᠨ ᠶᠠᠪᠤᠳᠠᠯ ᠪᠠᠶᠢᠵᠤ᠂ ᠨᠤᠳᠤᠭ ᠪᠡᠯᠴᠢᠭᠡᠷ ᠤᠨ ᠠᠮᠢ ᠠᠬᠤᠢ ᠪᠠᠨ ᠬᠠᠷᠠᠭᠠᠯᠵᠠᠵᠤ ᠪᠠᠶᠢᠳᠠᠭ᠃ ᠮᠦᠨ ᠴᠤ ᠮᠠᠯᠴᠢᠳ ᠲᠠᠭᠠᠨ ︽ᠬᠡᠮᠵᠢᠶ᠎ᠠ ᠨᠢ ᠪᠠᠭ᠎ᠠ ᠴᠤ᠂ ᠴᠢᠨᠠᠷ ᠰᠢᠮ᠎ᠠ ᠰᠠᠶᠢᠳᠠᠢ ᠬᠦᠨᠡᠰᠦ︾ ᠬᠠᠩᠭᠠᠵᠤ ᠪᠠᠶᠢᠳᠠᠭ᠃ ᠰᠡᠭᠦᠯ ᠤᠨ ᠦᠶ᠎ᠠ ᠳᠤ᠂ ᠡᠪᠦᠯ ᠤᠨ ᠳᠦᠯ ᠳᠤᠰᠬᠤ ᠪᠤᠯᠤᠭᠰᠠᠨ᠃ ᠡᠨᠡ ᠨᠢ ᠪᠠᠶᠢᠭᠠᠯᠢ ᠤᠷᠴᠢᠨ ᠤ ᠮᠠᠭᠤᠳᠠᠯ ᠲᠠᠢ ᠬᠤᠯᠪᠤᠭ᠎ᠠ ᠲᠠᠢ᠃ ᠨᠡᠩ ᠴᠤ ᠬᠦᠮᠦᠨ ᠤ ᠢᠳᠡᠰᠢ ᠬᠦᠨᠡᠰᠦᠨ ᠤ ᠬᠡᠷᠡᠭᠴᠡᠭᠡ ᠨᠡᠮᠡᠭᠳᠡᠭᠰᠡᠨ ᠳᠤ ᠵᠤᠬᠢᠴᠠᠭᠤᠯᠤᠨ᠂ ᠪᠤᠷᠳᠤᠵᠤ ᠳᠦᠷᠭᠡᠨ ᠳᠠᠷᠭᠤᠯᠠᠭᠤᠯᠵᠤ ᠤᠬᠤᠷᠬᠠᠨ ᠬᠤᠭᠤᠴᠠᠭᠠᠨ ᠳᠤ ᠭᠠᠷᠭᠠᠵᠤ ᠤᠷᠤᠯᠭ᠎ᠠ ᠪᠠᠨ ᠨᠡᠮᠡᠭᠳᠡᠭᠦᠯᠬᠦ ᠠᠵᠠ ᠳᠤᠬᠢᠶᠠᠯ ᠢ ᠰᠡᠷᠭᠡᠭ ᠢᠶᠠᠷ ᠳᠠᠨᠢᠬᠰᠠᠨ ᠶᠠᠪᠤᠳᠠᠯ ᠪᠤᠯᠤᠨ᠎ᠠ᠃      ᠬᠠᠪᠤᠷ ᠤᠨ ᠳᠦᠯ ᠨᠢ ᠠᠮᠢ ᠠᠬᠤᠢ ᠳᠠᠭᠠᠨ ᠦᠢᠯᠡᠴᠢᠯᠡᠵᠦ᠂ ᠰᠠᠶᠢᠨ ᠴᠢᠨᠠᠷ ᠤᠨ ᠬᠦᠨᠡᠰᠦᠨ ᠤ ᠬᠤᠪᠢ ᠳᠤ ᠦᠨ᠎ᠠ ᠳᠤ ᠬᠦᠷᠪᠡᠯ᠂ ᠡᠪᠦᠯ ᠤᠨ ᠳᠦᠯ ᠨᠢ ᠳᠡᠵᠢᠭᠡᠯ ᠪᠤᠷᠳᠤᠭᠠᠨ ᠳᠤ ᠳᠦᠰᠢᠵᠦ ︽ᠬᠡᠮᠵᠢᠶ᠎ᠠ ᠪᠠᠷ ᠶᠡᠭᠡ᠂ ᠭᠠᠷᠭᠠᠯᠳᠠ ᠨᠢ ᠳᠦᠷᠭᠡᠨ︾ ᠪᠠᠶᠢᠳᠠᠭ ᠢᠶᠠᠷ ᠢᠶᠠᠨ ᠵᠠᠬ᠎ᠠ ᠳᠡᠯᠭᠡᠭᠦᠷ ᠲᠤ ᠵᠠᠢ ᠠᠪᠴᠤ᠂ ᠮᠠᠯᠴᠢᠳ ᠤᠨ ᠤᠷᠤᠯᠭ᠎ᠠ ᠪᠠᠨ ᠨᠡᠮᠡᠭᠳᠡᠭᠦᠯᠵᠦ ᠳᠡᠶᠢᠯᠪᠡᠯ᠂ ᠮᠠᠯᠵᠢᠬᠤ ᠤᠷᠤᠨ ᠤ ᠬᠤᠶᠠᠷ ᠡᠰᠢᠴᠢᠯᠡᠭᠰᠡᠨ ᠦᠨᠳᠦᠰᠦᠨ ᠵᠠᠬᠪᠤᠷ ᠪᠦᠷᠢᠯᠳᠦᠬᠦ ᠨᠢ     ᠳᠡᠷᠡ᠃ ︽ᠳᠦᠪ ᠤᠨ ᠨᠢᠭᠡᠳᠦᠭᠡᠷ ᠳᠤᠭᠠᠳᠤ ᠪᠢᠴᠢᠭ ᠮᠠᠲ᠋ᠧᠷᠢᠶᠠᠯ︾ ᠳᠤ᠂ ︽ᠤᠨᠴᠠᠯᠢᠬᠳᠤ ᠳᠠᠷᠢᠶᠠᠯᠠᠩ ᠤᠨ ᠪᠦᠲᠦᠭᠡᠭᠳᠡᠭᠦᠨ ︵ᠮᠠᠯ ᠤᠨ ᠠᠰᠢᠬ ᠰᠢᠮ᠎ᠠ ᠶᠢᠨ︶ ᠤ ᠶᠠᠰᠤ ᠴᠢᠨᠠᠷ ᠤᠨ ᠪᠠᠷᠢᠮᠵᠢᠶ᠎ᠠ ᠶᠢᠨ ᠰᠢᠰᠲ᠋ᠧᠮ ᠢ ᠪᠦᠷᠢᠨᠰᠢᠭᠦᠯᠵᠦ᠂ ᠲᠠᠷᠢᠶᠠᠯᠠᠩ ᠤᠨ ᠪᠦᠲᠦᠭᠡᠭᠳᠡᠭᠦᠨ ︵ᠮᠠᠯ ᠤᠨ ᠠᠰᠢᠬ ᠰᠢᠮ᠎ᠠ ᠶᠢᠨ︶ ᠤ ᠭᠠᠵᠠᠷ ᠵᠦᠢ ᠶᠢᠨ ᠢᠯᠡᠷᠭᠡᠶᠢᠯᠡᠯᠳᠤ ᠳᠡᠮᠳᠡᠭ ᠪᠠ ᠳᠠᠸᠠᠷ ᠤᠨ ᠳᠡᠮᠳᠡᠭ ᠤᠨ ᠬᠠᠮᠠᠭᠠᠯᠠᠯᠳᠠ ᠶᠢ ᠴᠢᠩᠭᠠᠳᠬᠠᠵᠤ᠂ ᠨᠢᠭᠡ ᠪᠦᠯᠦᠭ ︿ᠨᠤᠳᠤᠭ ᠤᠨ ᠳᠡᠮᠳᠡᠭᠳᠦ﹀ ᠪᠦᠬᠦᠢ ᠤᠨᠴᠠᠯᠢᠬᠳᠤ ᠪᠦᠲᠦᠭᠡᠭᠳᠡᠭᠦᠨ ᠤ ᠳᠦᠷᠦᠯ ᠳᠡᠮᠳᠡᠭ ᠢ ᠠᠯᠳᠠᠷᠰᠢᠭᠤᠯᠤᠨ᠎ᠠ᠃ ᠬᠤᠰᠢᠭᠤ ᠰᠢᠶᠡᠨ ᠢᠶᠠᠷ ᠢᠶᠠᠨ ᠳᠦᠪ ︵ᠪᠤᠶᠤ ᠨᠢᠭᠡᠴᠢ︶ ᠪᠤᠯᠭᠠᠬᠰᠠᠨ ᠭᠤᠤᠯ ᠭᠠᠷᠤᠯᠳᠠ ᠶᠢᠨ ᠤᠷᠤᠨ ᠤ ᠳᠠᠷᠢᠶᠠᠯᠠᠩ ᠤᠨ ᠪᠦᠲᠦᠭᠡᠭᠳᠡᠭᠦᠨ ︵ᠮᠠᠯ ᠤᠨ ᠠᠰᠢᠬ ᠰᠢᠮ᠎ᠠ ᠶᠢᠨ︶ ᠢ ᠡᠳ᠋ᠰᠢᠭᠦᠯᠦᠨ ᠪᠤᠯᠪᠠᠰᠤᠷᠠᠭᠤᠯᠬᠤ ᠠᠵᠤ ᠦᠢᠯᠡᠰ ᠤᠨ ᠪᠦᠯᠦᠭᠵᠢᠯ ᠢ ᠪᠠᠶᠢᠭᠤᠯᠬᠤ ᠶᠢ ᠳᠡᠮᠵᠢᠨ᠎ᠠ᠃ ᠨᠢᠭᠡ ᠪᠦᠯᠦᠭ ᠳᠠᠷᠢᠶᠠᠯᠠᠩ ᠤᠨ ᠪᠦᠲᠦᠭᠡᠭᠳᠡᠭᠦᠨ ︵ᠮᠠᠯ ᠤᠨ ᠠᠰᠢᠬ ᠰᠢᠮ᠎ᠠ ᠶᠢᠨ︶ ᠤ ᠳᠤᠰᠬᠠᠢ ᠳᠤᠰᠬᠤᠨ ᠪᠠᠯᠭᠠᠰᠤ ᠪᠠ ᠡᠳ᠋ᠰᠢᠭᠦᠯᠭᠦ ᠬᠦᠴᠦᠷᠭᠡᠭ ᠰᠢᠶᠡᠨ ᠢ ᠪᠠᠶᠢᠭᠤᠯᠤᠨ᠎ᠠ᠃︾ ᠭᠡᠵᠦ ᠳᠤᠷᠠᠳᠤᠭᠰᠠᠨ ᠪᠠᠶᠢᠨ᠎ᠠ᠃ ᠮᠠᠨ ᠤ ᠤᠷᠤᠨ ᠤ ︽ᠬᠤᠶᠠᠷ ᠬᠤᠷᠠᠯ︾ ᠳᠤ᠂ ᠮᠠᠯᠵᠢᠬᠤ ᠲᠠᠷᠢᠶᠡᠯᠠᠬᠤ ᠤᠷᠤᠨ ᠤ ᠴᠢᠨᠠᠷ ᠰᠠᠶᠢᠳᠠᠢ ᠬᠦᠭᠵᠢᠯᠳᠡ ᠳᠤ ︽ᠰᠢᠯᠢ ᠶᠢᠨ ᠭᠤᠤᠯ ᠤᠨ ᠬᠤᠨᠢ︾᠂ ︽ᠬᠤᠷᠴᠢᠨ ᠤ ᠦᠭᠡᠷ︾ ᠁ ᠬᠤᠪᠢ ᠨᠡᠮᠡᠷᠢᠯᠡᠬᠦ ᠪᠤᠯᠤᠨ᠎ᠠ ᠭᠡᠰᠠᠨ ᠨᠢ ᠴᠤ ᠮᠠᠨ ᠤ ᠤᠷᠤᠨ ᠤ ᠠᠮᠢ ᠠᠬᠤᠢ ᠶᠢᠨ ᠴᠢᠬᠤᠯᠠ ᠬᠤᠷᠢᠭ᠎ᠠ ᠱᠤᠭᠤᠮ ᠢᠶᠠᠨ ᠪᠠᠷᠢᠵᠤ ᠬᠦᠭᠵᠢᠯᠳᠡ ᠪᠠᠨ ᠰᠢᠨᠵᠢᠯᠡᠬᠦ ᠤᠬᠠᠭᠠᠨᠴᠢ ᠪᠠᠷ ᠵᠢᠷᠤᠭ ᠳᠦᠯᠦᠪᠯᠡᠵᠦ ᠪᠠᠶᠢᠭ᠎ᠠ ᠶᠠᠪᠤᠳᠠᠯ ᠪᠤᠯᠪᠠᠤ᠃ ᠪᠤᠷᠳᠤᠨ ᠳᠠᠷᠭᠤᠯᠠᠭᠤᠯᠤᠭᠰᠠᠨ ᠮᠠᠯ ᠤᠨ ᠠᠰᠢᠬ ᠰᠢᠮ᠎ᠠ ᠨᠢ ᠬᠦᠨᠡᠰᠦᠨ ᠤ ᠳᠦᠪᠰᠢᠨ ᠳᠤ ᠪᠠᠶᠢᠳᠠᠭ ᠪᠤᠯ ᠵᠢᠩᠭᠢᠨᠢ ᠤᠳᠬ᠎ᠠ ᠴᠢᠨᠠᠷ ᠪᠦᠬᠦᠢ ᠪᠡᠯᠴᠢᠭᠡᠷ ᠤᠨ ᠮᠠᠯ ᠤᠨ ᠠᠰᠢᠬ ᠰᠢᠮ᠎ᠠ ᠨᠢ ᠡᠷᠡᠭᠦᠯᠵᠢᠯ ᠤᠨ ᠢᠳᠡᠭᠡᠨ ᠤ ᠳᠦᠪᠰᠢᠨ ᠳᠤ ᠪᠠᠶᠢᠳᠠᠭ ᠢ ᠬᠦᠮᠦᠰ ᠮᠡᠳᠡᠵᠦ ᠪᠠᠶᠢᠬᠤ ᠳᠠᠭᠠᠨ ᠯᠡ ᠳᠠᠭᠠᠷᠠᠨ᠎ᠠ᠃                                         ︵ᠰᠣᠷᠪᠤᠯᠵᠢᠯᠠᠭᠴᠢ ᠲᠦᠮᠡᠨᠳᠠᠯᠠᠢ︶
 
ᠢᠷᠡᠯᠲᠡ᠄ ᠪᠣᠭᠤᠳᠣ ᠬᠤᠳᠡ ᠶᠢᠨ ᠠᠷᠡᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号