ᠠᠯᠠᠱᠠ ᠲᠡᠮᠡᠭᠡᠨ ᠰᠦᠷᠦᠭ ᠤᠨ ᠬᠤᠲᠠ ᠬᠠᠰᠢᠶ᠎ᠠ᠂ ᠠᠯᠠᠱᠠ ᠲᠡᠮᠡᠭᠡᠨ ᠠᠶᠠᠨ ᠤ ᠭᠤᠤᠯ ᠪᠤᠯᠬᠤ ᠵᠠᠮ
ᠨᠡᠶᠢᠲᠡᠯᠡᠭᠰᠡᠨ ᠴᠠᠭ᠄
2023/12/11
   ᠵᠢᠷᠭᠤᠳᠤᠭᠠᠷ ᠬᠡᠰᠡᠭ ᠠᠯᠠᠱᠠ ᠲᠡᠮᠡᠭᠡᠨ ᠰᠦᠷᠦᠭ ᠤᠨ ᠬᠤᠲᠠ ᠬᠠᠰᠢᠶ᠎ᠠ    ᠠᠯᠠᠱᠠ ᠮᠤᠩᠭᠤᠯᠴᠤᠳ ᠠᠯᠢ ᠡᠷᠲᠡᠨ ᠠᠴᠠ ᠲᠡᠮᠡᠭᠡᠨ ᠰᠦᠷᠦᠭ ᠢᠶᠠᠨ ᠴᠠᠭ ᠵᠢᠯ ᠤᠨ ᠦᠩᠭᠡ ᠳᠠᠭᠠᠭᠤᠯᠵᠤ᠂ ᠡᠪᠡᠰᠦᠨ ᠤ ᠰᠣᠷᠭᠤᠭ ᠢ ᠰᠣᠩᠭᠤᠵᠤ᠂ ᠤᠯᠠᠷᠢᠯ ᠡᠭᠡᠯᠵᠢᠯᠡᠭᠦᠯᠦᠨ ᠪᠡᠯᠴᠢᠭᠡᠷ ᠰᠣᠯᠢᠵᠤ᠂ ᠣᠲᠣᠷ ᠨᠡᠭᠦᠳᠡᠯ ᠢᠶᠠᠷ ᠮᠠᠯᠵᠢᠳᠠᠭ ᠪᠠᠶᠢᠭᠰᠠᠨ ᠪᠣᠯᠬᠤᠷ ᠲᠡᠮᠡᠭᠡᠨ ᠤ ᠬᠠᠰᠢᠶ᠎ᠠ ᠬᠤᠷᠤᠭ᠎ᠠ ᠶᠢ ᠲᠡᠭᠡᠵᠤ ᠶᠡᠭᠡ ᠴᠢᠬᠤᠯᠠᠴᠢᠯᠠᠳᠠᠭ ᠦᠭᠡᠢ ᠪᠠᠶᠢᠵᠡᠢ᠃ ᠬᠠᠷᠢᠨ ᠲᠡᠮᠡᠭᠡᠴᠢᠨ ᠠᠶᠢᠯ ᠭᠠᠵᠠᠷ ᠨᠤᠲᠤᠭ ᠤᠨ ᠲᠤᠭᠲᠠᠴᠠ ᠬᠢᠭᠡᠳ ᠴᠠᠭ ᠠᠭᠠᠷ ᠤᠨ ᠪᠠᠶᠢᠳᠠᠯ᠂ ᠰᠠᠯᠬᠢ ᠰᠢᠭᠤᠷᠭᠠᠨ ᠤ ᠴᠢᠭᠯᠡᠯ ᠢ ᠦᠨᠳᠦᠰᠦᠯᠡᠵᠦ᠂ ᠡᠪᠦᠯᠵᠢᠶ᠎ᠡ ᠪᠠᠨ ᠭᠤᠤᠯᠳᠠᠭᠤ ᠪᠠᠷᠠᠭᠤᠨ ᠬᠤᠶᠢᠲᠦ᠂ ᠬᠤᠶᠢᠳᠦ ᠲᠠᠯ᠎ᠠ ᠪᠠᠷ ᠢᠶᠠᠨ ᠦᠨᠳᠦᠷ᠂ ᠰᠠᠯᠬᠢᠨ ᠵᠢᠪᠠᠷ ᠲᠤᠭᠤᠷᠢᠵᠦ ᠭᠠᠳᠤᠯᠬᠤ ᠨᠦᠮᠦᠷᠢᠯᠢᠭ᠂ ᠡᠭᠡᠪᠦᠷ ᠲᠦᠭᠦᠮ ᠪᠠᠭᠤᠷᠢ ᠰᠣᠩᠭᠤᠵᠣ᠂ ᠮᠦᠨ ᠭᠡᠷ ᠪᠠᠭᠤᠴᠠ ᠠᠴᠠ ᠤᠶᠢᠷᠠᠬᠠᠨ ᠰᠢᠭ᠋ ᠡᠪᠦᠯ ᠤᠨ ᠲᠣᠷᠣᠮ ᠪᠣᠲᠣᠭᠤ ᠲᠠᠢ ᠢᠩᠭᠡ᠂ ᠶᠠᠳᠠᠷ ᠲᠣᠷᠣᠢ ᠲᠡᠮᠡᠭᠡᠳ ᠬᠡᠪᠳᠡᠵᠦ ᠬᠤᠨᠣᠬᠤ ᠳᠤ ᠨᠦᠮᠦᠷᠢ ᠲᠠᠢ᠂ ᠰᠤᠪᠠᠢ ᠲᠡᠮᠡᠭᠡ ᠬᠤᠲᠠᠯᠠᠵᠤ ᠬᠤᠷᠢᠶᠠᠬᠤ᠂ ᠭᠡᠷᠡᠵᠦ ᠤᠶᠠᠬᠤ ᠳᠤ ᠪᠠᠭᠲᠠᠭᠠᠮᠵᠢᠳᠠᠢ᠂ ᠤᠨᠤᠯᠭ᠎ᠠ ᠡᠳ᠋ᠯᠡᠭᠡᠨ ᠤ ᠲᠡᠮᠡᠭᠡ ᠤᠶᠠᠵᠤ ᠰᠦᠢᠬᠤ ᠳᠤ ᠴᠢᠯᠦᠭᠡᠳᠠᠢ ᠭᠠᠵᠠᠷ ᠢ ᠰᠤᠩᠭᠤᠳᠠᠭ᠃ ᠰᠤᠪᠠᠢ ᠲᠡᠮᠡᠭᠡᠨ ᠤ ᠬᠤᠳᠠ ᠠᠴᠠ ᠵᠠᠶᠢᠲᠠᠢ ᠭᠠᠵᠠᠷ ᠬᠠᠰᠢᠶ᠎ᠡ ᠬᠤᠷᠤᠭ᠎ᠠ ᠪᠠᠨ ᠪᠠᠶᠢᠭᠤᠯᠵᠤ ᠲᠠᠪᠬᠤᠷ ᠪᠤᠶᠤ ᠬᠡᠯᠬᠢᠶ᠎ᠡ ᠪᠦᠲᠦᠴᠠ ᠲᠠᠢ ᠬᠠᠰᠢᠶ᠎ᠡ ᠪᠠᠷᠢᠵᠤ᠂ ᠪᠤᠳᠤᠭᠤ ᠲᠤᠷᠤᠮ ᠢᠯᠭᠠᠵᠤ ᠬᠠᠰᠢᠶᠠᠯᠠᠬᠤ ᠳᠤ ᠲᠦᠭᠦᠮ ᠪᠤᠯᠭᠠᠳᠠᠭ ᠪᠦᠭᠡᠳ ᠪᠤᠤᠷ᠎ᠠ ᠤᠶᠠᠬᠤ ᠲᠤᠰᠬᠠᠢ ᠤᠶᠠᠭ᠎ᠠ ᠱᠤᠩ ᠪᠡᠯᠡᠳᠭᠡᠳᠡᠭ᠃ ᠬᠠᠪᠤᠷᠵᠢᠶ᠎ᠡ ᠶᠢ ᠬᠤᠳᠳᠤᠭ ᠤᠰᠤᠨ ᠠᠴᠠ ᠪᠠᠨ ᠨᠠᠯᠢᠶᠡᠳ ᠤᠶᠢᠷ᠎ᠡ᠂ ᠨᠦᠮᠦᠷᠢ ᠲᠠᠢ ᠲᠡᠨᠵᠢᠷᠬᠡᠭ ᠬᠠᠲᠠᠭᠤ ᠭᠠᠵᠠᠷ ᠰᠤᠩᠭᠤᠵᠤ᠂ ᠬᠠᠰᠢᠶ᠎ᠡ ᠬᠤᠷᠤᠭ᠎ᠠ ᠶᠢᠨ ᠪᠦᠲᠦᠴᠠ ᠨᠢ ᠡᠪᠦᠯᠵᠢᠶ᠎ᠡ ᠶᠢᠨ ᠬᠢ ᠲᠠᠢ ᠠᠳᠠᠯᠢᠪᠲᠤᠷ ᠪᠠᠶᠢᠳᠠᠭ᠃ ᠵᠣᠰᠠᠯᠠᠩ ᠨᠠᠮᠣᠷᠵᠢᠶ᠎ᠡ ᠶᠢᠨ ᠬᠤᠳᠠ  ᠶᠢ ᠬᠤᠯᠠ ᠠᠴᠠ ᠪᠠᠷ᠎ᠡ  ᠲᠠᠢ ᠦᠨᠳᠦᠷ ᠲᠡᠭᠰᠢ ᠭᠠᠵᠠᠷ ᠰᠤᠩᠭᠤᠭᠰᠠᠨ ᠪᠠᠶᠢᠳᠠᠭ  ᠨᠢ ᠰᠠᠯᠬᠢ ᠵᠢᠪᠠᠷ ᠴᠢᠯᠦᠭᠡᠳᠠᠢ ᠭᠠᠳᠤᠯᠵᠤ᠂ ᠢᠯᠠᠭ᠎ᠠ ᠰᠢᠮᠠᠭᠤᠯ ᠬᠤᠷᠭᠤᠳᠠᠬᠤ ᠦᠭᠡᠢ ᠲᠤᠯᠠ ᠠᠶᠢᠯ ᠭᠡᠷ ᠪᠤᠯᠤᠨ ᠲᠡᠮᠡᠭᠡᠨ ᠰᠦᠷᠦᠭ  ᠲᠤ ᠲᠠᠭᠠᠯᠠᠮᠵᠢᠳᠠᠢ ᠪᠠᠶᠢᠳᠠᠭ᠃ ᠬᠠᠪᠤᠷ  ᠤᠨ ᠨᠢᠯᠬ᠎ᠠ ᠪᠣᠲᠣᠭᠤ ᠣᠶᠠᠬᠤ ᠳᠤ ᠭᠦᠮᠦᠨ ᠮᠠᠯ  ᠤᠨ ᠵᠠᠮ  ᠠᠴᠠ ᠵᠠᠶᠢᠳᠠᠭᠤ᠂ ᠲᠡᠨᠵᠢᠷᠭᠡᠭ ᠠᠭᠤᠵᠢᠮ ᠭᠠᠵᠠᠷ  ᠢ ᠶᠠᠬᠡᠪᠴᠢᠯᠡᠨ ᠰᠤᠩᠭᠤᠳᠠᠭ᠃    ᠳᠤᠯᠤᠳᠤᠭᠠᠷ ᠬᠡᠰᠡᠭ ᠠᠯᠠᠱᠠ ᠲᠡᠮᠡᠭᠡᠨ ᠠᠶᠠᠨ ᠤ ᠭᠤᠤᠯ ᠪᠤᠯᠬᠤ ᠵᠠᠮ    ᠠᠯᠠᠱᠠ ᠨᠤᠲᠤᠭ ᠤᠨ ᠡᠷᠲᠡᠨ ᠤ ᠠᠶᠠᠨ ᠲᠡᠭᠡᠭᠡᠪᠦᠷᠢ ᠲᠡᠷᠡ ᠪᠦᠬᠦᠨ ᠲᠡᠮᠡᠭᠡᠨ ᠠᠶᠠᠨ ᠠᠴᠠ ᠰᠠᠯᠵᠤ ᠪᠠᠶᠢᠭ᠎ᠠ ᠦᠭᠡᠢ ᠤᠴᠢᠷ ᠠᠴᠠ ᠠᠯᠠᠱᠠ ᠨᠤᠲᠤᠭ ᠤᠨ ᠳᠤᠲᠤᠭᠠᠳᠤ ᠳᠤ ᠲᠡᠳᠦᠢ ᠦᠭᠡᠢ ᠠᠯᠠᠱᠠ ᠨᠤᠲᠤᠭ ᠠᠴᠠ ᠭᠠᠳᠠᠭᠰᠢ ᠪᠠᠨ ᠪᠤᠰᠤᠳ ᠭᠠᠵᠠᠷ ᠤᠷᠤᠨ ᠳᠤ ᠨᠡᠪᠲᠡᠷᠡᠬᠦ ᠤᠨᠤᠭ᠎ᠠ ᠬᠦᠰᠭᠡ ᠨᠢ ᠮᠥᠨ ᠴᠦ ᠲᠡᠮᠡᠭᠡ ᠪᠠᠶᠢᠭᠰᠠᠨ ᠨᠢ ᠵᠠᠶᠢᠯᠠᠰᠢ ᠦᠭᠡᠢ ᠶᠤᠮ᠃ ᠠᠯᠠᠱᠠ ᠨᠤᠲᠤᠭ ᠠᠴᠠ ᠭᠠᠳᠠᠭᠰᠢ ᠬᠠᠮᠤᠭ ᠲᠦᠭᠡᠮᠡᠯ ᠨᠡᠪᠲᠡᠷᠡᠵᠦ ᠪᠠᠶᠢᠭᠰᠠᠨ ᠭᠠᠵᠠᠷ ᠤᠷᠤᠨ ᠪᠤᠯ ᠪᠡᠭᠡᠵᠢᠩ᠂ ᠭᠦᠢᠰᠦ᠋ᠢ ᠪᠤᠶᠤ ᠰᠦᠢᠶᠤᠸᠠᠨ ︵ᠬᠦᠬᠡᠬᠤᠲᠠ︶᠂ ᠪᠤᠭᠤᠲᠤ᠂ ᠳ᠋ᠠ ᠬᠦᠷᠢᠶ᠎ᠡ ︵ᠤᠯᠠᠭᠠᠨᠪᠠᠭᠠᠲᠤᠷ︶᠂ ᠬᠠᠮᠢ᠂ ᠦᠷᠦᠮᠴᠢ᠂ ᠰᠠᠶᠢᠬᠠᠨ ᠵᠠᠪᠠᠢ ︵ᠵᠢᠶᠠ ᠢᠦᠢ ᠭᠤᠸᠠᠨ︶᠂ ᠭᠠᠨᠵᠸᠦ ︵ᠵᠠᠩ ᠶᠧ︶᠂ ᠯᠢᠶᠠᠩᠵᠧᠦ ︵ᠡᠦ ᠸᠧᠢ︶᠂ ᠯᠾᠠᠰᠠ᠂ ᠭᠦᠮᠪᠦᠮ᠂ ᠯᠠᠨᠵᠧᠦ᠂ ᠳᠡᠷᠡᠰᠦᠨ ︵ᠵᠦᠩ ᠸᠧᠢ︶᠂ ᠢᠷᠭᠠᠢ ︵ᠶᠢᠨᠴᠤᠸᠠᠨ︶ ᠵᠢᠴᠢ ᠤᠤᠯ ᠤᠨ ᠦᠪᠦᠷ ᠮᠤᠩᠭᠤᠯ ᠤᠨ ᠪᠠᠷᠠᠭᠤᠨ ᠪᠦᠰᠡ ᠨᠤᠲᠤᠭ ᠤᠨ ᠬᠤᠰᠢᠭᠤ ᠴᠢᠭᠤᠯᠭᠠᠨ ᠨᠤᠭᠤᠳ ᠪᠤᠯᠤᠨ᠎ᠠ᠃ ᠪᠤᠰᠤᠳ ᠭᠠᠵᠠᠷ ᠨᠤᠲᠤᠭ ᠤᠨ ᠠᠯᠢ ᠤᠯᠠᠨ ᠠᠶᠠᠨ ᠲᠡᠭᠡᠭᠡᠪᠦᠷᠢ ᠮᠥᠨ ᠠᠯᠠᠱᠠ ᠨᠤᠲᠤᠭ ᠢᠶᠠᠷ ᠦᠩᠭᠡᠷᠡᠨ ᠭᠠᠷᠴᠤ ᠪᠠᠶᠢᠭᠰᠠᠨ ᠲᠤᠯᠠ ᠠᠯᠠᠱᠠ ᠶᠢᠨ ᠠᠶᠠᠨ ᠲᠡᠭᠡᠭᠡᠪᠦᠷᠢ ᠶᠢᠨ ᠵᠠᠮ ᠲᠤᠳᠤᠷᠬᠠᠢ ᠪᠤᠯᠤᠭᠰᠠᠨ ᠲᠡᠳᠦᠢ ᠦᠭᠡᠢ ᠦᠷᠦᠨ᠎ᠡ ᠳᠤᠷᠤᠨ᠎ᠠ ᠶᠢ ᠬᠤᠯᠪᠤᠭᠰᠠᠨ ᠪᠤᠳᠠᠰ ᠤᠨ ᠪᠤᠯᠤᠨ ᠰᠤᠶᠤᠯ ᠤᠨ ᠰᠤᠯᠢᠯᠴᠠᠭᠠᠨ ᠤ ᠨᠡᠪᠲᠡᠷᠡᠯᠴᠡᠭᠡ ᠶᠢ ᠨᠡᠭᠡᠭᠡᠭᠰᠡᠨ ᠠᠯᠳᠠᠷᠲᠤ ᠲᠤᠷᠭᠠᠨ ᠤ ᠵᠠᠮ ᠤ ᠬᠦᠭᠵᠢᠯ ᠳᠤ ᠬᠤᠪᠢ ᠨᠡᠮᠡᠷᠢ ᠪᠠᠨ ᠤᠷᠤᠭᠤᠯᠤᠭᠰᠠᠨ ᠪᠠᠶᠢᠨ᠎ᠠ᠃    ᠠᠯᠠᠱᠠ ᠨᠤᠲᠤᠭ ᠤᠨ ᠲᠡᠮᠡᠭᠡᠨ ᠠᠶᠠᠨ ᠤ ᠭᠤᠤᠯ ᠪᠤᠯᠬᠤ ᠵᠠᠮ ᠤᠳ ᠢ ᠲᠦᠢᠮᠦᠴᠢᠯᠠᠨ ᠳᠤᠷᠠᠳᠪᠠᠯ᠄    ᠳ᠋ᠧᠩᠺᠸᠦ — ᠪᠠᠶᠠᠨᠵᠢᠷᠠᠲᠠᠢ — ᠬᠤᠯᠠᠳᠠᠬᠢᠨ ᠢ ᠲᠤᠭᠲᠠᠭᠠᠭᠴᠢ ᠬᠤᠷᠢᠶ᠎ᠠ — ᠲᠦᠷᠭᠡᠨ — ᠬᠤᠶᠠᠷᠬᠤᠳᠳᠤᠭ — ᠴᠢᠯᠠᠭᠤᠨ ᠤᠩᠭᠤᠴᠠᠲᠠᠢ ᠪᠠᠷ ᠳᠠᠮᠵᠢᠭᠰᠠᠨ ᠵᠠᠮ ᠨᠢ ᠵᠡᠭᠦᠨᠰᠢ ᠪᠤᠷᠤᠲᠤᠬᠤᠢ ᠶᠢᠨ ᠲᠠᠯ᠎ᠠ ᠭᠠᠵᠠᠷ ᠢᠶᠠᠷ ᠦᠩᠭᠡᠷᠡᠨ ᠪᠤᠭᠤᠲᠤ᠂ ᠭᠦᠢᠰᠦ᠋ᠢ ᠪᠤᠶᠤ ᠰᠦᠢᠶᠤᠸᠠᠨ ︵ᠬᠦᠬᠡᠬᠤᠲᠠ︶᠂ ᠴᠢᠭᠤᠯᠤᠯᠳᠤ ᠬᠠᠭᠠᠯᠭ᠎ᠠ᠂ ᠱᠠᠨᠰᠢ᠂ ᠡᠾᠧᠪᠧᠢ᠂ ᠪᠡᠭᠡᠵᠢᠩ ᠳᠤ ᠨᠡᠪᠲᠡᠷᠡᠵᠦ᠂ ᠪᠠᠷᠠᠭᠤᠨᠰᠢ ᠪᠠᠨ ᠳᠡᠷᠡᠰᠦᠨ ︵ᠵᠦᠩ ᠸᠧᠢ︶ ᠢᠶᠠᠷ ᠨᠢᠩᠰᠢᠶᠠ ᠳᠤ ᠤᠷᠤᠭᠠᠳ ᠴᠢᠨᠠᠭᠰᠢᠯᠠᠨ ᠭᠠᠨᠰᠤ᠂ ᠬᠦᠬᠡᠨᠠᠭᠤᠷ᠂ ᠲᠦᠪᠡᠳ ᠲᠤ ᠨᠠᠪᠲᠠᠷᠠᠵᠤ ᠪᠠᠶᠢᠵᠠᠢ᠃    ᠳ᠋ᠧᠩᠺᠸᠦ — ᠪᠠᠶᠠᠨᠵᠢᠷᠠᠲᠠᠢ — ᠰᠢᠷᠠᠪᠦᠷᠢᠳᠤ — ᠪᠠᠶᠢᠰᠢᠩ ᠭᠤᠤᠯ — ᠬᠦᠬᠡ ᠳᠠᠪᠤᠰᠤᠨ — ᠡᠬᠢᠨᠬᠤᠳᠳᠤᠭ ᠪᠤᠶᠤ ᠳ᠋ᠧᠩᠺᠸᠦ — ᠪᠠᠶᠠᠨᠵᠢᠷᠠᠲᠠᠢ — ᠰᠢᠷᠠᠪᠦᠷᠢᠳᠦ — ᠱᠠᠩᠳᠠ — ᠲᠤᠯᠣᠭᠠᠨᠬᠤᠳᠳᠤᠭ — ᠡᠬᠢᠨᠬᠤᠳᠳᠤᠭ ᠭᠡᠬᠦ ᠬᠤᠶᠠᠷ ᠵᠠᠮ ᠢᠶᠠᠷ ᠳᠠᠮᠵᠢᠨ ᠱᠠᠨᠳᠠᠨ᠂ ᠭᠠᠨᠵᠧᠦ ︵ᠵᠠᠩ ᠶᠧ︶ ᠪᠠᠷ ᠬᠠᠰᠢᠨ ᠬᠤᠩᠭᠢᠯ ᠤᠷᠤᠭᠤ ᠤᠷᠤᠵᠤ᠂ ᠪᠠᠷᠠᠭᠤᠨᠰᠢ ᠬᠦᠬᠡᠨᠠᠭᠤᠷ᠂ ᠲᠦᠪᠡᠳ ᠲᠤ᠂ ᠬᠤᠶᠢᠰᠢ ᠰᠢᠨᠵᠢᠶᠠᠩ ᠳᠤ᠂ ᠡᠮᠦᠨᠡᠰᠢ ᠯᠠᠨᠵᠧᠦ᠂ ᠰᠢ ᠠᠨ ᠳᠤ ᠨᠡᠪᠲᠡᠷᠡᠵᠦ ᠪᠠᠶᠢᠵᠠᠢ᠃    ᠳ᠋ᠧᠩᠺᠸᠦ — ᠲᠦᠬᠦᠮ — ᠴᠠᠭᠠᠨ ᠲᠡᠭᠡᠭ — ᠬᠠᠷ᠎ᠠ ᠤᠷᠪᠤᠭ — ᠶᠠᠭᠠᠨ ᠠᠴᠠ ᠬᠤᠶᠢᠰᠢ ᠮᠤᠩᠭᠤᠯ ᠤᠯᠤᠰ ᠤᠨ ᠬᠢᠯᠢ ᠤᠷᠤᠵᠤ ᠳ᠋ᠠ ᠬᠦᠷᠢᠶ᠎ᠡ ︵ᠤᠯᠠᠭᠠᠨᠪᠠᠭᠠᠲᠤᠷ︶ ᠪᠠᠷ ᠳᠠᠭᠠᠷᠢᠨ ᠡᠸᠦ᠋ᠷᠣᠫᠠ ᠶᠢᠨ ᠤᠯᠤᠰ ᠤᠳ ᠲᠤ ᠨᠡᠪᠲᠡᠷᠡᠵᠦ ᠪᠠᠶᠢᠵᠠᠢ᠃    ᠶᠠᠭᠠᠨ — ᠴᠠᠭᠠᠨ ᠲᠡᠭᠡᠭ — ᠬᠠᠷ᠎ᠠ ᠤᠷᠪᠤᠭ — ᠪᠡᠶᠠᠨᠮᠤᠳᠤ — ᠰᠢᠷᠠᠪᠦᠷᠢᠳᠦ — ᠬᠤᠯᠠᠳᠠᠬᠢᠨ ᠢ ᠲᠤᠭᠲᠠᠭᠠᠭᠴᠢ ᠬᠤᠷᠢᠶ᠎ᠠ — ᠰᠢᠷ᠎ᠠ ᠬᠦᠳᠡᠭᠡ — ᠬᠤᠶᠠᠷᠬᠤᠳᠳᠤᠭ — ᠲᠡᠷᠠᠰᠦᠨ ︵ᠵᠦᠩ ᠸᠧᠢ︶ ᠪᠤᠶᠤ ᠴᠢᠯᠠᠭᠤᠨ ᠤᠩᠭᠤᠴᠠᠲᠠᠢ ᠶᠢᠨ ᠵᠠᠮ ᠨᠢ ᠡᠮᠦᠨᠡᠰᠢ ᠭᠠᠨᠰᠦ᠂ ᠨᠢᠩᠰᠢᠶᠠ ᠶᠢᠨ ᠬᠢᠵᠠᠭᠠᠷ ᠲᠤ ᠤᠷᠤᠵᠤ᠂ ᠤᠮᠠᠷᠠᠰᠢ ᠶᠠᠭᠠᠨ ᠢᠶᠠᠷ ᠮᠤᠩᠭᠤᠯ ᠤᠯᠤᠰ ᠲᠤ ᠨᠡᠪᠲᠡᠷᠡᠵᠦ ᠪᠠᠶᠢᠵᠠᠢ᠃    ᠬᠤᠯᠠᠳᠠᠬᠢᠨ  ᠢ  ᠲᠤᠭᠳᠠᠭᠠᠭᠴᠢ  ᠬᠤᠷᠢᠶ᠎ᠠ — ᠬᠤᠳᠤᠢ  ᠨᠠᠭᠤᠷ — ᠪᠠᠶᠢᠰᠢᠩ  ᠭᠤᠤᠯ — ᠱᠠᠩᠳᠠ — ᠬᠦᠷᠢᠶᠡᠲᠦ — ᠤᠯᠠᠭᠠᠨ  ᠰᠡᠭᠡᠷ — ᠭᠤᠷᠤᠨᠠᠢ — ᠪᠠᠶᠠᠨᠵᠢᠷᠦᠬᠡ ︵ᠪᠠᠶᠠᠨᠪᠤᠭᠲᠠ︶ — ᠠᠯᠳ᠋ᠬᠠᠤᠰᠤ  ᠪᠠᠷ ᠭᠠᠲᠤᠯᠤᠨ  ᠲᠠᠯ ᠠᠭᠤᠯᠠ  ᠶᠢᠨ ᠭᠤᠪᠢ  ᠶᠢ ᠲᠤᠭᠤᠯᠤᠨ  ᠰᠢᠨᠵᠢᠶᠠᠩ  ᠳᠤ ᠨᠡᠪᠲᠡᠷᠡᠵᠦ ᠪᠠᠶᠢᠵᠠᠢ᠃    ᠭᠤᠪᠢ ᠶᠢᠨ ᠤᠯᠠᠭᠠᠨ ᠴᠤᠨᠵᠢ — ᠶᠠᠮᠤᠨ ᠴᠠᠭᠠᠨ — ᠪᠠᠶᠠᠨᠵᠢᠷᠦᠬᠡ ᠤᠨ ᠵᠠᠮ ᠨᠢ ᠪᠠᠷᠠᠭᠤᠨᠰᠢ ᠪᠠᠨ ᠰᠠᠶᠢᠬᠠᠨ ᠵᠠᠪᠠᠢ ︵ᠵᠢᠶᠠ ᠢᠦᠢ ᠭᠤᠸᠠᠨ︶ ᠪᠠᠷ ᠭᠠᠨᠰᠤ ᠳᠤ ᠤᠷᠤᠨ᠂ ᠴᠢᠨᠠᠭᠰᠢᠯᠠᠨ ᠬᠦᠬᠡᠨᠠᠭᠤᠷ᠂ ᠲᠦᠪᠡᠳ ᠲᠤ ᠨᠡᠪᠲᠡᠷᠡᠵᠦ᠂ ᠵᠡᠭᠦᠨᠰᠢ ᠪᠠᠨ ᠭᠤᠪᠢ ᠶᠢᠨ ᠤᠯᠠᠭᠠᠨ ᠴᠤᠨᠵᠢ ᠪᠠᠷ ᠮᠤᠩᠭᠤᠯ ᠤᠯᠤᠰ ᠤᠨ ᠬᠢᠯᠢ ᠳᠤ ᠤᠷᠤᠳᠠᠭ ᠪᠠᠶᠢᠵᠠᠢ᠃
 
ᠢᠷᠡᠯᠲᠡ᠄ ᠠᠯᠠᠱᠠ ᠶᠢᠨ ᠲᠡᠮᠡᠭᠡ ᠮᠠᠯᠵᠢᠬᠣ ᠰᠣᠶᠣᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号