ᠠᠯᠠᠱᠠ ᠶᠢᠨ ᠨᠤᠲᠤᠭ ᠪᠡᠯᠴᠢᠭᠡᠷ ᠬᠢᠭᠡᠳ ᠲᠡᠮᠡᠭᠡᠨ ᠰᠥᠷᠥᠭ ᠤᠨ ᠪᠥᠳᠥᠴᠡ
ᠨᠡᠶᠢᠲᠡᠯᠡᠭᠰᠡᠨ ᠴᠠᠭ᠄
2023/11/24
   ᠠᠯᠠᠱᠠ ᠨᠠᠶᠢᠳᠠ 27 ᠲᠦᠮᠠᠨ ᠺᠦᠸᠠᠳ᠋ ᠺᠢᠯᠤᠮᠧᠳ᠋ᠷ ᠨᠤᠳᠤᠭ ᠲᠠᠪᠢᠰᠭᠡᠷ ᠲᠠᠢ᠂ ᠠᠳᠠ ᠪᠠᠳᠠᠢ ᠶᠢᠨ ᠵᠢᠷᠠᠨ᠂ ᠲᠡᠭᠷᠢ ᠡᠯᠠᠰᠤ᠂ ᠤᠯᠠᠭᠠᠨᠪᠤᠬ᠎ᠠ ᠭᠡᠬᠦ ᠭᠤᠷᠪᠠᠨ ᠶᠡᠭᠡ ᠡᠯᠡᠰᠦᠨ ᠴᠦᠯ ᠬᠦᠡᠳᠠᠯᠢᠤᠠᠴᠤ᠂ ᠶᠠᠭᠡᠨᠭᠬᠢ ᠨᠤᠳᠤᠭ ᠪᠠᠯᠴᠢᠭᠡᠷ ᠨᠢ ᠡᠯᠠᠰᠤᠨ ᠪᠠᠯᠠᠷ᠂ ᠭᠤᠪᠢ ᠬᠠᠨᠭ᠍ᠭᠠᠢ ᠪᠠᠷ ᠪᠦᠷᠢᠯᠳᠥᠭᠰᠠᠨ ᠪᠦᠭᠡᠤᠨ ᠭᠡᠰᠡᠭ ᠪᠤᠰᠠᠭ ᠠᠭᠤᠯᠨ ᠨᠢᠷᠤᠭᠤ᠂ ᠠᠳᠠᠷᠠᠭᠠᠨ ᠲᠤᠯᠤᠭᠠᠤᠨ ᠲᠠᠢ ᠬᠠᠳᠠᠭᠤᠯᠢᠭ ᠪᠠᠯᠴᠢᠭᠡᠷ ᠲᠠᠢ᠃ ᠬᠠᠷᠢᠨ ᠭᠤᠤᠯ ᠨᠠᠮᠤᠭ ᠲᠠᠢ ᠪᠠᠯᠴᠢᠭᠡᠷ ᠲᠤᠩ ᠪᠠᠭ᠎ᠠ ᠪᠠᠶᠢᠳᠠᠭ ᠢᠶᠠᠷ ᠢᠶᠠᠨ ᠡᠪᠤᠯ ᠳᠡᠭᠡᠨ ᠲᠠᠰᠬᠢᠮ᠎ᠠ ᠬᠦᠢᠳᠠᠨ᠂ ᠵᠤᠨ ᠳᠠᠭᠠᠨ ᠠᠭᠠᠬᠢᠮ᠎ᠠ ᠬᠠᠯᠠᠭᠤᠨ᠂ ᠭᠠᠨᠭ᠌ ᠬᠠᠭᠤᠷᠠᠢ ᠠᠭᠤᠷ ᠠᠮᠢᠰᠬᠤᠯ ᠦᠷᠬᠦᠯᠵᠢᠯᠠᠵᠤ᠂ ᠰᠠᠯᠬᠢᠨ ᠰᠢᠭᠤᠷᠭᠠᠨ ᠤ ᠰᠠᠪᠠ ᠭᠠᠵᠠᠷ ᠪᠤᠯᠤᠭᠰᠠᠨ ᠶᠤᠮ᠃ ᠠᠯᠠᠱᠠ ᠨᠤᠳᠤᠭ ᠤᠨ ᠡᠯᠠᠰᠤᠨ ᠪᠠᠯᠠᠷ ᠲᠤ ᠵᠠᠭ᠂ ᠰᠤᠬᠠᠢ᠂ ᠲᠤᠷᠯᠤᠭ᠂ ᠬᠠᠷᠭᠠᠨ᠎ᠠ ᠶᠢᠨ ᠲᠦᠷᠦᠯ᠂ ᠰᠢᠷᠠᠯᠵᠢ ᠰᠢᠪᠠᠭ ᠤᠨ ᠲᠦᠷᠦᠯ᠂ ᠬᠤᠯᠤᠰᠤ᠂ ᠰᠤᠯᠢ᠃ ᠭᠤᠪᠢ ᠬᠠᠨᠭ᠍ᠭᠠᠢ ᠳᠤᠨᠢ ᠪᠤᠳᠤᠷᠭᠠᠨ᠎ᠠ ᠶᠢᠨ ᠲᠦᠷᠦᠯ᠂ ᠬᠠᠷᠭᠠᠨ᠎ᠠ ᠶᠢᠨ ᠲᠦᠷᠦᠯ᠂ ᠬᠠᠷᠮᠠᠭ᠂ ᠬᠤᠶᠢᠷᠠᠭ᠂ ᠬᠠᠵᠠᠭᠠᠷ ᠡᠪᠠᠰᠤ᠂ ᠬᠢᠯᠭᠠᠨ᠎ᠠ᠂ ᠲᠠᠭᠠᠨ᠎ᠠ ᠪᠠᠷ ᠭᠤᠤᠯᠯᠠᠵᠤ᠂ ᠰᠢᠷᠠᠯᠵᠢ ᠰᠢᠪᠠᠭ ᠤᠨ ᠲᠦᠷᠦᠯ᠂ ᠪᠦᠭᠡᠷᠡᠭ ︵ᠪᠦᠭᠡᠷᠠᠯᠵᠢᠭᠡᠨ᠎ᠠ︶᠂ ᠬᠠᠷᠭᠠᠨ᠎ᠠ ᠶᠢᠨ ᠲᠦᠷᠦᠯ᠂ ᠪᠤᠴᠢᠬᠢᠨᠠᠭᠤᠷ ᠪᠤᠲᠠ ᠬᠤᠯᠢᠯᠳᠤᠭᠰᠠᠨ ᠪᠤᠷᠤᠯᠵᠢᠨ ᠪᠠᠯᠴᠢᠭᠡᠷ ᠢ ᠪᠦᠷᠢᠯᠳᠥᠬᠦᠯᠦᠭᠰᠠᠨ ᠪᠦᠭᠡᠳ ᠠᠭᠤᠯᠨ ᠠᠳᠠᠷᠠᠭᠠᠨ ᠳᠤᠨᠢ ᠴᠤ ᠭᠡᠳᠤᠨ ᠵᠦᠢᠯ ᠤᠨ ᠪᠤᠳᠤᠷᠭᠠᠨ᠎ᠠ ᠪᠠᠷ ᠭᠤᠤᠯᠯᠠᠵᠤ᠂ ᠪᠤᠰᠤᠤᠨ ᠨᠠᠷᠢᠯᠢᠭ ᠡᠪᠠᠰᠤ ᠬᠤᠯᠢᠯᠳᠤᠭᠰᠠᠨ ᠰᠠᠶᠢᠷᠡᠭ ᠪᠠᠯᠴᠢᠭᠡᠷ ᠤᠨ ᠪᠦᠳᠤᠴᠠ ᠲᠠᠢ ᠪᠤᠯᠪᠠᠴᠤ ᠦᠷᠭᠡᠨ ᠭᠡᠪᠴᠢᠶᠠᠨ ᠤ ᠬᠤᠵᠢᠷᠯᠢᠭ ᠭᠠᠵᠠᠷ ᠤᠨ ᠡᠪᠠᠰᠤ ᠤᠷᠭᠤᠮᠠᠯ ᠨᠢ ᠰᠢᠮ᠎ᠠ ᠰᠠᠶᠢᠳᠠᠢ ᠪᠠᠷ ᠢᠶᠠᠨ ᠭᠠᠨᠭ᠌ ᠳᠤ ᠲᠡᠰᠪᠦᠷᠢᠲᠠᠢ ᠲᠤᠯᠨ ᠡᠨᠡ ᠨᠤᠳᠤᠭ ᠤᠨ ᠲᠠᠮᠡᠭᠡ ᠴᠤ ᠭᠠᠵᠠᠷ ᠤᠰᠤᠨ ᠤ ᠪᠠᠨ ᠰᠢᠮ᠎ᠠ ᠲᠠᠵᠢᠭᠡᠯ ᠳᠤ ᠪᠦᠷᠢᠨ ᠢᠳᠠᠭᠡᠰᠢᠵᠤ ᠵᠤᠬᠢᠴᠠᠭᠰᠠᠨ ᠪᠠᠶᠢᠳᠠᠭ᠃ ᠠᠯᠠᠱᠠ ᠨᠤᠳᠤᠭ ᠤᠨ ᠵᠢᠯ ᠤᠨ ᠬᠤᠷ᠎ᠠ ᠲᠤᠨᠳᠠᠰᠦᠨ ᠤ ᠬᠡᠮᠵᠢᠶ᠎ᠡ ᠪᠠᠭ᠎ᠠ᠂ ᠭᠠᠨᠭ᠌ ᠬᠠᠭᠤᠷᠠᠢ ᠦᠷᠬᠦᠯᠵᠢᠯᠠᠪᠠᠴᠤ ᠨᠤᠳᠤᠭ ᠪᠠᠯᠴᠢᠭᠡᠷ ᠦᠷᠭᠡᠨ ᠠᠭᠤᠳᠠᠮ᠂ ᠡᠪᠠᠰᠤᠨ ᠤ ᠲᠦᠷᠤᠯ ᠵᠦᠢᠯ ᠨᠠᠯᠢᠶᠠᠤᠨ ᠠᠷᠪᠢᠨ᠂ ᠭᠠᠵᠠᠷ ᠤᠨ ᠬᠦᠷᠤᠰᠤᠨ ᠤ ᠴᠢᠬᠢᠭ ᠬᠠᠳᠠᠭᠠᠯᠠᠬᠤ ᠨᠢ ᠮᠠᠭᠤ ᠪᠤᠯᠪᠠᠴᠤ ᠡᠪᠠᠰᠤ ᠪᠠᠯᠴᠢᠭᠡᠷ ᠤᠨ ᠭᠠᠨᠭ᠌ ᠲᠠᠭᠠᠭᠠᠬᠤ ᠴᠢᠳᠠᠪᠤᠷᠢ ᠨᠢ ᠰᠠᠶᠢᠨ ᠲᠤᠯᠨ ᠡᠪᠠᠰᠤᠨ ᠤ ᠰᠢᠮ᠎ᠠ ᠲᠠᠵᠢᠭᠡᠯ ᠨᠢ ᠴᠤ ᠪᠤᠰᠤᠤᠨ ᠭᠠᠵᠠᠷ ᠤᠨ ᠬᠢ ᠠᠴᠠ ᠰᠠᠶᠢᠨ ᠶᠤᠮ᠃    ᠠᠯᠠᠱᠠ ᠮᠤᠩᠭᠤᠯᠴᠤᠤᠨ ᠲᠦᠷᠪᠠᠨ ᠤᠯᠠᠷᠢᠯ ᠢᠶᠠᠷ ᠡᠭᠡᠯᠵᠢᠯᠠᠨ ᠨᠤᠳᠤᠭ ᠪᠠᠯᠴᠢᠭᠡᠷ ᠰᠤᠯᠢᠨ ᠤᠳᠤᠷᠯᠠᠳᠠᠭ᠃ ᠭᠡᠬᠦ ᠳᠡᠭᠡᠨ ᠴᠠᠭ ᠤᠯᠠᠷᠢᠯ᠂ ᠡᠪᠠᠰᠤ ᠤᠰᠤᠨ ᠤ ᠠᠰᠢᠭᠲᠠᠢ ᠨᠦᠬᠦᠴᠠᠯ᠂ ᠲᠠᠮᠠᠭᠡᠨ ᠤ ᠲᠤᠰ ᠪᠠᠶ᠎ᠠ ᠶᠢᠨ ᠬᠢᠨᠢ ᠢᠳᠠᠰᠢᠯᠠᠵᠤ ᠪᠠᠯᠴᠢᠭᠡᠷᠯᠠᠬᠦ ᠴᠢᠬᠤᠯᠠᠴᠢᠯᠠᠭ᠎ᠠ ᠠᠴᠠ ᠰᠢᠯᠳᠠᠭᠠᠯᠠᠵᠤ ᠤᠰᠤ ᠪᠠᠯᠴᠢᠭᠡᠷ ᠢᠶᠠᠨ ᠰᠤᠩᠭᠤᠨ ᠲᠤᠭᠳᠠᠭᠠᠳᠠᠭ᠃ ᠲᠤᠬᠠᠶᠢᠯᠠᠪᠠᠯ᠂ ᠡᠪᠤᠯ ᠤᠨ ᠤᠯᠠᠷᠢᠯ ᠳᠤ ᠵᠠᠭ᠂ ᠪᠦᠭᠡᠷᠡᠭ᠂ ᠪᠤᠳᠤᠷᠭᠠᠨ᠎ᠠ ᠶᠢᠨ ᠲᠦᠷᠦᠯ᠂ ᠰᠢᠷᠠᠯᠵᠢ ᠰᠢᠪᠠᠭ ᠤᠨ ᠲᠦᠷᠦᠯ᠂ ᠤᠷᠳᠤᠭᠤᠯᠨ ᠡᠯᠪᠡᠭ ᠲᠠᠢ ᠭᠠᠵᠠᠷ ᠢ ᠰᠤᠩᠭᠤᠵᠤ᠂ ᠬᠠᠪᠤᠷ ᠤᠨ ᠤᠯᠠᠷᠢᠯ ᠳᠤ ᠭᠤᠪᠢ ᠮᠠᠩᠬᠠᠨ ᠭᠠᠵᠠᠷ ᠡᠷᠳᠠ ᠨᠢᠯᠬᠠᠷᠠᠳᠠᠭ ᠰᠤᠯᠢ᠂ ᠬᠤᠯᠤᠰᠤ᠂ ᠪᠤᠴᠢᠬᠢᠨᠠᠭᠤᠷ᠂ ᠭᠡᠳᠤᠨ ᠵᠦᠢᠯ ᠤᠨ ᠬᠠᠷᠭᠠᠨ᠎ᠠ ᠲᠠᠢ ᠭᠠᠵᠠᠷ ᠢ ᠰᠤᠩᠭᠤᠵᠤ᠂ ᠵᠤᠨ ᠤ ᠤᠯᠠᠷᠢᠯ ᠳᠤ ᠰᠢᠡᠳᠠ᠂ ᠬᠤᠶᠢᠷᠠᠭ᠂ ᠲᠠᠯᠠᠨ ᠬᠠᠯᠢᠰᠤ᠂ ᠲᠠᠰᠬᠢ᠂ ᠲᠤᠷᠯᠤᠭ ᠲᠠᠢ ᠭᠠᠵᠠᠷ ᠢ ᠰᠤᠩᠭᠤᠵᠤ ᠬᠠᠷᠢᠭᠤᠯᠳᠠᠭ᠃ ᠨᠠᠩ ᠴᠤ ᠰᠢᠡᠳᠠ᠂ ᠬᠤᠶᠢᠷᠠᠭ᠂ ᠲᠠᠰᠬᠢ ᠡᠯᠪᠡᠭ ᠲᠠᠢ ᠨᠤᠲᠤᠭ ᠪᠤᠯ ᠢᠩᠭᠡ ᠪᠤᠳᠤᠭᠤ ᠢᠯᠭᠠᠵᠤ᠂ ᠰᠦ ᠰᠠᠭᠠᠯᠢ ᠬᠢᠬᠦ ᠳᠤ ᠲᠤᠬᠢᠷᠠᠮᠵᠢᠲᠠᠢ᠃ ᠨᠠᠮᠤᠷ ᠤᠨ ᠤᠯᠠᠷᠢᠯ ᠳᠤ ᠬᠤᠷ᠎ᠠ ᠪᠤᠷᠤᠭ᠎ᠠ ᠪᠠᠷ ᠠᠮᠠᠷᠬᠠᠨ ᠨᠢᠯᠬᠠᠷᠠᠳᠠᠭ ᠬᠤᠶᠢᠷᠠᠭ᠂ ᠲᠠᠰᠬᠢ᠂ ᠬᠦᠮᠠᠯᠢ᠂ ᠲᠠᠭᠠᠨ᠎ᠠ᠂ ᠪᠣᠲᠣᠭᠤᠨ ᠲᠠᠪᠠᠭ ᠰᠠᠶᠢᠨ ᠭᠠᠷᠳᠠᠭ ᠭᠠᠵᠠᠷ ᠢ ᠬᠠᠷᠠᠬᠤ ᠮᠦᠷᠳᠠᠭᠡᠨ ᠴᠤᠯᠢᠬᠢᠷ᠂ ᠬᠠᠮᠬᠤᠤᠯ ᠮᠠᠳᠤ ᠶᠢᠨ ᠦᠷ᠎ᠠ ᠰᠠᠶᠢᠳᠠᠢ᠂ ᠲᠠᠵᠢᠭᠡᠯ ᠲᠡᠭᠦᠯᠳᠡᠷ ᠡᠪᠠᠰᠤᠨ ᠤ ᠡᠯᠪᠡᠭ ᠢ ᠲᠠᠭᠠᠵᠤ ᠮᠠᠯᠵᠢᠳᠠᠭ᠃ ᠡᠪᠤᠯ ᠤᠨ ᠤᠯᠠᠷᠢᠯ ᠳᠤ ᠨᠠᠭᠤᠷ ᠵᠠᠳᠠᠭᠠᠢ ᠬᠦᠯᠳᠠᠵᠤ ᠮᠦᠰᠦᠳᠦᠬᠦ ᠲᠤᠯᠨ ᠬᠤᠤᠠᠳᠤᠭ ᠤᠰᠤ ᠪᠠᠨ ᠡᠷᠲᠡ ᠠᠴᠠ ᠪᠠᠯᠠᠤᠠᠭᠡᠵᠤ᠂ ᠬᠠᠪᠤᠷ ᠤᠨ ᠰᠠᠬᠦᠯ ᠰᠢᠪᠳᠤᠷᠠᠳᠠᠯ᠎ᠠ ᠲᠠᠮᠠᠭᠡᠨ ᠰᠦᠷᠥᠭ ᠢᠶᠠᠨ ᠤᠰᠤ ᠡᠯᠪᠡᠭ ᠭᠠᠵᠠᠷ ᠮᠠᠯᠵᠢᠳᠠᠭ᠃ ᠮᠠᠯᠴᠢᠤᠨ ᠤᠨ ᠤᠳᠠᠭᠠᠨ ᠵᠢᠯ ᠤᠨ ᠲᠤᠷᠰᠢᠯᠭ᠎ᠠ ᠠᠴᠠ ᠳ᠋ᠦᠡᠭᠨᠠᠪᠠᠯ᠂ ᠬᠠᠪᠤᠷ ᠤᠨ ᠲᠠᠮᠡᠭᠡ ᠤᠰᠤ ᠪᠠᠷ ᠬᠠᠳᠠᠪᠠᠯ ᠵᠢᠯᠵᠢᠨ ᠲᠠᠩᠭᠡᠯ ᠠᠪᠳᠠᠭ ᠦᠭᠡᠢ᠃ ᠨᠠᠮᠤᠷ ᠤᠨ ᠲᠠᠮᠡᠭᠡ ᠤᠰᠤ ᠤᠤᠭᠤᠬᠤ ᠦᠭᠡᠢ ᠪᠤᠯ ᠲᠤᠰᠤᠨ ᠲᠠᠷᠭᠤ ᠬᠦᠢᠴᠠᠤᠨ ᠰᠠᠭᠤᠨ᠎ᠠ ᠭᠡᠳᠡᠭ᠃ ᠡᠨᠡ ᠨᠢ ︽ᠲᠠᠮᠡᠭᠡ ᠨᠠᠮᠤᠷ ᠲᠠᠷᠭᠤᠯᠠᠵᠤ᠂ ᠬᠠᠪᠤᠷ ᠦᠭᠡᠬᠦ ᠪᠠᠨ ᠢᠳᠠᠨ᠎ᠠ︾ ᠭᠡᠳᠡᠭ ᠲᠠᠢ ᠬᠤᠯᠪᠤᠭ᠎ᠠ ᠲᠠᠢ᠃ ᠬᠤᠷ᠎ᠠ ᠪᠤᠷᠤᠭᠠᠨ ᠡᠯᠪᠡᠭ ᠵᠤᠨ ᠤ ᠲᠠᠮᠡᠭᠡ ᠴᠤ ᠭᠡᠤᠨ ᠤᠰᠤ ᠤᠤᠭᠤᠬᠤ ᠨᠢ ᠪᠠᠭ᠎ᠠ ᠪᠠᠶᠢᠳᠠᠭ᠃    ᠡᠪᠤᠯ ᠬᠠᠪᠤᠷ ᠤᠨ ᠲᠠᠮᠡᠭᠡ ᠶᠢ ᠠᠯᠭᠤᠷ ᠪᠠᠯᠴᠢᠭᠡᠵᠤ᠂ ᠵᠤᠨ ᠨᠠᠮᠤᠷ ᠤᠨ ᠲᠠᠮᠡᠭᠡ ᠶᠢ ᠨᠠᠷᠠᠨ ᠠᠴᠠ ᠡᠮᠤᠨ᠎ᠠ ᠪᠠᠯᠴᠢᠭᠡᠪᠠᠯ ᠰᠦᠢᠯ ᠠᠯᠳᠠᠬᠤ ᠦᠭᠡᠢ᠃ ᠤᠴᠢᠷ ᠨᠢ ᠬᠠᠯᠠᠭᠰᠠᠨ ᠡᠪᠠᠰᠤ ᠢᠳᠠᠪᠠᠯ ᠲᠠᠮᠡᠭᠡ ᠰᠦᠢᠯ ᠠᠯᠳᠠᠳᠠᠭ ᠲᠤᠯᠨ ᠰᠠᠷᠢᠬᠦᠨ ᠡᠪᠠᠰᠤ ᠢᠳᠠᠬᠦᠯᠬᠦ ᠭᠡᠰᠠᠨ ᠰᠠᠨᠠᠭ᠎ᠠ ᠶᠤᠮ᠃    ᠠᠯᠠᠱᠠ ᠨᠤᠳᠤᠭ ᠤᠨ ᠭᠠᠨᠭ᠌ ᠬᠠᠭᠤᠷᠠᠢ ᠤᠷᠴᠢᠨ ᠲᠤᠭᠤᠷᠢᠨ᠂ ᠡᠪᠠᠰᠤ ᠦᠡᠳᠤᠰᠤᠨ ᠤ ᠰᠠᠶᠢᠷᠡᠭ ᠨᠢᠮᠳᠠᠷ ᠪᠠ ᠴᠠᠭ ᠵᠢᠯ ᠤᠨ ᠦᠩᠭᠡ ᠳᠤ ᠵᠤᠬᠢᠴᠠᠭᠤᠯᠤᠨ ᠬᠠᠮᠤᠭ ᠤᠯᠠᠨ ᠳᠠᠭᠠᠨ ᠵᠠᠭᠤᠨ ᠲᠠᠪᠢ ᠠᠴᠠ ᠬᠤᠶᠠᠷ ᠵᠠᠭᠤᠨ ᠲᠠᠮᠡᠭᠡ ᠪᠠᠷ ᠨᠢᠭᠡ ᠬᠤᠳᠠ ᠦᠨᠳᠦᠰᠦᠨ ᠰᠦᠷᠥᠭ ᠪᠤᠯᠭᠠᠵᠤ ᠮᠠᠯᠵᠢᠳᠠᠭ᠃ ᠨᠢᠭᠡ ᠬᠤᠲᠠ ᠦᠨᠳᠦᠰᠦᠨ ᠰᠦᠷᠦᠭ ᠢᠶᠠᠨ ᠰᠤᠪᠠᠢ ᠲᠡᠮᠡᠭᠡᠨ ᠰᠦᠷᠦᠭ᠂ ᠢᠩᠭᠡᠨ ᠲᠡᠮᠡᠭᠡᠨ ᠰᠦᠷᠦᠭ᠂ ᠬᠠᠶᠢᠮᠠᠯ ᠢᠩᠭᠡ ᠪᠤᠶᠤ ᠪᠤᠲᠤᠭᠤ ᠲᠤᠷᠤᠮ ᠲᠠᠢ ᠢᠩᠭᠡᠨ ᠰᠦᠷᠦᠭ᠂ ᠪᠤᠲᠤᠭᠤᠨ ᠰᠦᠷᠦᠭ ︵ᠲᠤᠷᠤᠮ ᠤᠨ ᠰᠦᠷᠦᠭ︶ ᠭᠡᠵᠦ ᠠᠰ ᠠᠰ ᠲᠤᠨᠢ ᠢᠯᠭᠠᠨ ᠪᠠᠯᠴᠢᠭᠡᠵᠤ ᠬᠠᠷᠢᠭᠤᠯᠳᠠᠭ ᠪᠠ ᠬᠤᠳᠠ ᠬᠠᠰᠢᠶ᠎ᠠ ᠶᠢ ᠨᠢ ᠴᠤ ᠲᠤᠰ ᠲᠤᠰ ᠲᠤᠨᠢ ᠭᠠᠷᠭᠠᠳᠠᠭ᠃    ᠨᠢᠭᠡ᠂ ᠰᠤᠪᠠᠢ ᠲᠠᠮᠠᠭᠡᠨ ᠤ ᠰᠦᠷᠥᠭ    ᠬᠦᠭᠰᠢᠨ ᠠᠬᠠᠯᠠᠬᠤ ᠠᠳᠠ ᠪᠠᠷ ᠲᠤᠯᠤᠭᠠᠶᠢᠯᠠᠭᠤᠯᠤᠭᠰᠠᠨ ᠭᠤᠨᠠᠨ ᠲᠠᠶᠢᠯᠤᠭ ᠠᠴᠠ ᠲᠠᠭᠡᠭᠰᠢᠬᠢ ᠨᠠᠰᠤᠨ ᠤ ᠡᠷ᠎ᠠ ᠲᠠᠮᠠᠭᠡᠤᠨ ᠢ ᠢᠯᠭᠠᠪᠤᠷᠢᠯᠠᠨ ᠭᠠᠷᠭᠠᠳᠠᠭ᠃ ᠰᠤᠪᠠᠢ ᠲᠡᠮᠡᠭᠡᠨ ᠰᠦᠷᠦᠭ ᠤᠨ ᠪᠡᠯᠴᠢᠭᠡᠷ ᠬᠠᠮᠤᠭ ᠬᠤᠯᠠ ᠪᠠᠶᠢᠬᠤ ᠪᠦᠭᠡᠳ ᠡᠩ ᠤᠨ ᠦᠶ᠎ᠡ ᠶᠢᠨ ᠬᠠᠷᠢᠭᠤᠯᠤᠯᠭ᠎ᠠ᠂ ᠤᠰᠤᠯᠠᠭ᠎ᠠ᠂ ᠬᠤᠵᠢᠷᠯᠠᠭ᠎ᠠ ᠪᠠᠶᠢᠪᠠᠴᠤ ᠡᠳᠦᠷ ᠪᠦᠷᠢ ᠬᠤᠷᠢᠶᠠᠵᠤ ᠬᠤᠲᠠᠯᠠᠬᠤ ᠱᠠᠭᠠᠷᠲᠠᠯᠭ᠎ᠠ ᠦᠭᠡᠢ᠃ ᠵᠠᠷᠢᠮ ᠴᠠᠭ ᠦᠶ᠎ᠡ ᠪᠤᠶᠤ ᠠᠵᠤ ᠤᠨᠳᠤᠷᠤᠯᠭ᠎ᠠ ᠶᠢᠨ ᠬᠡᠷᠡᠭᠴᠡᠭᠡ ᠪᠠᠷ ᠰᠤᠪᠠᠢ ᠲᠡᠮᠡᠭᠡᠨ ᠤ ᠰᠦᠷᠦᠭ ᠢ ᠤᠷᠲᠤ ᠬᠤᠭᠤᠴᠠᠭ᠎ᠠ ᠪᠠᠷ ᠢᠯᠭᠠᠪᠤᠷᠢᠯᠠᠨ ᠨᠤᠲᠤᠭᠯᠠᠭᠤᠯᠬᠤ ᠶᠠᠪᠤᠳᠠᠯ ᠴᠦ ᠤᠯᠠᠨ ᠪᠣᠢ᠃    ᠬᠤᠶᠠᠷ᠂ ᠢᠡᠭᠭᠡᠨ ᠲᠠᠮᠠᠭᠡᠨ ᠤ ᠰᠦᠷᠥᠭ    ᠬᠦᠭᠰᠢᠨ ᠠᠬᠠᠯᠠᠬᠤ ᠢᠡᠭᠭᠡ ᠪᠠᠷ ᠲᠤᠯᠤᠭᠠᠶᠢᠯᠠᠭᠤᠯᠤᠭᠰᠠᠨ ᠭᠤᠨᠵᠢᠨ ᠢᠡᠭᠭᠡ ᠠᠴᠠ ᠲᠠᠭᠡᠭᠰᠢᠬᠢ ᠦᠰᠪᠦᠷᠢ ᠶᠢᠨ ᠰᠤᠪᠠᠢ ᠢᠡᠭᠭᠡ᠂ ᠲᠤᠷᠤᠮ ᠲᠠᠢ ᠢᠡᠭᠭᠡ ᠪᠠᠷ ᠪᠦᠷᠢᠯᠳᠤᠬᠦᠯᠤᠨ ᠪᠤᠤᠷ᠎ᠠ ᠪᠠᠨ ᠲᠠᠭᠠᠭᠤᠯᠤᠨ ᠢᠯᠭᠠᠳᠠᠭ᠃ ᠶᠡᠷᠦ ᠳᠡᠭᠡᠨ ᠭᠤᠴᠢ ᠠᠴᠠ ᠲᠠᠪᠢᠨ ᠢᠡᠭᠭᠡᠨ ᠳᠤ ᠨᠢᠭᠡ ᠪᠤᠤᠷ᠎ᠠ ᠲᠠᠯᠪᠢᠵᠤ᠂ ᠢᠡᠭᠭᠡᠨ ᠤ ᠲᠤᠭ᠎ᠠ ᠠᠷᠪᠢᠤᠠᠪᠠᠯ ᠬᠤᠶᠠᠷ ᠪᠤᠶᠤ ᠭᠤᠷᠪᠠᠨ ᠪᠤᠤᠷ᠎ᠠ ᠶᠢ ᠡᠳᠤᠷ ᠪᠤᠶᠤ ᠬᠠᠭᠠᠰ ᠡᠳᠤᠷ ᠢᠶᠠᠷ ᠡᠭᠡᠯᠵᠢᠯᠠᠨ ᠲᠠᠯᠪᠢᠬᠤ ᠤᠴᠢᠷ ᠤᠯᠠᠡᠳᠠ ᠲᠤᠬᠢᠶᠠᠯᠳᠤᠳᠠᠭ᠃ ᠢᠩᠭᠡᠨ ᠲᠡᠮᠡᠭᠡᠨ ᠤ ᠰᠦᠷᠦᠭ ᠤᠨ ᠪᠡᠯᠴᠢᠭᠡᠷ ᠡᠩ ᠤᠨ ᠦᠶ᠎ᠡ ᠳᠤ ᠰᠤᠪᠠᠢ ᠲᠡᠮᠡᠭᠡᠨ ᠤ ᠰᠦᠷᠦᠭ ᠠᠴᠠ ᠤᠶᠢᠷ᠎ᠠ ᠳᠦᠲᠡ ᠪᠠᠶᠢᠵᠤ᠂ ᠤᠨᠴᠠᠭᠠᠶᠢᠯᠠᠨ ᠢᠩᠭᠡ ᠬᠠᠶᠠᠭᠠᠬᠤ ᠴᠠᠭ ᠲᠤ ᠡᠳᠦᠷᠵᠢᠨ ᠬᠠᠷᠢᠭᠤᠯᠵᠤ᠂ ᠤᠷᠤᠢ ᠪᠤᠯᠭᠠᠨ ᠬᠤᠷᠢᠶᠠᠵᠤ ᠬᠤᠲᠠᠯᠠᠨ᠂ ᠲᠤᠷᠤᠮ ᠢᠶᠠᠨ ᠢᠯᠭᠠᠵᠤ ᠰᠠᠭᠠᠯᠢ ᠬᠢᠬᠦ ᠠᠵᠦ ᠦᠷᠭᠦᠯᠵᠢᠯᠡᠳᠡᠭ᠃    ᠭᠤᠷᠪᠠ᠂ ᠬᠠᠶᠢᠮᠠᠯ ᠢᠡᠭᠭᠡ ᠪᠤᠶᠤ ᠪᠤᠳᠤᠭᠤ ᠲᠠᠢ ᠢᠩᠭᠡᠨ ᠤ ᠰᠦᠷᠦᠭ    ᠬᠠᠶᠢᠮᠠᠯ ᠢᠡᠭᠭᠡ ᠶᠢ ᠶᠠᠷᠤ ᠳᠡᠭᠡᠨ ᠶᠢᠰᠦ ᠤᠷᠤᠬᠤ ᠠᠴᠠ ᠡᠬᠢᠯᠡᠨ ᠠᠰ ᠲᠤᠨᠢ ᠰᠦᠷᠦᠭ ᠪᠤᠯᠭᠠᠨ ᠮᠠᠯᠯᠠᠵᠤ᠂ ᠬᠠᠮᠤᠭ ᠤᠶᠢᠷ᠎ᠠ ᠪᠡᠯᠴᠢᠭᠡᠷ ᠤᠰᠤ ᠰᠠᠶᠢᠨ᠂ ᠨᠦᠮᠦᠷᠢ ᠲᠤᠯᠠᠭᠠᠨ ᠭᠠᠵᠠᠷ ᠲᠤ ᠬᠠᠷᠢᠭᠤᠯᠵᠤ᠂ ᠤᠷᠤᠢ ᠪᠤᠯᠭᠠᠨ ᠬᠤᠷᠢᠶᠠᠵᠤ ᠬᠤᠲᠠᠯᠠᠳᠠᠭ ᠪᠦᠭᠡᠳ ᠰᠠᠶ᠋ᠢ ᠭᠠᠷᠤᠭᠰᠠᠨ ᠪᠤᠲᠤᠭᠤ ᠶᠢ ᠬᠠᠮᠳᠤ ᠳᠤᠨᠢ ᠪᠠᠶᠢᠯᠭᠠᠵᠤ ᠢᠵᠢᠯᠢᠰᠢᠭᠦᠯᠳᠡᠭ᠃ ᠨᠢᠯᠬ᠎ᠠ ᠪᠤᠳᠤᠭᠤ ᠦᠶᠠᠷᠭᠡᠨ ᠲᠤᠭᠯᠠᠵᠤ᠂ ᠢᠵᠢᠯᠢᠰᠢᠨ ᠲᠠᠰᠤᠯᠴᠠᠬᠤ ᠪᠠᠷ ᠬᠤᠷᠳᠤᠨ ᠲᠤᠯᠨ ᠭᠡᠵᠢᠶᠠᠳᠠ ᠪᠠᠨ ᠰᠠᠯᠵᠤ ᠶᠠᠪᠤᠳᠠᠭ ᠦᠭᠡᠢ᠃ ᠨᠠᠷᠠ ᠨᠤᠭᠤᠭ᠎ᠠ ᠭᠠᠷᠴᠤ᠂ ᠪᠤᠲᠤᠭᠤ ᠭᠠᠷᠴᠤ ᠳᠦᠭᠦᠷᠦᠭᠰᠡᠭᠡᠷ ᠪᠤᠲᠤᠭᠤ ᠲᠠᠢ ᠢᠩᠭᠡᠨ ᠰᠦᠷᠦᠭ ᠪᠤᠯᠵᠤ ᠪᠦᠷᠢᠯᠳᠦᠳᠡᠭ᠃    ᠲᠦᠷᠪᠡ᠂ ᠪᠤᠲᠤᠭᠤᠨ ᠰᠦᠷᠦᠭ ︵ᠲᠤᠷᠤᠮ ᠤᠨ ᠰᠦᠷᠦᠭ︶    ᠨᠢᠭᠡ ᠵᠢᠯ ᠤᠨ ᠬᠠᠶᠢᠮᠠᠯ ᠢᠩᠭᠡ ᠪᠦᠷᠢᠨ ᠪᠤᠲᠤᠭᠤᠯᠠᠵᠤ ᠲᠦᠭᠦᠷᠦᠭᠰᠡᠨ ᠤ ᠲᠠᠷᠠᠭ᠎ᠠ᠂ ᠳᠠᠷᠤᠢ ᠵᠤᠨ ᠤ ᠳᠤᠮᠳᠠ ᠰᠠᠷ᠎ᠠ ᠪᠤᠯᠵᠤ᠂ ᠪᠤᠢ ᠪᠦᠬᠦᠢ ᠪᠤᠲᠤᠭᠤ ᠡᠪᠡᠰᠦ ᠤᠰᠤᠨ ᠳᠤ ᠤᠷᠤᠵᠤ᠂ ᠤᠶᠠᠭ᠎ᠠ ᠨᠤᠭᠲᠤᠨ ᠳᠠᠭᠠᠨ ᠳᠠᠰᠴᠤ᠂ ᠪᠤᠲᠤᠭᠤ ᠲᠠᠢ ᠢᠩᠭᠡᠨ ᠤ ᠪᠡᠯᠴᠢᠭᠡᠷᠯᠡᠬᠦ ᠴᠠᠭ ᠵᠠᠢ ᠨᠢ ᠶᠡᠬᠡᠰᠴᠦ᠂ ᠬᠤᠯᠠ ᠶᠢᠨ ᠪᠡᠯᠴᠢᠭᠡᠷ ᠲᠤ ᠭᠠᠷᠬᠤ ᠪᠤᠯᠳᠠᠭ᠃ ᠡᠨᠡ ᠦᠶ᠎ᠡ ᠳᠤ ᠡᠬᠡ ᠪᠤᠲᠤᠭᠤ ᠪᠠᠨ ᠢᠯᠭᠠᠵᠤ ᠰᠤᠷᠭᠠᠬᠤ ᠲᠤᠯᠠ ᠴᠠᠭ ᠮᠦᠴᠡ ᠦᠭᠡᠢ ᠪᠡᠶ᠎ᠡ ᠪᠡᠶ᠎ᠡ ᠪᠠᠨ ᠬᠠᠶᠢᠵᠤ ᠪᠤᠶᠢᠯᠠᠯᠳᠤᠬᠤ ᠨᠢ ᠨᠠᠮᠵᠢᠵᠦ᠂ ᠡᠬᠡ ᠪᠤᠲᠤᠭᠤ ᠶᠢ ᠲᠤᠰ ᠲᠤᠰ ᠲᠤᠨᠢ ᠢᠯᠭᠠᠵᠤ ᠰᠦᠷᠦᠭᠯᠡᠨ ᠪᠡᠯᠴᠢᠭᠡᠷᠯᠡᠭᠦᠯᠳᠡᠭ᠃ ᠦᠷᠯᠦᠭᠡ ᠨᠠᠷᠠ ᠪᠢᠲᠡᠭᠦᠦ ᠪᠠᠷ ᠪᠤᠲᠤᠭᠤ ᠶᠢ ᠨᠢ ᠤᠶᠠᠵᠤ ᠡᠬᠡ ᠶᠢ ᠨᠢ ᠪᠡᠯᠴᠢᠭᠡᠭᠡᠳ ᠪᠠᠷ᠎ᠠ ᠨᠢ ᠲᠠᠰᠤᠷᠠᠵᠤ᠂ ᠪᠤᠶᠢᠯᠠᠬᠤ ᠳᠠᠭᠤ ᠨᠢ ᠰᠤᠨᠤᠰᠳᠠᠬᠤ ᠦᠭᠡᠢ ᠪᠤᠯᠬᠤ ᠳᠤ ᠪᠤᠲᠤᠭᠤ ᠶᠢ ᠨᠢ ᠲᠠᠯᠪᠢᠵᠦ᠂ ᠡᠬᠡ ᠶᠢᠨ ᠬᠢᠨᠢ ᠪᠡᠯᠴᠢᠭᠡᠷ ᠤᠨ ᠡᠰᠡᠷᠭᠦ ᠵᠦᠭ ᠲᠤ ᠪᠡᠯᠴᠢᠭᠡᠷᠯᠡᠭᠦᠯᠦᠨ ᠰᠤᠷᠭᠠᠳᠠᠭ᠃ ᠡᠨᠡ ᠪᠤᠯ ᠲᠤᠰ ᠵᠢᠯ ᠤᠨ ᠪᠤᠲᠤᠭᠤᠨ ᠤ ᠠᠩᠬᠠᠨ ᠤ ᠰᠦᠷᠦᠭ ᠤᠨ ᠪᠦᠳᠦᠴᠡ ᠪᠦᠷᠢᠯᠳᠦᠵᠦ ᠪᠠᠶᠢᠭ᠎ᠠ ᠪᠦᠭᠡᠳ ᠲᠡᠮᠡᠭᠡᠨ ᠤ ᠲᠤᠭᠠᠨ ᠳᠤ ᠤᠷᠤᠵᠤ ᠲᠡᠮᠡᠭᠡᠨ ᠰᠦᠷᠦᠭ ᠤᠨ ᠠᠩᠬᠠᠨ ᠤᠨ ᠰᠦᠷᠦᠭ ᠪᠤᠯᠳᠠᠭ᠃ ᠡᠨᠡ ᠮᠡᠲᠦ ᠪᠠᠷ ᠢᠯᠭᠠᠵᠤ ᠰᠤᠷᠤᠭᠰᠠᠨ ᠪᠤᠲᠤᠭᠤᠨ ᠰᠦᠷᠦᠭ ᠨᠢ ᠨᠠᠮᠤᠷ ᠡᠪᠦᠯ ᠢ ᠭᠠᠲᠤᠯᠤᠭᠠᠳ ᠳᠠᠷᠠᠭ᠎ᠠ ᠬᠠᠪᠤᠷ ᠤᠨ ᠲᠡᠮᠡᠭᠡᠨ ᠤ ᠨᠤᠤᠰᠤ ᠨᠤᠤᠯᠤᠭᠤᠷ ᠬᠤᠷᠢᠶᠠᠵᠤ ᠪᠦᠳᠦᠭᠦᠨ ᠲᠡᠮᠡᠭᠡᠨ ᠤ ᠰᠦᠷᠦᠭ ᠲᠤ ᠨᠡᠶᠢᠯᠡᠭᠦᠯᠬᠦ ᠪᠤᠯᠲᠠᠯ᠎ᠠ ᠦᠷᠭᠦᠯᠵᠢᠯᠡᠳᠡᠭ ᠲᠤᠯᠠ ᠴᠠᠭ ᠤᠯᠠᠷᠢᠯ ᠤᠨ ᠶᠠᠪᠤᠴᠠ ᠳᠤᠮᠳᠠ ᠲᠤᠷᠤᠮ ᠤᠨ ᠰᠦᠷᠦᠭ ᠪᠤᠯᠵᠤ ᠬᠤᠪᠢᠰᠳᠠᠭ᠃    
 
ᠢᠷᠡᠯᠲᠡ᠄ ᠠᠯᠠᠱᠠ ᠶᠢᠨ ᠲᠡᠮᠡᠭᠡ ᠮᠠᠯᠵᠢᠬᠣ ᠰᠣᠶᠣᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号