ᠱᠤᠠᠠᠰᠢᠬᠤ᠄ ᠪᠦᠭᠡᠬᠦ ᠠᠴᠠ ᠲᠦᠷᠭᠡᠨ᠂ ᠬᠦᠶᠤᠬᠦ ᠠᠴᠠ ᠤᠳᠠᠭᠠᠨ᠂ ᠲᠠᠮᠡᠭᠡ ᠪᠦᠷᠢ ᠳᠤ ᠪᠠᠶᠢᠳᠠᠭ ᠨᠢᠭᠡ | ᠵᠦᠢᠯ ᠤᠨ ᠶᠠᠪᠤᠳᠠᠯ᠃ ᠲᠤᠰ ᠶᠠᠪᠤᠳᠠᠯ ᠨᠢ ᠤᠨᠤᠵᠤ ᠶᠠᠪᠤᠬᠤ ᠳᠤ ᠪᠠᠶ᠎ᠠ ᠳᠤ ᠬᠠᠪᠤ ᠦᠭᠡᠢ ᠪᠤᠯᠬᠤᠷ ᠬᠦᠮᠤᠰ | ᠡᠬᠦᠨ ᠢ ︽ᠱᠤᠠᠠᠰᠢᠬᠤ ᠠᠴᠠ ᠦᠭᠡᠷ᠎ᠠ ᠶᠠᠪᠤᠳᠠᠯ ᠦᠭᠡᠢ᠂ ᠰᠤᠭᠳᠤᠬᠤ ᠠᠴᠠ ᠦᠭᠡᠷ᠎ᠠ ᠢᠳᠠ ᠦᠭᠡᠢ︾ ᠭᠡᠵᠤ | ᠮᠠᠭᠤᠯᠠᠳᠠᠭ᠃ ᠱᠤᠠᠠᠰᠢᠶ᠎ᠠ ᠶᠢ ᠪᠠᠰᠠ ᠶᠤᠠᠠᠰᠢᠬᠤ ᠭᠡᠳᠡᠭ᠃ | ᠲᠦᠷᠪᠠᠯᠵᠢᠯᠠᠬᠦ ︵ᠲᠤᠪᠳᠤᠯᠬᠤ︶᠄ ᠱᠤᠠᠠᠰᠢᠬᠤ ᠠᠴᠠ ᠲᠦᠷᠭᠡᠨ ᠰᠢᠭ ᠶᠠᠪᠤᠳᠠᠯ᠃ ᠡᠨᠡ ᠨᠢ ᠵᠦᠪᠳᠠᠢ | ᠲᠠᠯ᠎ᠠ ᠶᠢᠨ ᠡᠮᠤᠨ᠎ᠠ ᠲᠠᠪᠠᠭ ᠢᠶᠠᠨ ᠪᠤᠷᠤᠭᠤᠳᠠᠢ ᠲᠠᠯ᠎ᠠ ᠶᠢᠨ ᠬᠤᠶᠢᠳᠤ ᠲᠠᠪᠠᠭ ᠲᠠᠢ᠂ ᠪᠤᠷᠤᠭᠤᠳᠠᠢ ᠲᠠᠯ᠎ᠠ ᠶᠢᠨ | ᠡᠮᠤᠨ᠎ᠠ ᠲᠠᠪᠠᠭ ᠢᠶᠠᠨ ᠵᠦᠪᠳᠠᠢ ᠲᠠᠯ᠎ᠠ ᠶᠢᠨ ᠬᠤᠶᠢᠳᠤ ᠲᠠᠪᠠᠭ ᠲᠠᠢ ᠵᠠᠷᠭᠡᠴᠡᠭᠡ ᠬᠢᠰᠬᠢᠵᠤ ᠲᠦᠷᠪᠠᠯᠵᠢᠨ ᠮᠦᠷ | ᠭᠠᠷᠭᠠᠳᠠᠭ ᠪᠤᠯᠬᠤᠷ ᠲᠦᠷᠪᠠᠯᠵᠢᠯᠠᠬᠦ ᠭᠡᠵᠤ ᠨᠠᠷᠠᠯᠠᠵᠠᠢ᠃ | ᠲᠠᠰᠢᠬᠦ᠄ ᠱᠤᠠᠠᠰᠢᠶ᠎ᠠ ᠠᠴᠠ ᠲᠦᠷᠭᠡᠨ᠂ ᠲᠠᠪᠬᠢᠬᠤ ᠠᠴᠠ ᠤᠳᠠᠭᠠᠨ ᠬᠦᠶᠤᠳᠠᠯ᠃ ᠡᠨᠡ ᠨᠢ ᠤᠯᠠᠩᠬᠢ ᠳᠠᠭᠠᠨ | ᠭᠠᠵᠠᠷ ᠤᠷᠤᠭᠤ ᠪᠠᠶ᠎ᠠ ᠶᠢᠨ ᠵᠠᠩᠭᠤᠷᠭ᠎ᠠ ᠬᠦᠴᠤᠨ ᠢᠶᠠᠷ ᠲᠠᠪᠬᠢᠨ ᠪᠠᠭᠤᠬᠤ ᠶᠠᠪᠤᠳᠠᠯ ᠢ ᠭᠡᠯᠠᠳᠡᠭ᠃ ᠡᠨᠡ ᠶᠠᠪᠤᠳᠠᠯ ᠢ | ᠤᠨᠤᠯᠭ᠎ᠠ ᠡᠳ᠋ᠯᠡᠭᠡ ᠳᠤ ᠪᠠᠷᠤᠭ ᠬᠡᠷᠡᠭᠯᠡᠳᠡᠭ ᠦᠭᠡᠢ᠃ ᠡᠭᠦᠨ ᠢ ᠵᠠᠷᠢᠮ ᠬᠦᠮᠦᠨ ᠪᠠᠰᠠ ᠬᠠᠶᠢᠮᠡᠯ ᠢᠩᠭᠡᠨ ᠤ | ᠣᠨᠴᠠᠭᠠᠢ ᠶᠠᠪᠤᠳᠠᠯ ᠭᠡᠵᠤ ᠬᠡᠯᠡᠳᠡᠭ᠃ | ᠬᠦᠶᠤᠬᠦ᠄ ᠲᠠᠰᠢᠬᠦ ᠠᠴᠠ ᠬᠤᠷᠳᠤᠨ ᠶᠠᠪᠤᠬᠤ ᠶᠠᠪᠤᠳᠠᠯ ᠤᠨ ᠶᠠᠷᠤᠡᠭᠡᠶᠢᠯᠡᠭᠰᠠᠨ ᠨᠠᠷᠠᠶᠢᠳᠤᠯ᠃ ᠬᠦᠶᠤᠬᠦ ᠪᠤᠯ | ᠲᠠᠮᠠᠭᠡᠨ ᠤ ᠬᠠᠮᠤᠭ ᠲᠦᠷᠭᠡᠨ ᠶᠠᠪᠤᠳᠠᠯ ᠪᠤᠯᠤᠨ᠎ᠠ᠃ ᠡᠨᠡ ᠶᠠᠪᠤᠳᠠᠯ ᠢᠶᠠᠷ ᠡᠩ ᠤᠨ ᠪᠠᠶᠢᠳᠠᠯ ᠳᠤ ᠬᠠᠮᠤᠭ | ᠬᠤᠯᠨ ᠳᠠᠭᠠᠨ 20 ~ 30 ᠭᠠᠵᠠᠷ ᠶᠠᠪᠤᠵᠤ ᠲᠠᠶᠢᠯᠳᠡᠭ᠃ | ᠲᠠᠪᠠᠷᠠᠬᠤ᠄ ᠲᠤᠪᠳᠤᠯᠬᠤ ᠠᠴᠠ ᠬᠤᠷᠳᠤᠨ ᠰᠢᠭ᠋ ᠰᠢᠷᠤᠬᠦᠨ ᠶᠠᠪᠤᠳᠠᠯ᠃ ᠲᠤᠰ ᠶᠠᠪᠤᠳᠠᠯ ᠨᠢ ᠤᠨᠤᠭᠰᠠᠨ | ᠬᠦᠮᠤᠨ ᠤ ᠪᠠᠶ᠎ᠠ ᠳᠤ ᠬᠠᠳᠠᠭᠤ᠂ ᠡᠪ ᠮᠠᠭᠤᠳᠠᠢ ᠪᠤᠯᠬᠤᠷ ᠲᠠᠪᠠᠷᠠᠭᠠᠵᠤ ᠶᠠᠪᠤᠭ᠎ᠠ ᠬᠦᠮᠤᠨ ᠵᠠᠪᠠᠯ ᠳᠦᠷᠦᠭᠡ ᠵᠢᠬᠢᠨ | ᠦᠡᠳᠠᠶᠢᠵᠤ ᠶᠠᠪᠤᠬᠤ ᠴᠢᠬᠤᠯᠠᠳᠠᠢ᠃ ᠡᠶᠢᠮᠤ ᠠᠴᠠ ᠲᠤᠰ ᠶᠠᠪᠤᠳᠠᠯ ᠢ ᠦᠡᠳᠠᠶᠢᠯᠭᠡᠬᠦ᠂ ᠦᠰᠤᠷᠭᠡᠬᠦ ᠭᠡᠵᠤ ᠴᠤ | ᠭᠡᠯᠠᠳᠡᠭ᠃ | ᠲᠠᠪᠬᠢᠬᠤ ︵ᠰᠤᠪᠤᠷᠠᠭᠠᠬᠤ︶᠄ ᠲᠠᠮᠠᠭᠡᠨ ᠤ ᠪᠦᠬᠦ ᠬᠤᠷᠳᠤᠴᠠ ᠪᠠᠷ ᠶᠠᠪᠤᠬᠤ ᠶᠠᠪᠤᠳᠠᠯ᠃ ᠬᠤᠷᠳᠤᠨ | ᠲᠠᠮᠠᠭᠡᠨ ᠳᠤ ᠪᠠᠶᠢᠳᠠᠭ ᠬᠠᠮᠤᠭ ᠲᠦᠷᠭᠡᠨ ᠬᠦᠶᠤᠳᠠᠯ᠃ ᠲᠤᠰ ᠶᠠᠪᠤᠳᠠᠯ ᠨᠢ ᠪᠠᠷᠤᠭ ᠤᠷᠤᠯᠳᠤᠭᠠᠨ ᠳᠤ ᠯᠠ ᠪᠠᠶᠢᠳᠠᠭ | ᠪᠦᠭᠡᠤᠨ ᠬᠢᠰᠬᠢᠬᠦ ᠭᠡᠯᠪᠠᠷᠢ ᠨᠢ ᠵᠦᠪᠳᠠᠢ ᠲᠠᠯ᠎ᠠ ᠶᠢᠨ ᠬᠤᠶᠢᠳᠤ ᠬᠦᠯ ᠨᠢ ᠪᠤᠷᠤᠭᠤᠳᠠᠢ ᠲᠠᠯ᠎ᠠ ᠶᠢᠨ ᠡᠮᠤᠨ᠎ᠠ ᠬᠦᠯ ᠤᠨ | ᠮᠦᠷ ᠤᠨ ᠢᠶᠠᠨ ᠡᠮᠤᠨ᠎ᠠ ᠨᠢ᠂ ᠪᠤᠷᠤᠭᠤᠳᠠᠢ ᠲᠠᠯ᠎ᠠ ᠶᠢᠨ ᠬᠤᠶᠢᠳᠤ ᠬᠦᠯ ᠨᠢ ᠵᠦᠪᠳᠠᠢ ᠲᠠᠯ᠎ᠠ ᠶᠢᠨ ᠡᠮᠤᠨ᠎ᠠ ᠬᠦᠯ ᠤᠨ | ᠮᠦᠷ ᠤᠨ ᠢᠶᠠᠨ ᠡᠮᠤᠨ᠎ᠠ ᠨᠢ ᠬᠢᠰᠬᠢᠵᠤ ᠭᠠᠭᠴᠠ ᠭᠠᠭᠴᠠ ᠪᠠᠷ ᠠᠷᠤ ᠠᠷᠤ ᠠᠴᠠ ᠪᠠᠨ ᠰᠤᠪᠤᠷᠠᠭᠰᠠᠨ ᠵᠠᠢ ᠰᠠᠴᠠᠭᠤ | ᠮᠦᠷ ᠭᠠᠷᠳᠠᠭ ᠪᠤᠯᠬᠤᠷ ᠲᠠᠬᠦᠨ ᠢ ᠰᠢᠯᠪᠢ ᠵᠦᠷᠢᠭᠦᠯᠬᠦ᠂ ᠭᠠᠭᠴᠠ ᠭᠠᠭᠴᠠ ᠲᠤᠰᠬᠠᠬᠤ᠂ ᠰᠤᠪᠤᠷᠠᠭᠠᠬᠤ ᠭᠡᠵᠤ | ᠨᠠᠷᠠᠯᠠᠵᠠᠢ᠃ ᠡᠨᠡ ᠶᠠᠪᠤᠳᠠᠯ ᠢ ᠮᠠᠯᠴᠢᠤᠨ ︽ᠰᠤᠪᠤᠷᠠᠭᠠᠵᠤ ᠶᠠᠪᠤᠬᠤ ᠳᠤ ᠠᠳᠠ ᠰᠠᠶᠢᠬᠠᠨ᠂ ᠰᠤᠠᠳᠠᠯᠠᠵᠤ | ᠶᠠᠪᠤᠬᠤ ᠳᠤ ᠠᠮᠠᠷᠠᠭ ᠰᠠᠶᠢᠬᠠᠨ︾ ᠭᠡᠵᠤ ᠵᠦᠢᠷᠯᠡᠳᠡᠭ᠃ | ᠴᠤᠪᠬᠤᠷᠠᠬᠤ ︵ᠲᠠᠪᠭᠡᠴᠠᠬᠦ︶᠄ ᠡᠮᠤᠨ᠎ᠠ ᠬᠤᠶᠠᠷ ᠬᠦᠯ ᠪᠠ ᠬᠤᠶᠢᠳᠤ ᠬᠤᠶᠠᠷ ᠬᠦᠯ ᠢᠶᠠᠨ ᠵᠠᠷᠭᠡᠪᠠᠷ ᠲᠠᠪᠭᠡᠷᠴᠤ | ᠶᠠᠪᠤᠬᠤ ᠶᠠᠪᠤᠳᠠᠯ᠃ ᠡᠨᠡ ᠨᠢ ᠭᠤᠤᠯᠳᠠᠭᠤ ᠲᠤᠰᠢᠶ᠎ᠠ ᠲᠠᠢ ᠪᠤᠶᠤ ᠴᠤᠮᠤᠭ᠎ᠠ ᠲᠠᠢ ᠦᠶ᠎ᠠ ᠳᠤ ᠶᠠᠪᠤᠬᠤ ᠤᠠᠴᠠᠭᠠᠢ | ᠶᠠᠪᠤᠳᠠᠯ ᠪᠤᠯᠤᠨ᠎ᠠ᠃ | ᠴᠦᠮᠴᠢᠬᠦ᠄ ᠡᠮᠤᠨ᠎ᠠ ᠬᠤᠶᠠᠷ ᠬᠦᠯ ᠢᠶᠠᠨ ᠲᠤᠩ ᠤᠶᠢᠷᠠᠬᠠᠨ ᠬᠢᠰᠬᠢᠵᠤ ᠶᠠᠪᠤᠬᠤ ᠶᠠᠪᠤᠳᠠᠯ᠃ ᠡᠨᠡ ᠨᠢ | ᠭᠤᠤᠯᠳᠠᠭᠤ ᠲᠤᠰᠢᠶ᠎ᠠ ᠲᠠᠢ ᠪᠤᠶᠤ ᠵᠢᠯᠪᠢᠡᠭᠳᠥᠭᠰᠠᠨ ᠲᠠᠮᠠᠭᠡᠨ ᠳᠤ ᠪᠠᠶᠢᠳᠠᠭ ᠶᠠᠪᠤᠳᠠᠯ ᠪᠤᠯᠤᠨ᠎ᠠ᠃ | ᠲᠠᠪᠠᠴᠠᠬᠤ᠄ ᠡᠮᠤᠨ᠎ᠠ ᠬᠤᠶᠠᠷ ᠬᠦᠯ ᠪᠠ ᠬᠤᠶᠢᠳᠤ ᠬᠤᠶᠠᠷ ᠬᠦᠯ ᠨᠢ ᠵᠡᠷᠭᠡ ᠪᠠᠷ ᠲᠠᠪᠭᠡᠴᠠᠨ ᠴᠤᠪᠬᠤᠴᠢᠵᠤ | ᠦᠰᠤᠷᠬᠢᠯᠠᠬᠦ ᠨᠢᠭᠡ ᠵᠦᠢᠯ ᠤᠨ ᠶᠠᠪᠤᠳᠠᠯ᠃ ᠡᠨᠡ ᠨᠢ ᠭᠡᠳᠦ᠋ᠢᠪᠠᠷ ᠴᠤᠪᠬᠤᠷᠠᠬᠤ ᠲᠠᠢ ᠠᠳᠠᠯᠢᠪᠳᠤᠷ ᠪᠤᠯᠪᠠᠴᠤ | ᠲᠤᠰᠢᠶ᠎ᠠ ᠴᠤᠮᠤᠭ᠎ᠠ ᠦᠭᠡᠢ ᠰᠤᠯᠨ ᠲᠤᠷ᠎ᠠ ᠪᠠᠷ ᠪᠠᠶᠢᠬᠤ ᠨᠦᠬᠦᠴᠠᠯ ᠲᠤᠤᠷᠠᠬᠢ ᠶᠠᠪᠤᠳᠠᠯ ᠪᠤᠯᠤᠨ᠎ᠠ᠃ ᠡᠨᠡ ᠨᠢ | ᠤᠨᠤᠯᠭ᠎ᠠ ᠠᠴᠢᠯᠭ᠎ᠠ ᠳᠤ ᠪᠠᠶᠢᠳᠠᠭ ᠶᠠᠷᠤ ᠶᠢᠨ ᠶᠠᠪᠤᠳᠠᠯ ᠪᠢᠰᠢ᠂ ᠬᠠᠷᠢᠨ ᠦᠷᠬᠦᠵᠤ ᠰᠤᠴᠢᠨ ᠲᠠᠪᠠᠳᠠᠵᠤ | ᠰᠠᠡᠳᠤᠷᠤᠭᠰᠠᠨ᠂ ᠭᠡᠨᠳᠡᠭ ᠡᠭᠳᠠᠬᠦᠤ ᠨᠢ ᠬᠦᠷᠥᠭᠰᠠᠨ ᠪᠤᠶᠤ ᠬᠠᠷ᠎ᠠ ᠬᠤᠷᠳᠤ ᠪᠠᠷ ᠢᠶᠠᠨ ᠬᠦᠶᠤᠵᠤ ᠪᠠᠶᠢᠭᠰᠠᠨ ᠲᠠᠮᠡᠭᠡ | ᠬᠦᠶᠤᠳᠠᠯ ᠬᠢᠰᠬᠢᠳᠠᠯ ᠢᠶᠠᠨ ᠠᠯᠳᠠᠭᠰᠠᠨ ︵ᠬᠦᠯ ᠠᠯᠳᠠᠭᠰᠠᠨ︶ ᠦᠶ᠎ᠠ ᠳᠤ ᠭᠠᠷᠳᠠᠭ ᠨᠢᠭᠡᠨ ᠵᠦᠢᠯ ᠤᠨ ᠲᠤᠭᠰᠢᠨ | ᠰᠢᠷᠤᠬᠦᠨ ᠬᠦᠳᠠᠯᠤᠯ ᠪᠤᠯᠤᠨ᠎ᠠ᠃ | ᠲᠠᠩᠭᠠᠴᠢᠬᠤ ︵ᠲᠤᠩᠭᠤᠴᠢᠬᠤ︶᠄ ᠲᠠᠪᠠᠴᠠᠬᠤ ᠲᠠᠢ ᠠᠳᠠᠯᠢᠪᠳᠤᠷ ᠪᠤᠯᠪᠠᠴᠤ ᠲᠤᠯᠤᠭᠠᠢ ᠬᠦᠵᠤᠬᠦᠤ ᠪᠠᠨ | ᠲᠤᠷᠤᠭᠰᠢ ᠪᠤᠯᠭᠠᠵᠤ᠂ ᠲᠤᠭᠳᠠᠮᠠᠯ ᠴᠢᠭᠯᠡᠯ ᠪᠠ ᠬᠢᠰᠬᠢᠳᠡᠯ ᠦᠭᠡᠢ ᠪᠠᠷ ᠡᠷᠤᠢ ᠬᠤᠷᠤᠢ ᠦᠭᠡᠢ ᠲᠠᠪᠠᠴᠠᠨ | ᠦᠰᠤᠷᠬᠢᠯᠠᠬᠦ ᠶᠢ ᠭᠡᠯᠠᠳᠡᠭ᠃ | ᠪᠤᠬᠠᠬᠤ᠄ ᠲᠤᠩᠭᠤᠴᠢᠬᠤ ᠲᠠᠢ ᠠᠳᠠᠯᠢ ᠪᠤᠯᠪᠠᠴᠤ ᠬᠠᠮᠠᠷ ᠪᠤᠷᠠᠠᠳᠠᠭ ᠢᠶᠠᠨ ᠪᠤᠯᠢᠶᠠᠨ᠂ ᠲᠤᠯᠤᠭᠠᠢ ᠪᠠᠨ ᠤᠮᠤᠷᠤᠤ | ᠲᠤᠤᠷ᠎ᠠ ᠪᠠᠨ ᠠᠪᠴᠤ ᠲᠠᠪᠠᠴᠠᠨ ᠦᠰᠤᠷᠬᠢᠯᠠᠬᠦ ᠶᠢ ᠵᠢᠭᠠᠳᠠᠭ᠃ ᠡᠨᠡ ᠨᠢ ᠮᠦᠨ ᠬᠦᠮᠤᠨ ᠤᠨᠤᠭᠰᠠᠨ ᠦᠶ᠎ᠠ ᠳᠤ | ᠵᠤᠷᠢᠭᠤᠳᠠ ᠲᠦᠢᠯᠠᠬᠤ ᠶᠢᠨ ᠨᠢᠭᠡ ᠭᠡᠯᠪᠠᠷᠢ ᠪᠤᠯᠤᠨ᠎ᠠ᠃ | ᠲᠤᠭᠯᠠᠬᠤ᠄ ᠬᠢᠰᠬᠢᠳᠠᠯ ᠨᠢ ᠲᠠᠪᠠᠴᠠᠬᠤ ᠲᠠᠢ ᠠᠳᠠᠯᠢᠬᠠᠨ ᠪᠠᠶᠢᠳᠠᠭ᠃ ᠭᠤᠤᠯᠳᠠᠭᠤ ᠪᠠᠭ᠎ᠠ ᠨᠠᠰᠤᠨ ᠤ ᠪᠤᠶᠤ | ᠲᠠᠷᠭᠤ ᠬᠦᠴᠤ ᠲᠠᠢ᠂ ᠡᠮᠨᠢᠭ ᠬᠠᠨᠭ᠍ᠭᠠᠯ ᠲᠠᠮᠠᠭᠡᠨ ᠤ ᠨᠠᠭᠠᠤᠠᠴᠤ ᠪᠤᠶᠢᠷᠭᠠᠬᠤ ᠦᠶ᠎ᠠ ᠶᠢᠨ ᠶᠠᠪᠤᠳᠠᠯ ᠪᠤᠯᠤᠨ᠎ᠠ᠃ | ᠪᠤᠯᠬᠢᠬᠤ ︵ᠬᠠᠯᠢᠰᠬᠤ︶᠄ ᠶᠠᠪᠤᠳᠠᠯ ᠳᠤᠮᠳᠠ ᠠᠴᠠ ᠪᠠᠨ ᠭᠡᠨᠠᠤᠡᠳᠠ ᠭᠡᠳᠠᠷᠬᠦ ᠡᠷᠬᠢᠵᠤ ᠦᠰᠤᠷᠬᠦ ᠪᠤᠶᠤ | ᠲᠠᠪᠠᠴᠠᠬᠤ᠃ ᠲᠤᠰ ᠶᠠᠪᠤᠳᠠᠯ ᠨᠢ ᠡᠮᠤᠨ᠎ᠠ ᠪᠤᠶᠤ ᠬᠠᠵᠠᠭᠤ ᠲᠠᠯ᠎ᠠ ᠠᠴᠠ ᠪᠠᠨ ᠦᠷᠬᠦᠵᠤ ᠰᠤᠴᠢᠨ ᠲᠠᠪᠠᠳᠠᠵᠤ | ᠰᠠᠡᠳᠤᠷᠤᠭᠰᠠᠨ ᠦᠶ᠎ᠠ ᠳᠤ ᠭᠠᠷᠳᠠᠭ᠃ | ᠡᠭᠦᠨ ᠠᠴᠠ ᠭᠠᠳᠠᠨ᠎ᠠ ᠲᠠᠮᠠᠭᠡᠨ ᠳᠤ ᠪᠠᠰᠠ ᠵᠦᠭᠡᠯᠠᠨ ᠶᠠᠪᠤᠳᠠᠯ᠂ ᠵᠦᠭᠡᠯᠠᠨ ᠶᠠᠪᠤᠳᠠᠯ ᠤᠨ ᠡᠰᠠᠷᠬᠦ ᠬᠠᠳᠠᠭᠤ | ᠶᠠᠪᠤᠳᠠᠯ᠂ ᠬᠠᠳᠠᠭᠤ ᠶᠠᠪᠤᠳᠠᠯ ᠠᠴᠠ ᠪᠠᠨ ᠬᠠᠳᠠᠭᠤ ᠶᠠᠬᠢᠷ ᠶᠠᠪᠤᠳᠠᠯ᠂ ᠴᠠᠴᠠᠷᠡᠭᠡ ᠮᠠᠶ᠋ᠢᠭ ᠲᠠᠢ ᠮᠢᠵᠢᠷᠡᠭᠡ ᠶᠠᠪᠤᠳᠠᠯ | ᠭᠡᠬᠦ ᠮᠠᠳᠤ ᠶᠢᠨ ᠦᠪᠠᠷᠮᠢᠴᠠ ᠶᠠᠪᠤᠳᠠᠯ ᠬᠢᠰᠬᠢᠳᠠᠯ ᠲᠠᠢ᠃ |