ᠵᠢᠷᠭᠤᠳᠤᠭᠠᠷ ᠬᠡᠰᠡᠭ ᠠᠯᠠᠱᠠ ᠲᠡᠮᠡᠭᠡᠨ ᠰᠦᠷᠦᠭ ᠤᠨ ᠬᠤᠲᠠ ᠬᠠᠰᠢᠶ᠎ᠠ | ᠠᠯᠠᠱᠠ ᠮᠤᠩᠭᠤᠯᠴᠤᠳ ᠠᠯᠢ ᠡᠷᠲᠡᠨ ᠠᠴᠠ ᠲᠡᠮᠡᠭᠡᠨ ᠰᠦᠷᠦᠭ ᠢᠶᠠᠨ ᠴᠠᠭ ᠵᠢᠯ ᠤᠨ ᠦᠩᠭᠡ ᠳᠠᠭᠠᠭᠤᠯᠵᠤ᠂ | ᠡᠪᠡᠰᠦᠨ ᠤ ᠰᠣᠷᠭᠤᠭ ᠢ ᠰᠣᠩᠭᠤᠵᠤ᠂ ᠤᠯᠠᠷᠢᠯ ᠡᠭᠡᠯᠵᠢᠯᠡᠭᠦᠯᠦᠨ ᠪᠡᠯᠴᠢᠭᠡᠷ ᠰᠣᠯᠢᠵᠤ᠂ ᠣᠲᠣᠷ ᠨᠡᠭᠦᠳᠡᠯ ᠢᠶᠠᠷ | ᠮᠠᠯᠵᠢᠳᠠᠭ ᠪᠠᠶᠢᠭᠰᠠᠨ ᠪᠣᠯᠬᠤᠷ ᠲᠡᠮᠡᠭᠡᠨ ᠤ ᠬᠠᠰᠢᠶ᠎ᠠ ᠬᠤᠷᠤᠭ᠎ᠠ ᠶᠢ ᠲᠡᠭᠡᠵᠤ ᠶᠡᠭᠡ ᠴᠢᠬᠤᠯᠠᠴᠢᠯᠠᠳᠠᠭ ᠦᠭᠡᠢ ᠪᠠᠶᠢᠵᠡᠢ᠃ | ᠬᠠᠷᠢᠨ ᠲᠡᠮᠡᠭᠡᠴᠢᠨ ᠠᠶᠢᠯ ᠭᠠᠵᠠᠷ ᠨᠤᠲᠤᠭ ᠤᠨ ᠲᠤᠭᠲᠠᠴᠠ ᠬᠢᠭᠡᠳ ᠴᠠᠭ ᠠᠭᠠᠷ ᠤᠨ ᠪᠠᠶᠢᠳᠠᠯ᠂ ᠰᠠᠯᠬᠢ | ᠰᠢᠭᠤᠷᠭᠠᠨ ᠤ ᠴᠢᠭᠯᠡᠯ ᠢ ᠦᠨᠳᠦᠰᠦᠯᠡᠵᠦ᠂ ᠡᠪᠦᠯᠵᠢᠶ᠎ᠡ ᠪᠠᠨ ᠭᠤᠤᠯᠳᠠᠭᠤ ᠪᠠᠷᠠᠭᠤᠨ ᠬᠤᠶᠢᠲᠦ᠂ ᠬᠤᠶᠢᠳᠦ | ᠲᠠᠯ᠎ᠠ ᠪᠠᠷ ᠢᠶᠠᠨ ᠦᠨᠳᠦᠷ᠂ ᠰᠠᠯᠬᠢᠨ ᠵᠢᠪᠠᠷ ᠲᠤᠭᠤᠷᠢᠵᠦ ᠭᠠᠳᠤᠯᠬᠤ ᠨᠦᠮᠦᠷᠢᠯᠢᠭ᠂ ᠡᠭᠡᠪᠦᠷ ᠲᠦᠭᠦᠮ ᠪᠠᠭᠤᠷᠢ | ᠰᠣᠩᠭᠤᠵᠣ᠂ ᠮᠦᠨ ᠭᠡᠷ ᠪᠠᠭᠤᠴᠠ ᠠᠴᠠ ᠤᠶᠢᠷᠠᠬᠠᠨ ᠰᠢᠭ᠋ ᠡᠪᠦᠯ ᠤᠨ ᠲᠣᠷᠣᠮ ᠪᠣᠲᠣᠭᠤ ᠲᠠᠢ ᠢᠩᠭᠡ᠂ ᠶᠠᠳᠠᠷ | ᠲᠣᠷᠣᠢ ᠲᠡᠮᠡᠭᠡᠳ ᠬᠡᠪᠳᠡᠵᠦ ᠬᠤᠨᠣᠬᠤ ᠳᠤ ᠨᠦᠮᠦᠷᠢ ᠲᠠᠢ᠂ ᠰᠤᠪᠠᠢ ᠲᠡᠮᠡᠭᠡ ᠬᠤᠲᠠᠯᠠᠵᠤ ᠬᠤᠷᠢᠶᠠᠬᠤ᠂ ᠭᠡᠷᠡᠵᠦ | ᠤᠶᠠᠬᠤ ᠳᠤ ᠪᠠᠭᠲᠠᠭᠠᠮᠵᠢᠳᠠᠢ᠂ ᠤᠨᠤᠯᠭ᠎ᠠ ᠡᠳ᠋ᠯᠡᠭᠡᠨ ᠤ ᠲᠡᠮᠡᠭᠡ ᠤᠶᠠᠵᠤ ᠰᠦᠢᠬᠤ ᠳᠤ ᠴᠢᠯᠦᠭᠡᠳᠠᠢ ᠭᠠᠵᠠᠷ ᠢ | ᠰᠤᠩᠭᠤᠳᠠᠭ᠃ ᠰᠤᠪᠠᠢ ᠲᠡᠮᠡᠭᠡᠨ ᠤ ᠬᠤᠳᠠ ᠠᠴᠠ ᠵᠠᠶᠢᠲᠠᠢ ᠭᠠᠵᠠᠷ ᠬᠠᠰᠢᠶ᠎ᠡ ᠬᠤᠷᠤᠭ᠎ᠠ ᠪᠠᠨ ᠪᠠᠶᠢᠭᠤᠯᠵᠤ ᠲᠠᠪᠬᠤᠷ | ᠪᠤᠶᠤ ᠬᠡᠯᠬᠢᠶ᠎ᠡ ᠪᠦᠲᠦᠴᠠ ᠲᠠᠢ ᠬᠠᠰᠢᠶ᠎ᠡ ᠪᠠᠷᠢᠵᠤ᠂ ᠪᠤᠳᠤᠭᠤ ᠲᠤᠷᠤᠮ ᠢᠯᠭᠠᠵᠤ ᠬᠠᠰᠢᠶᠠᠯᠠᠬᠤ ᠳᠤ ᠲᠦᠭᠦᠮ | ᠪᠤᠯᠭᠠᠳᠠᠭ ᠪᠦᠭᠡᠳ ᠪᠤᠤᠷ᠎ᠠ ᠤᠶᠠᠬᠤ ᠲᠤᠰᠬᠠᠢ ᠤᠶᠠᠭ᠎ᠠ ᠱᠤᠩ ᠪᠡᠯᠡᠳᠭᠡᠳᠡᠭ᠃ ᠬᠠᠪᠤᠷᠵᠢᠶᠡ ᠶᠢ ᠬᠤᠳᠳᠤᠭ | ᠤᠰᠤᠨ ᠠᠴᠠ ᠪᠠᠨ ᠨᠠᠯᠢᠶᠡᠳ ᠤᠶᠢᠷ᠎ᠡ᠂ ᠨᠦᠮᠦᠷᠢ ᠲᠠᠢ ᠲᠡᠨᠵᠢᠷᠬᠡᠭ ᠬᠠᠲᠠᠭᠤ ᠭᠠᠵᠠᠷ ᠰᠤᠩᠭᠤᠵᠤ᠂ ᠬᠠᠰᠢᠶ᠎ᠡ | ᠬᠤᠷᠤᠭ᠎ᠠ ᠶᠢᠨ ᠪᠦᠲᠦᠴᠠ ᠨᠢ ᠡᠪᠦᠯᠵᠢᠶ᠎ᠡ ᠶᠢᠨ ᠬᠢ ᠲᠠᠢ ᠠᠳᠠᠯᠢᠪᠲᠤᠷ ᠪᠠᠶᠢᠳᠠᠭ᠃ ᠵᠣᠰᠠᠯᠠᠩ ᠨᠠᠮᠣᠷᠵᠢᠶᠡ ᠶᠢᠨ | ᠬᠤᠳᠠ ᠶᠢ ᠬᠤᠯᠠ ᠠᠴᠠ ᠪᠠᠷ᠎ᠡ ᠲᠠᠢ ᠦᠨᠳᠦᠷ ᠲᠡᠭᠰᠢ ᠭᠠᠵᠠᠷ ᠰᠤᠩᠭᠤᠭᠰᠠᠨ ᠪᠠᠶᠢᠳᠠᠭ ᠨᠢ ᠰᠠᠯᠬᠢ ᠵᠢᠪᠠᠷ | ᠴᠢᠯᠦᠭᠡᠳᠠᠢ ᠭᠠᠳᠤᠯᠵᠤ᠂ ᠢᠯᠠᠭ᠎ᠠ ᠰᠢᠮᠠᠭᠤᠯ ᠬᠤᠷᠭᠤᠳᠠᠬᠤ ᠦᠭᠡᠢ ᠲᠤᠯᠠ ᠠᠶᠢᠯ ᠭᠡᠷ ᠪᠤᠯᠤᠨ ᠲᠡᠮᠡᠭᠡᠨ ᠰᠦᠷᠦᠭ | ᠲᠤ ᠲᠠᠭᠠᠯᠠᠮᠵᠢᠳᠠᠢ ᠪᠠᠶᠢᠳᠠᠭ᠃ ᠬᠠᠪᠤᠷ ᠤᠨ ᠨᠢᠯᠬ᠎ᠠ ᠪᠣᠲᠣᠭᠤ ᠣᠶᠠᠬᠤ ᠳᠤ ᠭᠦᠮᠦᠨ ᠮᠠᠯ ᠤᠨ ᠵᠠᠮ ᠠᠴᠠ | ᠵᠠᠶᠢᠳᠠᠭᠤ᠂ ᠲᠡᠨᠵᠢᠷᠭᠡᠭ ᠠᠭᠤᠵᠢᠮ ᠭᠠᠵᠠᠷ ᠢ ᠶᠠᠬᠡᠪᠴᠢᠯᠡᠨ ᠰᠤᠩᠭᠤᠳᠠᠭ᠃ | ᠳᠤᠯᠤᠳᠤᠭᠠᠷ ᠬᠡᠰᠡᠭ ᠠᠯᠠᠱᠠ ᠲᠡᠮᠡᠭᠡᠨ ᠠᠶᠠᠨ ᠤ ᠭᠤᠤᠯ ᠪᠤᠯᠬᠤ ᠵᠠᠮ | ᠠᠯᠠᠱᠠ ᠨᠤᠲᠤᠭ ᠤᠨ ᠡᠷᠲᠡᠨ ᠤ ᠠᠶᠠᠨ ᠲᠡᠭᠡᠭᠡᠪᠦᠷᠢ ᠲᠡᠷᠡ ᠪᠦᠬᠦᠨ ᠲᠡᠮᠡᠭᠡᠨ ᠠᠶᠠᠨ ᠠᠴᠠ ᠰᠠᠯᠵᠤ ᠪᠠᠶᠢᠭ᠎ᠠ | ᠦᠭᠡᠢ ᠤᠴᠢᠷ ᠠᠴᠠ ᠠᠯᠠᠱᠠ ᠨᠤᠲᠤᠭ ᠤᠨ ᠳᠤᠲᠤᠭᠠᠳᠤ ᠳᠤ ᠲᠡᠳᠦᠢ ᠦᠭᠡᠢ ᠠᠯᠠᠱᠠ ᠨᠤᠲᠤᠭ ᠠᠴᠠ | ᠭᠠᠳᠠᠭᠰᠢ ᠪᠠᠨ ᠪᠤᠰᠤᠳ ᠭᠠᠵᠠᠷ ᠤᠷᠤᠨ ᠳᠤ ᠨᠡᠪᠲᠡᠷᠡᠬᠦ ᠤᠨᠤᠭ᠎ᠠ ᠬᠦᠰᠭᠡ ᠨᠢ ᠮᠥᠨ ᠴᠦ ᠲᠡᠮᠡᠭᠡ ᠪᠠᠶᠢᠭᠰᠠᠨ ᠨᠢ | ᠵᠠᠶᠢᠯᠠᠰᠢ ᠦᠭᠡᠢ ᠶᠤᠮ᠃ ᠠᠯᠠᠱᠠ ᠨᠤᠲᠤᠭ ᠠᠴᠠ ᠭᠠᠳᠠᠭᠰᠢ ᠬᠠᠮᠤᠭ ᠲᠦᠭᠡᠮᠡᠯ ᠨᠡᠪᠲᠡᠷᠡᠵᠦ ᠪᠠᠶᠢᠭᠰᠠᠨ ᠭᠠᠵᠠᠷ | ᠤᠷᠤᠨ ᠪᠤᠯ ᠪᠡᠭᠡᠵᠢᠩ᠂ ᠭᠦᠢᠰᠦ᠋ᠢ ᠪᠤᠶᠤ ᠰᠦᠢᠶᠤᠸᠠᠨ ︵ᠬᠦᠬᠡᠬᠤᠲᠠ︶᠂ ᠪᠤᠭᠤᠲᠤ᠂ ᠳ᠋ᠠ ᠬᠦᠷᠢᠶ᠎ᠡ ︵ | ᠤᠯᠠᠭᠠᠨᠪᠠᠭᠠᠲᠤᠷ︶᠂ ᠬᠠᠮᠢ᠂ ᠦᠷᠦᠮᠴᠢ᠂ ᠰᠠᠶᠢᠬᠠᠨ ᠵᠠᠪᠠᠢ ︵ᠵᠢᠶᠠ ᠢᠦᠢ ᠭᠤᠸᠠᠨ︶᠂ ᠭᠠᠨᠵᠸᠦ ︵ᠵᠠᠩ ᠶᠧ︶᠂ | ᠯᠢᠶᠠᠩᠵᠧᠦ ︵ᠡᠦ ᠸᠧᠢ︶᠂ ᠯᠾᠠᠰᠠ᠂ ᠭᠦᠮᠪᠦᠮ᠂ ᠯᠠᠨᠵᠧᠦ᠂ ᠳᠡᠷᠡᠰᠦᠨ ︵ᠵᠦᠩ ᠸᠧᠢ︶᠂ ᠢᠷᠭᠠᠢ ︵ | ᠶᠢᠨᠴᠤᠸᠠᠨ︶ ᠵᠢᠴᠢ ᠤᠤᠯ ᠤᠨ ᠦᠪᠦᠷ ᠮᠤᠩᠭᠤᠯ ᠤᠨ ᠪᠠᠷᠠᠭᠤᠨ ᠪᠦᠰᠡ ᠨᠤᠲᠤᠭ ᠤᠨ ᠬᠤᠰᠢᠭᠤ | ᠴᠢᠭᠤᠯᠭᠠᠨ ᠨᠤᠭᠤᠳ ᠪᠤᠯᠤᠨ᠎ᠠ᠃ ᠪᠤᠰᠤᠳ ᠭᠠᠵᠠᠷ ᠨᠤᠲᠤᠭ ᠤᠨ ᠠᠯᠢ ᠤᠯᠠᠨ ᠠᠶᠠᠨ ᠲᠡᠭᠡᠭᠡᠪᠦᠷᠢ ᠮᠥᠨ ᠠᠯᠠᠱᠠ | ᠨᠤᠲᠤᠭ ᠢᠶᠠᠷ ᠦᠩᠭᠡᠷᠡᠨ ᠭᠠᠷᠴᠤ ᠪᠠᠶᠢᠭᠰᠠᠨ ᠲᠤᠯᠠ ᠠᠯᠠᠱᠠ ᠶᠢᠨ ᠠᠶᠠᠨ ᠲᠡᠭᠡᠭᠡᠪᠦᠷᠢ ᠶᠢᠨ ᠵᠠᠮ ᠲᠤᠳᠤᠷᠬᠠᠢ | ᠪᠤᠯᠤᠭᠰᠠᠨ ᠲᠡᠳᠦᠢ ᠦᠭᠡᠢ ᠦᠷᠦᠨ᠎ᠡ ᠳᠤᠷᠤᠨ᠎ᠠ ᠶᠢ ᠬᠤᠯᠪᠤᠭᠰᠠᠨ ᠪᠤᠳᠠᠰ ᠤᠨ ᠪᠤᠯᠤᠨ ᠰᠤᠶᠤᠯ ᠤᠨ | ᠰᠤᠯᠢᠯᠴᠠᠭᠠᠨ ᠤ ᠨᠡᠪᠲᠡᠷᠡᠯᠴᠡᠭᠡ ᠶᠢ ᠨᠡᠭᠡᠭᠡᠭᠰᠡᠨ ᠠᠯᠳᠠᠷᠲᠤ ᠲᠤᠷᠭᠠᠨ ᠤ ᠵᠠᠮ ᠤ ᠬᠦᠭᠵᠢᠯ ᠳᠤ ᠬᠤᠪᠢ ᠨᠡᠮᠡᠷᠢ ᠪᠠᠨ | ᠤᠷᠤᠭᠤᠯᠤᠭᠰᠠᠨ ᠪᠠᠶᠢᠨ᠎ᠠ᠃ | ᠠᠯᠠᠱᠠ ᠨᠤᠲᠤᠭ ᠤᠨ ᠲᠡᠮᠡᠭᠡᠨ ᠠᠶᠠᠨ ᠤ ᠭᠤᠤᠯ ᠪᠤᠯᠬᠤ ᠵᠠᠮ ᠤᠳ ᠢ ᠲᠦᠢᠮᠦᠴᠢᠯᠠᠨ ᠳᠤᠷᠠᠳᠪᠠᠯ᠄ | ᠳ᠋ᠧᠩᠺᠸᠦ — ᠪᠠᠶᠠᠨᠵᠢᠷᠠᠲᠠᠢ — ᠬᠤᠯᠠᠳᠠᠬᠢᠨ ᠢ ᠲᠤᠭᠲᠠᠭᠠᠭᠴᠢ ᠬᠤᠷᠢᠶ᠎ᠠ — ᠲᠦᠷᠭᠡᠨ — | ᠬᠤᠶᠠᠷᠬᠤᠳᠳᠤᠭ — ᠴᠢᠯᠠᠭᠤᠨ ᠤᠩᠭᠤᠴᠠᠲᠠᠢ ᠪᠠᠷ ᠳᠠᠮᠵᠢᠭᠰᠠᠨ ᠵᠠᠮ ᠨᠢ ᠵᠡᠭᠦᠨᠰᠢ ᠪᠤᠷᠤᠲᠤᠬᠤᠢ ᠶᠢᠨ ᠲᠠᠯ᠎ᠠ | ᠭᠠᠵᠠᠷ ᠢᠶᠠᠷ ᠦᠩᠭᠡᠷᠡᠨ ᠪᠤᠭᠤᠲᠤ᠂ ᠭᠦᠢᠰᠦ᠋ᠢ ᠪᠤᠶᠤ ᠰᠦᠢᠶᠤᠸᠠᠨ ︵ᠬᠦᠬᠡᠬᠤᠲᠠ︶᠂ ᠴᠢᠭᠤᠯᠤᠯᠳᠤ ᠬᠠᠭᠠᠯᠭ᠎ᠠ᠂ | ᠱᠠᠨᠰᠢ᠂ ᠡᠾᠧᠪᠧᠢ᠂ ᠪᠡᠭᠡᠵᠢᠩ ᠳᠤ ᠨᠡᠪᠲᠡᠷᠡᠵᠦ᠂ ᠪᠠᠷᠠᠭᠤᠨᠰᠢ ᠪᠠᠨ ᠳᠡᠷᠡᠰᠦᠨ ︵ᠵᠦᠩ ᠸᠧᠢ︶ ᠢᠶᠠᠷ ᠨᠢᠩᠰᠢᠶᠠ ᠳᠤ | ᠤᠷᠤᠭᠠᠳ ᠴᠢᠨᠠᠭᠰᠢᠯᠠᠨ ᠭᠠᠨᠰᠤ᠂ ᠬᠦᠬᠡᠨᠠᠭᠤᠷ᠂ ᠲᠦᠪᠡᠳ ᠲᠤ ᠨᠠᠪᠲᠠᠷᠠᠵᠤ ᠪᠠᠶᠢᠵᠠᠢ᠃ | ᠳ᠋ᠧᠩᠺᠸᠦ — ᠪᠠᠶᠠᠨᠵᠢᠷᠠᠲᠠᠢ — ᠰᠢᠷᠠᠪᠦᠷᠢᠳᠤ — ᠪᠠᠶᠢᠰᠢᠩ ᠭᠤᠤᠯ — ᠬᠦᠬᠡ ᠳᠠᠪᠤᠰᠤᠨ — | ᠡᠬᠢᠨᠬᠤᠳᠳᠤᠭ ᠪᠤᠶᠤ ᠳ᠋ᠧᠩᠺᠸᠦ — ᠪᠠᠶᠠᠨᠵᠢᠷᠠᠲᠠᠢ — ᠰᠢᠷᠠᠪᠦᠷᠢᠳᠦ — ᠱᠠᠩᠳᠠ — | ᠲᠤᠯᠣᠭᠠᠨᠬᠤᠳᠳᠤᠭ — ᠡᠬᠢᠨᠬᠤᠳᠳᠤᠭ ᠭᠡᠬᠦ ᠬᠤᠶᠠᠷ ᠵᠠᠮ ᠢᠶᠠᠷ ᠳᠠᠮᠵᠢᠨ ᠱᠠᠨᠳᠠᠨ᠂ ᠭᠠᠨᠵᠧᠦ ︵ᠵᠠᠩ ᠶᠧ︶ | ᠪᠠᠷ ᠬᠠᠰᠢᠨ ᠬᠤᠩᠭᠢᠯ ᠤᠷᠤᠭᠤ ᠤᠷᠤᠵᠤ᠂ ᠪᠠᠷᠠᠭᠤᠨᠰᠢ ᠬᠦᠬᠡᠨᠠᠭᠤᠷ᠂ ᠲᠦᠪᠡᠳ ᠲᠤ᠂ ᠬᠤᠶᠢᠰᠢ ᠰᠢᠨᠵᠢᠶᠠᠩ ᠳᠤ᠂ | ᠡᠮᠦᠨᠡᠰᠢ ᠯᠠᠨᠵᠧᠦ᠂ ᠰᠢ ᠠᠨ ᠳᠤ ᠨᠡᠪᠲᠡᠷᠡᠵᠦ ᠪᠠᠶᠢᠵᠠᠢ᠃ | ᠳ᠋ᠧᠩᠺᠸᠦ — ᠲᠦᠬᠦᠮ — ᠴᠠᠭᠠᠨ ᠲᠡᠭᠡᠭ — ᠬᠠᠷ᠎ᠠ ᠤᠷᠪᠤᠭ — ᠶᠠᠭᠠᠨ ᠠᠴᠠ ᠬᠤᠶᠢᠰᠢ | ᠮᠤᠩᠭᠤᠯ ᠤᠯᠤᠰ ᠤᠨ ᠬᠢᠯᠢ ᠤᠷᠤᠵᠤ ᠳ᠋ᠠ ᠬᠦᠷᠢᠶ᠎ᠡ ︵ᠤᠯᠠᠭᠠᠨᠪᠠᠭᠠᠲᠤᠷ︶ ᠪᠠᠷ ᠳᠠᠭᠠᠷᠢᠨ ᠡᠸᠦ᠋ᠷᠣᠫᠠ ᠶᠢᠨ | ᠤᠯᠤᠰ ᠤᠳ ᠲᠤ ᠨᠡᠪᠲᠡᠷᠡᠵᠦ ᠪᠠᠶᠢᠵᠠᠢ᠃ | ᠶᠠᠭᠠᠨ — ᠴᠠᠭᠠᠨ ᠲᠡᠭᠡᠭ — ᠬᠠᠷ᠎ᠠ ᠤᠷᠪᠤᠭ — ᠪᠡᠶᠠᠨᠮᠤᠳᠤ — ᠰᠢᠷᠠᠪᠦᠷᠢᠳᠦ — | ᠬᠤᠯᠠᠳᠠᠬᠢᠨ ᠢ ᠲᠤᠭᠲᠠᠭᠠᠭᠴᠢ ᠬᠤᠷᠢᠶ᠎ᠠ — ᠰᠢᠷ᠎ᠠ ᠬᠦᠳᠡᠭᠡ — ᠬᠤᠶᠠᠷᠬᠤᠳᠳᠤᠭ — ᠲᠡᠷᠠᠰᠦᠨ ︵ᠵᠦᠩ | ᠸᠧᠢ︶ ᠪᠤᠶᠤ ᠴᠢᠯᠠᠭᠤᠨ ᠤᠩᠭᠤᠴᠠᠲᠠᠢ ᠶᠢᠨ ᠵᠠᠮ ᠨᠢ ᠡᠮᠦᠨᠡᠰᠢ ᠭᠠᠨᠰᠦ᠂ ᠨᠢᠩᠰᠢᠶᠠ ᠶᠢᠨ ᠬᠢᠵᠠᠭᠠᠷ ᠲᠤ ᠤᠷᠤᠵᠤ᠂ | ᠤᠮᠠᠷᠠᠰᠢ ᠶᠠᠭᠠᠨ ᠢᠶᠠᠷ ᠮᠤᠩᠭᠤᠯ ᠤᠯᠤᠰ ᠲᠤ ᠨᠡᠪᠲᠡᠷᠡᠵᠦ ᠪᠠᠶᠢᠵᠠᠢ᠃ | ᠬᠤᠯᠠᠳᠠᠬᠢᠨ ᠢ ᠲᠤᠭᠳᠠᠭᠠᠭᠴᠢ ᠬᠤᠷᠢᠶ᠎ᠠ — ᠬᠤᠳᠤᠢ ᠨᠠᠭᠤᠷ — ᠪᠠᠶᠢᠰᠢᠩ ᠭᠤᠤᠯ — | ᠱᠠᠩᠳᠠ — ᠬᠦᠷᠢᠶᠡᠲᠦ — ᠤᠯᠠᠭᠠᠨ ᠰᠡᠭᠡᠷ — ᠭᠤᠷᠤᠨᠠᠢ — ᠪᠠᠶᠠᠨᠵᠢᠷᠦᠬᠡ ︵ᠪᠠᠶᠠᠨᠪᠤᠭᠲᠠ︶ — | ᠠᠯᠳ᠋ᠬᠠᠤᠰᠤ ᠪᠠᠷ ᠭᠠᠲᠤᠯᠤᠨ ᠲᠠᠯ ᠠᠭᠤᠯᠠ ᠶᠢᠨ ᠭᠤᠪᠢ ᠶᠢ ᠲᠤᠭᠤᠯᠤᠨ ᠰᠢᠨᠵᠢᠶᠠᠩ ᠳᠤ ᠨᠡᠪᠲᠡᠷᠡᠵᠦ | ᠪᠠᠶᠢᠵᠠᠢ᠃ | ᠭᠤᠪᠢ ᠶᠢᠨ ᠤᠯᠠᠭᠠᠨ ᠴᠤᠨᠵᠢ — ᠶᠠᠮᠤᠨ ᠴᠠᠭᠠᠨ — ᠪᠠᠶᠠᠨᠵᠢᠷᠦᠬᠡ ᠤᠨ ᠵᠠᠮ ᠨᠢ ᠪᠠᠷᠠᠭᠤᠨᠰᠢ ᠪᠠᠨ | ᠰᠠᠶᠢᠬᠠᠨ ᠵᠠᠪᠠᠢ ︵ᠵᠢᠶᠠ ᠢᠦᠢ ᠭᠤᠸᠠᠨ︶ ᠪᠠᠷ ᠭᠠᠨᠰᠤ ᠳᠤ ᠤᠷᠤᠨ᠂ ᠴᠢᠨᠠᠭᠰᠢᠯᠠᠨ ᠬᠦᠬᠡᠨᠠᠭᠤᠷ᠂ ᠲᠦᠪᠡᠳ ᠲᠤ | ᠨᠡᠪᠲᠡᠷᠡᠵᠦ᠂ ᠵᠡᠭᠦᠨᠰᠢ ᠪᠠᠨ ᠭᠤᠪᠢ ᠶᠢᠨ ᠤᠯᠠᠭᠠᠨ ᠴᠤᠨᠵᠢ ᠪᠠᠷ ᠮᠤᠩᠭᠤᠯ ᠤᠯᠤᠰ ᠤᠨ ᠬᠢᠯᠢ ᠳᠤ ᠤᠷᠤᠳᠠᠭ | ᠪᠠᠶᠢᠵᠠᠢ᠃ | | | | | | | | | | | |