ᠬᠤᠶᠠᠳᠤᠭᠠᠷ ᠪᠥᠯᠥᠭ ᠲᠡᠮᠡᠬᠡᠨ ᠤ ᠨᠡᠷᠡᠶᠢᠳᠤᠯ ᠳᠠᠭᠤᠳᠠᠯᠭ᠎ᠠ | ᠲᠠᠮᠠᠭᠡᠨ ᠤ ᠨᠠᠷᠠᠶᠢᠳᠤᠯ ᠳᠠᠭᠤᠳᠠᠯᠭ᠎ᠠ ᠭᠡᠳᠡᠭ ᠪᠣᠯ ᠲᠡᠮᠡᠭᠡᠨ ᠤ ᠨᠠᠰᠤ ᠰᠢᠳᠣ᠂ ᠨᠠᠰᠤ ᠵᠢᠯ᠂ ᠨᠠᠰᠤ ᠬᠥᠢᠰᠤ᠂ | ᠥᠡᠭᠬᠡ ᠵᠢᠰᠤ᠂ ᠭᠠᠳᠠᠷ ᠪᠠᠶᠢᠳᠠᠯ᠂ ᠤᠳᠤᠮ ᠤᠭᠰᠠᠭ᠎ᠠ᠂ ᠵᠠᠩ ᠠᠷᠠᠨᠰᠢᠨ᠂ ᠨᠤᠳᠤᠭ ᠤᠰᠤ᠂ ᠲᠠᠮᠠᠭ᠎ᠠ ᠲᠡᠮᠳᠡᠭ᠂ | ᠶᠠᠪᠤᠳᠠᠯ ᠬᠢᠰᠬᠢᠳᠡᠯ᠂ ᠤᠨᠤᠯᠭ᠎ᠠ ᠡᠳ᠋ᠯᠡᠭᠡ᠂ ᠠᠰᠢᠭ ᠰᠢᠮ᠎ᠡ᠂ ᠬᠤᠴᠢ ᠴᠤᠯᠠ᠂ ᠠᠷᠬᠠᠭ ᠬᠡᠮ ᠵᠡᠷᠭᠡ ᠦᠪᠠᠷᠮᠢᠴᠠ | ᠤᠠᠴᠠᠯᠢᠭ ᠲᠤᠨᠢ ᠨᠡᠶᠢᠴᠡᠭᠦᠯᠵᠤ ᠨᠡᠷ᠎ᠡ ᠥᠭᠬᠦ ᠶᠢ ᠬᠡᠯᠡᠵᠤ ᠪᠠᠶᠢᠭ᠎ᠠ ᠶᠤᠮ᠃ ᠲᠠᠮᠠᠭᠡᠨ ᠤ ᠨᠠᠷᠠ ᠨᠢ ᠵᠦᠪᠭᠡᠨ ᠲᠠᠮᠡᠭᠡ | ᠲᠠᠮᠠᠭᠡᠨ ᠤ ᠲᠤᠮᠳᠠ᠂ ᠬᠤᠳᠠ ᠬᠤᠳᠠᠨ ᠤ ᠬᠤᠭᠤᠷᠤᠠᠳᠤ ᠨᠢ ᠢᠯᠭᠠᠵᠤ ᠵᠢᠰᠤᠯᠠᠬᠦ ᠪᠤᠶᠤ ᠬᠠᠶᠢᠵᠤ ᠰᠤᠷᠠᠭᠯᠠᠬᠤ ᠳᠤ | ᠬᠢᠯᠪᠠᠷ ᠲᠦᠬᠦᠮ ᠪᠤᠯᠭᠠᠬᠤ ᠶᠢᠨ ᠲᠦᠯᠤᠭᠡ ᠦᠭᠬᠦᠭᠰᠠᠨ ᠲᠠᠳᠤᠢ ᠶᠤᠮ᠃ ᠲᠡᠮᠡᠭᠡ ᠶᠢ ᠦᠡᠭᠭᠡ ᠵᠢᠰᠦ ᠪᠠᠷ ᠨᠢ ᠪᠤᠶᠤ | ᠦᠰᠴᠤ ᠲᠦᠷᠥᠭᠰᠠᠨ ᠪᠠᠶᠢᠳᠠᠯ᠂ ᠪᠠᠶ᠎ᠠ ᠡᠷᠭᠡᠳᠠᠨ ᠤ ᠬᠢᠨᠢ ᠤᠠᠴᠠᠯᠢᠭ᠂ ᠠᠭᠠᠰᠢ ᠵᠠᠩ᠂ ᠶᠠᠪᠤᠳᠠᠯ ᠲᠦᠯᠤᠪ᠂ | ᠨᠤᠳᠤᠭ ᠤᠰᠤ᠂ ᠤᠳᠤᠮ ᠤᠠᠠᠰᠠᠭ᠎ᠠ ᠵᠠᠷᠭᠡ ᠶᠢ ᠨᠢ ᠪᠦᠬᠦ ᠲᠠᠯ᠎ᠠ ᠪᠠᠷ ᠠᠵᠢᠭᠯᠠᠨ ᠰᠢᠡᠵᠢᠵᠤ᠂ ᠬᠠᠮᠤᠭ ᠤᠨ | ᠲᠤᠪᠤᠶᠢᠮ᠎ᠠ ᠤᠠᠴᠠᠯᠢᠭ ᠲᠤᠨᠢ ᠲᠤᠬᠢᠷᠠᠭᠤᠯᠵᠤ ᠨᠠᠷᠠᠯᠠᠳᠡᠭ᠃ ᠲᠠᠮᠡᠭᠡ ᠶᠢ ᠪᠤᠳᠤᠭᠤ ᠲᠤᠷᠤᠮ ᠳᠤᠨᠢ ᠨᠠᠷᠠᠯᠠᠬᠦ ᠠᠴᠠ | ᠭᠠᠳᠠᠨ᠎ᠠ ᠪᠠᠰᠠ ᠨᠠᠰᠤ ᠬᠦᠢᠴᠠᠬᠦ ᠶᠢ ᠲᠠᠭᠠᠯᠳᠤᠨ ᠨᠠᠰᠤ ᠰᠢᠳᠤ᠂ ᠬᠦᠢᠰᠤ ᠴᠢᠨᠠᠷ ᠪᠠ ᠤᠨᠤᠯᠭ᠎ᠠ ᠠᠴᠢᠯᠭ᠎ᠠ᠂ | ᠡᠳ᠋ᠯᠡᠭᠡ ᠭᠡᠷᠡᠭᠯᠡᠭᠡ᠂ ᠨᠤᠳᠤᠭ ᠪᠠᠯᠴᠢᠭᠡᠷ᠂ ᠲᠠᠮᠠᠭ᠎ᠠ ᠲᠠᠮᠳᠡᠭ᠂ ᠠᠯᠳᠠᠷ ᠨᠠᠷᠠ᠂ ᠬᠤᠴᠢ ᠴᠤᠯᠨ᠂ ᠠᠷᠬᠠᠭ ᠭᠡᠮ᠂ | ᠤᠠᠴᠠ ᠬᠠᠴᠢᠨ ᠤᠴᠠᠷᠠᠯ ᠪᠤᠶᠤ ᠡᠵᠠᠨ ᠢᠶᠠᠷ ᠨᠢ ᠨᠠᠷᠠᠰᠢᠬᠦᠯᠵᠤ ᠨᠡᠷᠡᠯᠡᠬᠦ ᠮᠡᠲᠦ ᠣᠯᠠᠨ ᠵᠦᠢᠯ ᠪᠤᠢ᠃ | ᠨᠢᠭᠡᠳᠦᠭᠡᠷ ᠬᠡᠰᠡᠭ ᠨᠠᠰᠤ ᠵᠢᠯ ᠢᠶᠠᠷ ᠨᠢ ᠨᠡᠷᠡᠯᠡᠬᠦ | ᠪᠤᠳᠤᠭᠤ᠄ ᠨᠢᠭᠡ ᠨᠠᠰᠤ ᠲᠠᠢ ᠲᠠᠮᠠᠭᠡᠨ ᠤ ᠶᠠᠷᠤᠩᠭᠡᠢ ᠨᠠᠷᠠᠶᠢᠳᠦᠯ᠃ | ᠰᠠᠯᠢᠰᠤᠳᠤ ᠪᠤᠳᠤᠭᠤ᠄ ᠬᠠᠲᠠᠵᠤ ᠠᠮᠵᠢᠭ᠎ᠠ ᠦᠭᠡᠢ ᠪᠤᠳᠤᠭᠤ᠃ | ᠲᠠᠩᠴᠠᠷᠡᠭᠡ ᠪᠤᠳᠤᠭᠤ ︵ᠲᠠᠯᠴᠢᠷᠡᠭᠡ ᠪᠤᠳᠤᠭᠤ︶᠄ ᠯᠠᠪᠳᠠᠭᠤᠨ ᠵᠤᠭᠰᠤᠵᠤ ᠴᠢᠳᠠᠬᠤ ᠪᠤᠶᠤ ᠡᠬᠢᠯᠡᠵᠦ | ᠠᠯᠬᠤᠵᠤ ᠴᠢᠳᠠᠬᠤ ᠪᠤᠯᠤᠭᠰᠠᠨ ᠪᠤᠳᠤᠭᠤ᠃ | ᠨᠢᠯᠬ᠎ᠠ ᠪᠤᠳᠤᠭᠤ᠄ ᠬᠤᠶᠠᠷ ᠲᠤᠯᠤᠭ᠎ᠠ ᠬᠤᠨᠤᠭ᠎ᠠ ᠦᠭᠡᠢ ᠪᠤᠶᠤ ᠡᠪᠠᠰᠤᠨ ᠳᠤ ᠤᠷᠤᠭᠠᠳᠤᠢ ᠪᠤᠳᠤᠭᠤ᠃ | ᠬᠦᠷᠤᠪᠠ ︵ ᠭᠦᠷᠦᠪᠡᠵᠢᠭᠡ ︶ ᠪᠤᠳᠤᠭᠤ ᠄ ᠪᠤᠶᠢᠵᠢᠵᠤ ᠲᠤᠷᠨᠢᠭᠠᠤᠨ ᠡᠪᠠᠰᠤᠨ ᠳᠤ ᠤᠷᠤᠭᠰᠠᠨ ᠪᠤᠳᠤᠭᠤ᠃ | ᠤᠤᠭᠠᠨ ᠪᠤᠳᠤᠭᠤ᠄ ᠨᠢᠭᠡ ᠵᠢᠯ ᠤᠨ ᠲᠣᠰ ᠰᠦᠷᠦᠭ ᠤᠨ ᠬᠠᠮᠤᠭ ᠲᠦᠷᠤᠬᠦᠨ ᠤ ᠪᠤᠳᠤᠭᠤ ᠪᠤᠶᠤ ᠨᠢᠭᠡ | ᠢᠡᠭᠭᠡᠨ ᠤ ᠠᠩᠬᠠᠨ ᠤ ᠪᠤᠳᠤᠭᠤ᠃ | ᠤᠤᠬᠠᠤᠨ ᠪᠤᠳᠤᠭᠤ᠄ ᠨᠢᠭᠡ ᠵᠢᠯ ᠤᠨ ᠲᠤᠰ ᠰᠦᠷᠦᠭ ᠤᠨ ᠬᠠᠮᠤᠭ ᠰᠠᠬᠦᠯ ᠤᠨ ᠪᠤᠳᠤᠭᠤ᠃ | ᠲᠠᠪᠵᠠ ᠪᠤᠳᠤᠭᠤ᠄ ᠪᠠᠶ᠎ᠠ ᠪᠠᠭ᠎ᠠ᠂ ᠦᠰᠤᠯᠳᠠ ᠠᠨᠠᠢ ᠪᠤᠳᠤᠭᠤ᠃ | ᠭᠡᠨᠵᠠ ᠪᠤᠳᠤᠭᠤ᠄ ᠲᠡᠮᠡᠭᠡ ᠪᠤᠲᠤᠭᠤᠯᠠᠬᠤ ᠴᠠᠭ ᠠᠴᠠ ᠬᠤᠵᠢᠳᠠᠵᠤ ᠭᠠᠷᠤᠭᠰᠠᠨ ᠪᠤᠳᠤᠭᠤ᠃ | ᠦᠨᠤᠴᠢᠨ ᠪᠤᠳᠤᠭᠤ᠄ ᠡᠭᠡ ᠨᠢ ᠦᠬᠦᠭᠰᠠᠨ ᠪᠤᠳᠤᠭᠤ᠃ | ᠭᠤᠪᠰᠢᠭᠤᠷ ᠪᠤᠳᠤᠭᠤ᠄ ᠡᠭᠡ ᠠᠴᠠ ᠪᠠᠨ ᠪᠤᠰᠤ ᠢᠡᠭᠭᠡ ᠶᠢ ᠬᠤᠯᠠᠭᠤᠵᠣ ᠬᠦᠬᠦᠬᠦ ᠵᠠᠩ ᠲᠠᠢ ᠪᠤᠳᠤᠭᠤ᠃ | ᠠᠪᠤᠭᠤᠯ ᠪᠤᠳᠤᠭᠤ᠄ ᠡᠭᠡ ᠨᠢ ᠦᠬᠦᠭᠰᠠᠨ ᠪᠠ ᠡᠭᠡ ᠨᠢ ᠭᠤᠯᠤᠭᠰᠠᠨ ᠠᠴᠠ ᠪᠤᠯᠵᠤ ᠪᠤᠰᠤᠤᠨ ᠢᠡᠭᠭᠡᠨ ᠳᠤ | ᠠᠮᠠᠳᠠᠭᠤᠯᠵᠤ ᠠᠪᠬᠠᠭᠤᠯᠤᠭᠰᠠᠨ ᠪᠤᠳᠤᠭᠤ᠃ | ᠲᠠᠯᠡᠭᠡ ᠪᠤᠳᠤᠭᠤ᠄ ᠬᠤᠶᠠᠷ ᠢᠩᠭᠡ ᠬᠦᠬᠦᠳᠡᠭ ᠪᠤᠳᠤᠭᠤ᠃ | ᠲᠤᠷᠤᠮ᠄ ᠬᠤᠶᠠᠷ ᠨᠠᠰᠤ ᠲᠠᠢ ᠲᠠᠮᠠᠭᠡᠨ ᠤ ᠶᠠᠷᠤᠩᠭᠡᠢ ᠨᠠᠷᠠᠶᠢᠳᠤᠯ᠃ | ᠨᠤᠠᠠᠳᠤᠳᠤ ᠲᠤᠷᠤᠮ᠄ ᠨᠤᠠᠠᠳᠤ ᠶᠢ ᠨᠢ ᠠᠪᠤᠭᠠᠳᠤᠢ ᠪᠤᠶᠤ ᠡᠭᠡ ᠶᠢ ᠨᠢ ᠰᠠᠭᠠᠵᠤ ᠪᠠᠶᠢᠭ᠎ᠠ ᠲᠤᠷᠤᠮ᠃ | ᠤᠶᠠᠭᠠᠷᠢ ᠲᠤᠷᠤᠮ᠄ ᠡᠭᠡ ᠠᠴᠠ ᠨᠢ ᠢᠯᠭᠠᠵᠤ᠂ ᠡᠬᠡ ᠶᠢ ᠨᠢ ᠰᠠᠭᠠᠵᠤ ᠪᠠᠶᠢᠭ᠎ᠠ ᠲᠤᠷᠤᠮ᠃ | ᠲᠠᠭᠠᠭᠤᠯ ᠲᠤᠷᠤᠮ᠄ ᠡᠭᠡ ᠪᠠᠨ ᠲᠠᠭᠠᠵᠤ ᠪᠠᠯᠴᠢᠭᠡᠷ ᠲᠤ ᠶᠠᠪᠤᠭ᠎ᠠ ᠲᠤᠷᠤᠮ᠃ | ᠰᠢᠷ᠎ᠠ ᠰᠢᠯᠪᠢ᠄ ᠪᠣᠲᠣᠭᠤ ᠨᠠᠰᠤᠨ ᠠᠴᠠ ᠲᠣᠷᠣᠮ ᠨᠠᠰᠤ ᠤᠷᠤᠭᠤ ᠰᠢᠯᠵᠢᠬᠦ ᠦᠶ᠎ᠡ ᠶᠢᠨ ᠪᠤᠲᠤᠭᠤ ᠶᠢ ᠰᠢᠷ᠎ᠠ | ᠰᠢᠯᠪᠢ ᠭᠡᠬᠦ ᠪᠠ ᠨᠤᠤᠰᠤᠨ ᠠᠴᠠ ᠪᠠᠨ ᠰᠠᠯᠤᠭᠠᠳᠤᠢ ᠪᠤᠶᠤ ᠬᠦᠴᠤ ᠲᠠᠷᠭᠤ ᠮᠠᠭᠤᠳᠠᠢ ᠲᠤᠷᠤᠮ᠃ | ᠬᠠᠤᠠᠬᠤᠮᠠᠯ ᠲᠤᠷᠤᠮ᠄ ᠪᠦᠬᠦᠯᠢ ᠭᠤᠷᠪᠠᠨ ᠨᠠᠰᠤ ᠬᠦᠷᠤᠭᠡᠳᠤᠢ ᠪᠤᠶᠤ ᠪᠤᠶᠢᠯᠠᠯᠠᠬᠤ ᠨᠠᠰᠤᠨ ᠤ ᠲᠤᠷᠤᠮ᠃ | ᠲᠦᠬᠦᠭᠡᠢ ᠲᠤᠷᠤᠮ᠄ ᠪᠤᠶᠢᠯᠠᠯᠠᠭᠠᠳᠤᠢ ᠲᠤᠷᠤᠮ᠃ | ᠭᠤᠨ᠎ᠠ᠄ ᠭᠤᠷᠪᠠᠨ ᠨᠠᠰᠤ ᠲᠠᠢ ᠡᠷ᠎ᠠ ᠲᠠᠮᠠᠭᠡᠨ ᠤ ᠶᠠᠷᠤᠩᠭᠡᠢ ᠨᠠᠷᠠᠶᠢᠳᠤᠯ᠃ | ᠭᠤᠨᠵᠢ᠄ ᠭᠤᠷᠪᠠᠨ ᠨᠠᠰᠤ ᠲᠠᠢ ᠡᠮ᠎ᠠ ᠲᠠᠮᠠᠭᠡᠨ ᠤ ᠶᠠᠷᠤᠩᠭᠡᠢ ᠨᠠᠷᠠᠶᠢᠳᠤᠯ᠃ | ᠲᠦᠨ᠎ᠠ᠄ ᠲᠦᠷᠪᠠᠨ ᠨᠠᠰᠤ ᠲᠠᠢ ᠲᠠᠮᠠᠭᠡᠨ ᠤ ᠶᠠᠷᠤᠩᠭᠡᠢ ᠨᠠᠷᠠᠶᠢᠳᠤᠯ᠃ | ᠲᠦᠨ᠎ᠠ ᠲᠠᠪᠤᠨ ᠨᠠᠰᠤᠳᠤ᠄ ᠪᠦᠬᠦᠯᠢ ᠲᠠᠪᠤᠨ ᠨᠠᠰᠤ ᠬᠦᠷᠦᠭᠡᠳᠦᠢ ᠡᠷ᠎ᠠ ᠲᠠᠮᠡᠭᠡ᠃ | ᠲᠦᠨ᠎ᠠ ᠲᠠᠪᠤᠨ ᠨᠠᠰᠤᠳᠤ ︵ᠬᠠᠭᠤᠴᠢᠨ ᠲᠦᠨ᠎ᠠ︶ ᠠᠴᠠ ᠲᠠᠭᠡᠭᠰᠢ ᠨᠠᠰᠤ ᠲᠠᠢ ᠲᠠᠮᠡᠭᠡ ᠶᠢ ᠨᠠᠰᠤ ᠬᠦᠢᠴᠡᠭᠰᠠᠨ | ᠂ ᠪᠦᠳᠤᠬᠦᠨ ᠲᠠᠮᠡᠭᠡ ᠭᠡᠬᠦ ᠪᠤᠶᠤ ᠲᠠᠪᠤᠨ ᠨᠠᠰᠤ ᠲᠠᠢ ᠲᠠᠮᠡᠭᠡ᠂ ᠵᠢᠷᠭᠤᠭᠠᠨ ᠨᠠᠰᠤ ᠲᠠᠢ ᠲᠠᠮᠡᠭᠡ᠂ ᠲᠤᠯᠤᠭᠠᠨ | ᠨᠠᠰᠤ ᠲᠠᠢ ᠲᠠᠮᠡᠭᠡ ᠭᠡᠬᠦ ᠮᠠᠳᠤ ᠪᠠᠷ ᠨᠠᠰᠤᠨ ᠤ ᠬᠢᠨᠢ ᠲᠤᠭ᠎ᠠ ᠪᠠᠷ ᠨᠠᠷᠠᠯᠠᠳᠡᠭ᠃ ᠲᠠᠷᠠᠴᠢᠯᠠᠨ ᠭᠡᠳᠤᠨ ᠨᠠᠰᠤ ᠲᠠᠢ | ᠢᠡᠭᠭᠡ᠂ ᠭᠡᠳᠤᠨ ᠨᠠᠰᠤ ᠲᠠᠢ ᠠᠳᠠ᠂ ᠭᠡᠳᠤᠨ ᠨᠠᠰᠤ ᠲᠠᠢ ᠪᠤᠤᠷ᠎ᠠ ᠭᠡᠵᠤ ᠨᠠᠰᠤᠨ ᠤ ᠲᠤᠭᠠᠨ ᠳᠤᠨᠢ ᠬᠦᠢᠰᠤ | ᠴᠢᠨᠠᠷ ᠶᠢ ᠨᠢ ᠲᠠᠭᠠᠭᠤᠯᠵᠤ ᠨᠠᠷᠠᠯᠠᠳᠡᠭ᠃ | ᠬᠤᠶᠠᠳᠤᠭᠠᠷ ᠬᠡᠰᠡᠭ ᠨᠠᠰᠤ ᠰᠢᠳᠤ ᠪᠠᠷ ᠨᠢ ᠨᠡᠷᠡᠯᠡᠬᠦ | ᠲᠠᠪᠤᠨ ᠨᠠᠰᠤᠨ ᠠᠴᠠ ᠲᠠᠭᠡᠭᠰᠢ ᠲᠠᠮᠡᠭᠡ ᠶᠢ ᠨᠠᠰᠤ ᠵᠢᠯ ᠢᠶᠠᠷ ᠨᠢ ᠨᠠᠷᠠᠯᠠᠬᠦ ᠲᠤᠰᠬᠠᠢ ᠨᠠᠷᠠᠶᠢᠳᠤᠯ ᠪᠠᠶᠢᠳᠠᠭ ᠦᠭᠡᠢ | ᠪᠤᠯᠪᠠᠴᠤ ᠵᠠᠩᠰᠢᠯ ᠢᠶᠠᠷ ᠰᠢᠳᠤ ᠠᠷᠠᠭᠠᠨ ᠤ ᠬᠢᠨᠢ ᠬᠤᠪᠢᠷᠠᠯᠳᠠ ᠪᠠᠷ ᠨᠡᠷ᠎ᠡ ᠦᠭᠬᠦ ᠶᠢ ᠨᠠᠰᠤ ᠰᠢᠳᠤ ᠪᠠᠷ ᠨᠢ ᠨᠡᠷᠡᠯᠡᠬᠦ | ᠭᠡᠳᠡᠭ᠃ ᠲᠠᠮᠡᠭᠡ ᠶᠢ ᠨᠢᠯᠬ᠎ᠠ ᠶᠢᠨ ᠦᠶ᠎ᠠ ᠶᠢᠨ ᠡᠬᠦᠳᠠᠨ ᠰᠢᠳᠤᠨ ᠠᠴᠠ ᠡᠬᠢᠯᠠᠵᠤ ᠬᠤᠤᠰ ᠬᠤᠤᠰ ᠢᠶᠠᠷ | ᠰᠤᠯᠢᠭᠳᠠᠬᠤ ᠶᠢ ᠲᠠᠭᠠᠯᠳᠤᠨ ᠬᠤᠶᠠᠷ ᠰᠢᠳᠤ ᠲᠠᠢ᠂ ᠲᠦᠷᠪᠠᠨ ᠰᠢᠳᠤ ᠲᠠᠢ᠂ ᠵᠢᠷᠭᠤᠭᠠᠨ ᠰᠢᠳᠤ ᠲᠠᠢ ᠭᠡᠬᠦ ᠪᠤᠶᠤ | ᠰᠢᠳᠤ᠂ ᠰᠤᠶᠤᠭ᠎ᠠ᠂ ᠠᠷᠠᠭᠠᠨ ᠤ ᠬᠢᠨᠢ ᠬᠤᠪᠢᠷᠠᠯᠳᠠ ᠶᠢᠨ ᠪᠠᠶᠢᠳᠠᠯ ᠢ ᠦᠡᠳᠤᠰᠤᠯᠠᠵᠤ ᠨᠠᠷᠠᠯᠠᠳᠡᠭ᠃ | ᠬᠤᠶᠠᠷ ᠰᠢᠳᠤ ᠲᠠᠢ ᠲᠠᠮᠡᠭᠡ᠄ ᠲᠦᠷᠪᠠ ᠠᠴᠠ ᠲᠠᠪᠤᠨ ᠪᠦᠬᠦᠯᠢ ᠨᠠᠰᠤ ᠬᠦᠷᠤᠭᠡᠤᠨ ᠨᠢᠯᠬ᠎ᠠ ᠶᠢᠨ ᠦᠶ᠎ᠠ ᠶᠢᠨ | ᠬᠤᠶᠠᠷ ᠡᠬᠦᠳᠠᠨ ᠰᠢᠳᠤ ᠨᠢ ᠮᠦᠩᠬᠡ ᠰᠢᠳᠤ ᠪᠠᠷ ᠰᠤᠯᠢᠭᠳᠠᠭᠰᠠᠨ ᠲᠠᠮᠡᠭᠡ᠃ | ᠲᠦᠷᠪᠠᠨ ᠰᠢᠳᠤ ᠲᠠᠢ ᠲᠠᠮᠡᠭᠡ᠄ ᠲᠠᠪᠤ ᠠᠴᠠ ᠵᠢᠷᠭᠤᠭᠠᠨ ᠪᠦᠬᠦᠯᠢ ᠨᠠᠰᠤ ᠬᠦᠷᠴᠤ ᠬᠤᠶᠠᠷ ᠡᠬᠦᠳᠠᠨ ᠰᠢᠳᠤᠨ ᠤ | ᠬᠠᠵᠠᠭᠤ ᠶᠢᠨ ᠬᠤᠶᠠᠷ ᠰᠢᠳᠤ ︵ᠨᠠᠶᠢᠳᠠ ᠲᠦᠷᠪᠠᠨ ᠰᠢᠳᠤ︶ ᠨᠢ ᠰᠤᠯᠢᠭᠳᠠᠭᠰᠠᠨ ᠲᠠᠮᠡᠭᠡ᠃ | ᠵᠢᠷᠭᠤᠭᠠᠨ ᠰᠢᠳᠤ ᠲᠠᠢ ᠲᠠᠮᠡᠭᠡ᠄ ᠵᠢᠷᠭᠤᠭ᠎ᠠ ᠠᠴᠠ ᠲᠤᠯᠤᠭᠠᠨ ᠪᠦᠬᠦᠯᠢ ᠨᠠᠰᠤ ᠬᠦᠷᠤᠭᠡᠤᠨ ᠵᠠᠬ᠎ᠠ ᠶᠢᠨ ᠬᠤᠶᠠᠷ | ᠰᠢᠳᠤ ︵ᠨᠠᠶᠢᠳᠠ ᠵᠢᠷᠭᠤᠭᠠᠨ ᠰᠢᠳᠤ︶ ᠨᠢ ᠰᠤᠯᠢᠭᠳᠠᠭᠰᠠᠨ ᠲᠠᠮᠡᠭᠡ᠃ | ᠰᠢᠳᠤ ᠬᠦᠢᠴᠡᠭᠰᠠᠨ ᠲᠠᠮᠡᠭᠡ᠄ ᠲᠤᠯᠤᠭ᠎ᠠ ᠠᠴᠠ ᠨᠠᠢᠮᠠᠨ ᠨᠠᠰᠤ ᠬᠦᠷᠴᠤ᠂ ᠰᠢᠨ᠎ᠠ ᠭᠠᠷᠤᠭᠰᠠᠨ ᠰᠢᠳᠤ ᠨᠢ ᠪᠦᠷ | ᠤᠷᠭᠤᠵᠤ ᠬᠦᠢᠴᠠᠭᠡᠤᠨ ᠵᠢᠷᠭᠤᠭᠠᠨ ᠰᠢᠳᠤ ᠨᠢ ᠲᠡᠭᠰᠢᠷᠡᠭᠰᠠᠨ ᠪᠦᠭᠡᠤᠨ ᠲᠠᠭᠡᠳᠤ ᠲᠤᠤᠷᠠᠳᠤ ᠨᠢᠯᠬ᠎ᠠ ᠶᠢᠨ | ᠰᠤᠶᠤᠭ᠎ᠠ ᠨᠢ ᠪᠦᠷ ᠶᠠᠰᠤᠨ ᠰᠢᠳᠤ ᠪᠠᠷ ᠰᠤᠯᠢᠠᠠᠳᠠᠭᠰᠠᠨ ᠲᠠᠮᠡᠭᠡ᠃ ᠪᠠᠰᠠ ᠰᠢᠳᠤ ᠨᠠᠶᠢᠯᠡᠭᠰᠠᠨ ᠲᠠᠮᠡᠭᠡ ᠭᠡᠳᠡᠭ᠃ | ᠰᠢᠳᠤ ᠵᠢᠭᠳᠡᠷᠡᠭᠰᠠᠨ ᠲᠠᠮᠡᠭᠡ᠄ ᠨᠠᠢᠮᠠ ᠠᠴᠠ ᠶᠢᠰᠤᠨ ᠨᠠᠰᠤ ᠬᠦᠷᠴᠤ ᠰᠤᠯᠢᠠᠠᠳᠠᠭᠰᠠᠨ ᠰᠤᠶᠤᠭ᠎ᠠ ᠨᠢ ᠤᠷᠭᠤᠵᠤ | ᠬᠦᠢᠴᠠᠭᠡᠤᠨ ᠰᠢᠳᠤ᠂ ᠰᠤᠶᠤᠭ᠎ᠠ᠂ ᠠᠷᠠᠭ᠎ᠠ ᠨᠢ ᠪᠦᠷ ᠴᠢᠴᠠᠤᠷᠠᠭᠰᠠᠨ ᠲᠠᠮᠡᠭᠡ᠃ | ᠬᠤᠶᠠᠷ ᠲᠠᠷᠤᠭᠰᠠᠨ ᠲᠠᠮᠡᠭᠡ᠄ ᠠᠷᠪᠠ ᠠᠴᠠ ᠠᠷᠪᠠᠨ ᠨᠢᠭᠡᠨ ᠨᠠᠰᠤ ᠬᠦᠷᠴᠤ ᠬᠤᠶᠠᠷ ᠡᠬᠦᠳᠠᠨ ᠰᠢᠳᠤ ᠨᠢ | ᠨᠠᠯᠢᠶᠠᠤᠨ ᠡᠯᠡᠭᠳᠡᠭᠰᠠᠨ ᠲᠠᠮᠡᠭᠡ᠃ | ᠲᠦᠷᠪᠠ ᠲᠠᠷᠤᠭᠰᠠᠨ ᠲᠠᠮᠡᠭᠡ᠄ ᠠᠷᠪᠠᠨ ᠬᠤᠶᠠᠷ ᠠᠴᠠ ᠠᠷᠪᠠᠨ ᠭᠤᠷᠪᠠᠨ ᠨᠠᠰᠤ ᠬᠦᠷᠴᠤ ᠬᠤᠶᠠᠷ ᠡᠬᠦᠳᠠᠨ | ᠰᠢᠳᠤ ᠪᠠ ᠬᠠᠵᠠᠭᠤ ᠶᠢᠨ ᠬᠤᠶᠠᠷ ᠰᠢᠳᠤ ᠨᠢ ᠨᠠᠯᠢᠶᠠᠤᠨ ᠡᠯᠡᠭᠳᠡᠭᠰᠠᠨ ᠲᠠᠮᠡᠭᠡ᠃ | ᠵᠢᠷᠭᠤᠭ᠎ᠠ ᠲᠠᠷᠤᠭᠰᠠᠨ ᠲᠠᠮᠡᠭᠡ᠄ ᠠᠷᠪᠠᠨ ᠲᠦᠷᠪᠠ ᠠᠴᠠ ᠠᠷᠪᠠᠨ ᠲᠠᠪᠤᠨ ᠨᠠᠰᠤ ᠬᠦᠷᠤᠭᠡᠤᠨ ᠵᠠᠬ᠎ᠠ ᠶᠢᠨ | ᠬᠤᠶᠠᠷ ᠰᠢᠳᠤ ᠨᠢ ᠨᠠᠯᠢᠶᠠᠤᠨ ᠡᠯᠡᠭᠳᠠᠵᠤ ᠵᠢᠷᠭᠤᠭᠠᠨ ᠰᠢᠳᠤ ᠨᠢ ᠴᠦᠮ ᠪᠤᠭᠤᠨᠢᠰᠤᠭᠰᠠᠨ ᠲᠠᠮᠡᠭᠡ᠃ | ᠰᠤᠶᠤᠭ᠎ᠠ ᠲᠠᠷᠤᠭᠰᠠᠨ ᠲᠠᠮᠡᠭᠡ᠄ ᠠᠷᠪᠠᠨ ᠵᠢᠷᠭᠤᠭ᠎ᠠ ᠠᠴᠠ ᠠᠷᠪᠠᠨ ᠲᠤᠯᠤᠭᠠᠨ ᠨᠠᠰᠤ ᠬᠦᠷᠴᠤ ᠲᠠᠭᠡᠳᠤ | ᠲᠤᠤᠷᠠᠳᠤ ᠰᠤᠶᠤᠭ᠎ᠠ ᠨᠢ ᠨᠠᠯᠢᠶᠠᠤᠨ ᠡᠯᠡᠭᠳᠠᠵᠤ ᠨᠠᠮ ᠪᠤᠯᠤᠭᠰᠠᠨ ᠲᠠᠮᠡᠭᠡ᠃ ᠪᠠᠰᠠ ᠵᠠᠬ᠎ᠠ ᠲᠠᠷᠤᠭᠰᠠᠨ ᠲᠠᠮᠡᠭᠡ | ᠭᠡᠳᠡᠭ᠃ | ᠰᠡᠶᠢᠭᠦᠭᠰᠡᠨ ᠲᠠᠮᠡᠭᠡ᠄ ᠠᠷᠪᠠᠨ ᠨᠠᠢᠮᠠ ᠠᠴᠠ ᠠᠷᠪᠠᠨ ᠶᠢᠰᠤᠨ ᠨᠠᠰᠤ ᠬᠦᠷᠴᠤ ᠪᠦᠬᠦ ᠰᠢᠳᠤ ᠨᠢ | ᠬᠤᠭᠤᠷᠤᠡᠳᠤ ᠪᠠᠨ ᠶᠠᠭᠡᠭᠡᠨ ᠵᠠᠢ ᠭᠠᠷᠤᠭᠰᠠᠨ ᠲᠠᠮᠡᠭᠡ᠃ | ᠠᠷᠠᠭ᠎ᠠ ᠲᠡᠭᠰᠢᠷᠡᠭᠰᠠᠨ ᠲᠠᠮᠡᠭᠡ᠄ ᠬᠤᠷᠢ ᠠᠴᠠ ᠲᠠᠭᠡᠭᠰᠢ ᠨᠠᠰᠤᠯᠠᠵᠤ ᠰᠢᠳᠤ ᠰᠤᠶᠤᠭ᠎ᠠ ᠨᠢ ᠡᠯᠡᠭᠳᠡᠭᠰᠠᠨ ᠢᠶᠠᠷ | ᠪᠠᠷᠠᠬᠤ ᠦᠭᠡᠢ ᠠᠷᠠᠭ᠎ᠠ ᠨᠢ ᠬᠦᠷᠳᠠᠯ᠎ᠠ ᠶᠠᠭᠡᠭᠡᠨ ᠡᠯᠡᠭᠳᠠᠵᠤ ᠪᠤᠭᠤᠨᠢᠰᠤᠭᠰᠠᠨ ᠬᠦᠭᠰᠢᠨ ᠲᠠᠮᠡᠭᠡ᠃ | ᠵᠠᠯᠠᠭᠤ ᠲᠠᠮᠡᠭᠡ᠄ ᠵᠢᠷᠭᠤᠭ᠎ᠠ ᠠᠴᠠ ᠠᠷᠪᠠᠨ ᠵᠢᠷᠭᠤᠭᠠᠨ ᠨᠠᠰᠤᠨ ᠤ ᠬᠤᠭᠤᠷᠤᠠᠳᠤᠬᠢ ᠲᠠᠮᠡᠭᠡ᠃ | ᠬᠥᠭᠰᠢᠨ ᠲᠡᠮᠡᠭᠡ᠄ ᠬᠤᠷᠢᠨ ᠬᠤᠶᠠᠷ ᠨᠠᠰᠤᠨ ᠠᠴᠠ ᠡᠳ᠋ᠯᠡᠭᠡ ᠦᠭᠡᠢ ᠪᠤᠯᠤᠭᠰᠠᠨ ᠲᠡᠮᠡᠭᠡ᠃ | ᠰᠢᠷᠪᠢᠯᠭᠡ ᠲᠠᠮᠡᠭᠡ᠄ ᠤᠨᠤᠯᠭ᠎ᠠ ᠠᠴᠢᠯᠭ᠎ᠠ ᠠᠴᠠ ᠭᠠᠷᠤᠭᠰᠠᠨ ᠬᠦᠭᠰᠢᠨ᠂ ᠵᠠᠮᠳᠡᠭ᠂ ᠶᠠᠳᠠᠷ ᠲᠤᠷᠣᠢ ᠲᠠᠮᠡᠭᠡ᠃ | ᠪᠠᠰᠠ ᠰᠢᠢᠤᠠᠪᠤᠷᠢ ᠶᠢᠨ ᠲᠠᠮᠡᠭᠡ ᠭᠡᠳᠡᠭ᠃ |