ᠵᠢᠷᠭᠤᠭᠠᠨ ᠰᠠᠯᠠᠭ᠎ᠠ ᠮᠥᠴᠢᠷ ᠬᠠᠮᠲᠤᠷᠠᠨ ︽ᠪᠣᠳᠣᠯᠲᠠ ᠶᠢᠨ ᠴᠢᠳᠠᠪᠤᠷᠢ ᠶᠢᠨ ᠰᠠᠭᠤᠷᠢ ᠲᠥᠬᠦᠭᠡᠷᠦᠮᠵᠢ ᠶᠢᠨ ᠴᠢᠨᠠᠷ ᠰᠠᠶᠢᠲᠠᠢ ᠬᠥᠭᠵᠢᠯᠲᠡ ᠶᠢᠨ ᠠᠵᠢᠯᠯᠠᠭᠠᠨ ᠤ ᠲᠥᠯᠥᠪᠯᠡᠭᠡ︾ ᠶᠢ ᠳᠠᠷᠤᠮᠠᠯᠯᠠᠨ ᠲᠠᠷᠬᠠᠭᠠᠪᠠ
ᠨᠡᠶᠢᠲᠡᠯᠡᠭᠰᠡᠨ ᠴᠠᠭ᠄
2023/10/17
    ᠠᠵᠤ ᠦᠢᠯᠡᠳᠪᠦᠷᠢ ᠪᠠ ᠮᠡᠳᠡᠭᠡ ᠵᠠᠩᠭᠢᠵᠢᠯᠲᠠ ᠶᠢᠨ ᠶᠠᠮᠤᠨ ᠠᠴᠠ ᠣᠶᠢᠯᠠᠭᠠᠭᠰᠠᠨ ᠢᠶᠠᠷ᠂ ᠣᠶᠢᠷ᠎ᠠ ᠳᠤ ᠠᠵᠤ ᠦᠢᠯᠡᠳᠪᠦᠷᠢ ᠪᠠ ᠮᠡᠳᠡᠭᠡ ᠵᠠᠩᠭᠢᠵᠢᠯᠲᠠ ᠶᠢᠨ ᠶᠠᠮᠤᠨ᠂ ᠲᠥᠪ ᠤᠨ ᠢᠨᠲ᠋ᠧᠷ ᠰᠦᠯᠵᠢᠶᠡᠨ ᠤ ᠮᠡᠳᠡᠭᠡ ᠵᠠᠩᠭᠢ ᠶᠢᠨ ᠠᠯᠪᠠᠨ ᠭᠡᠷ᠂ ᠰᠤᠷᠭᠠᠨ ᠬᠥᠮᠦᠵᠢᠯ ᠤᠨ ᠶᠠᠮᠤᠨ᠂ ᠤᠯᠤᠰ ᠤᠨ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ᠂ ᠳᠤᠮᠳᠠᠳᠤ ᠤᠯᠤᠰ ᠤᠨ ᠠᠷᠠᠳ ᠤᠨ ᠪᠠᠩᠬᠢ᠂ ᠲᠥᠷᠥ ᠶᠢᠨ ᠶᠠᠪᠤᠳᠠᠯ ᠤᠨ ᠬᠤᠷᠢᠶ᠎ᠠ ᠶᠢᠨ ᠤᠯᠤᠰ ᠤᠨ ᠥᠮᠴᠢᠯᠡᠯ ᠤᠨ ᠡᠳ᠋ ᠬᠥᠷᠥᠩᠭᠡ ᠶᠢᠨ ᠬᠢᠨᠠᠯᠲᠠ ᠬᠠᠮᠢᠶᠠᠷᠤᠯᠲᠠ ᠶᠢᠨ ᠵᠥᠪᠯᠡᠯ ᠵᠡᠷᠭᠡ ᠵᠢᠷᠭᠤᠭᠠᠨ ᠰᠠᠯᠠᠭ᠎ᠠ ᠮᠥᠴᠢᠷ ᠬᠠᠮᠲᠤᠷᠠᠨ ︽ᠪᠣᠳᠣᠯᠲᠠ ᠶᠢᠨ  ᠴᠢᠳᠠᠪᠤᠷᠢ ᠶᠢᠨ  ᠰᠠᠭᠤᠷᠢ ᠲᠥᠬᠦᠭᠡᠷᠦᠮᠵᠢ ᠶᠢᠨ ᠴᠢᠨᠠᠷ ᠰᠠᠶᠢᠲᠠᠢ ᠬᠥᠭᠵᠢᠯᠲᠡ ᠶᠢᠨ ᠠᠵᠢᠯᠯᠠᠭᠠᠨ ᠤ ᠲᠥᠯᠥᠪᠯᠡᠭᠡ︾ ᠶᠢ ᠳᠠᠷᠤᠮᠠᠯᠯᠠᠨ ᠲᠠᠷᠬᠠᠭᠠᠵᠤ᠂ ᠪᠣᠳᠣᠯᠲᠠ ᠶᠢᠨ  ᠴᠢᠳᠠᠪᠤᠷᠢ᠂ ᠠᠴᠢᠶᠠᠯᠠᠬᠤ ᠴᠢᠳᠠᠪᠤᠷᠢ᠂ ᠬᠠᠳᠠᠭᠠᠯᠠᠬᠤ ᠴᠢᠳᠠᠪᠤᠷᠢ ᠵᠢᠴᠢ ᠬᠡᠷᠡᠭᠯᠡᠭᠡᠨ ᠤ ᠴᠢᠳᠠᠮᠵᠢ  ᠵᠡᠷᠭᠡ ᠳᠥᠷᠪᠡᠨ ᠲᠠᠯ᠎ᠠ ᠠᠴᠠ 2025 ᠣᠨ ᠪᠤᠯᠲᠠᠯᠠᠭᠢ ᠬᠥᠭᠵᠢᠯᠲᠡ ᠶᠢᠨ ᠬᠡᠮᠵᠢᠶᠡᠯᠡᠭᠰᠡᠨ ᠭᠦᠢᠴᠡᠳᠬᠡᠯ ᠲᠤᠭ᠎ᠠ ᠶᠢ ᠳᠤᠷᠠᠳᠤᠨ ᠭᠠᠷᠭᠠᠵᠠᠢ᠃     ᠲᠥᠯᠥᠪᠯᠡᠭᠡ ᠳᠤ᠂ 2025 ᠣᠨ ᠪᠤᠯᠬᠤ ᠳᠤ ᠪᠣᠳᠣᠯᠲᠠ ᠶᠢᠨ ᠴᠢᠳᠠᠪᠤᠷᠢ ᠶᠢᠨ ᠲᠠᠯ᠎ᠠ ᠪᠠᠷ᠂ ᠪᠣᠳᠣᠯᠲᠠ ᠶᠢᠨ ᠴᠢᠳᠠᠪᠤᠷᠢ ᠶᠢᠨ ᠬᠡᠪᠴᠢᠶ᠎ᠡ ᠨᠢ 300 EFLOPS ︵EFLOPS ᠪᠣᠯ ᠰᠧᠺᠦ᠋ᠨ᠋ᠳ᠋ ᠪᠦᠷᠢ ᠶᠢᠨ ᠵᠠᠭᠤᠨ ᠳ᠋ᠦᠩᠰᠢᠭᠤᠷ ᠳ᠋ᠦᠩᠰᠢᠭᠤᠷ ᠤᠳᠠᠭ᠎ᠠ ᠶᠢᠨ ᠬᠥᠪᠥᠮᠡᠯ ᠴᠡᠭ ᠤᠨ ᠪᠤᠳᠤᠬᠤ ᠤᠳᠠᠭ᠎ᠠ ᠶᠢ ᠵᠢᠭᠠᠵᠤ ᠪᠤᠶ︶ ᠠᠴᠠ  ᠳᠠᠪᠠᠭᠰᠠᠨ᠂ ᠣᠶᠤᠨᠲᠤ ᠪᠣᠳᠣᠯᠲᠠ ᠶᠢᠨ  ᠴᠢᠳᠠᠪᠤᠷᠢ ᠶᠢᠨ ᠡᠵᠡᠯᠡᠬᠦ ᠬᠠᠷᠢᠴᠠᠯ ᠢ 35% ᠳᠤ ᠬᠦᠷᠭᠡᠵᠦ᠂ ᠵᠡᠭᠦᠨ ᠪᠠᠷᠠᠭᠤᠨ ᠬᠡᠰᠡᠭ ᠤᠨ ᠪᠣᠳᠣᠯᠲᠠ ᠶᠢᠨ ᠴᠢᠳᠠᠪᠤᠷᠢ ᠶᠢᠨ ᠲᠡᠩᠴᠡᠭᠦᠷᠢ ᠶᠢ ᠵᠣᠬᠢᠴᠠᠩᠭᠤᠢ ᠪᠠᠷ ᠬᠥᠭᠵᠢᠭᠦᠯᠦᠨ᠎ᠡ᠃ ᠠᠴᠢᠶᠠᠯᠠᠬᠤ ᠴᠢᠳᠠᠪᠤᠷᠢ ᠶᠢᠨ ᠲᠠᠯ᠎ᠠ ᠪᠠᠷ᠂ ᠤᠯᠤᠰ ᠤᠨ ᠬᠦᠢᠰᠦ ᠵᠠᠩᠭᠢᠯᠠᠭ᠎ᠠ ᠶᠢᠨ ᠴᠡᠭ ᠤᠨ ᠳ᠋ᠠᠶᠢᠲ᠋ᠠ ᠶᠢᠨ ᠲᠥᠪ ᠤᠨ ᠴᠤᠭᠯᠠᠷᠠᠯ ᠤᠨ ᠬᠤᠭᠤᠷᠣᠨᠳᠤ ᠣᠨᠣᠯ ᠤᠨ ᠤᠷᠲᠤᠳᠬᠠᠭᠰᠠᠨ 1.5 ᠳᠠᠭᠢᠨ ᠠᠴᠠ ᠥᠨᠳᠥᠷ ᠪᠢᠰᠢ ᠪᠠᠶᠢᠬᠤ ᠰᠢᠭᠤᠳ ᠬᠤᠯᠪᠣᠬᠤ ᠰᠦᠯᠵᠢᠶᠡᠨ ᠤ ᠳᠠᠮᠵᠢᠭᠤᠯᠭ᠎ᠠ ᠶᠢ ᠦᠨᠳᠦᠰᠦᠨ ᠳᠡᠭᠡᠨ ᠪᠡᠶᠡᠯᠡᠭᠦᠯᠵᠦ᠂ ᠭᠤᠣᠯᠳᠠᠯᠭ᠎ᠠ ᠲᠠᠢ ᠬᠡᠷᠡᠭᠯᠡᠭᠡᠨ ᠤ ᠲᠠᠯᠠᠪᠤᠷ ᠤᠨ ᠭᠡᠷᠡᠯ ᠳᠠᠮᠵᠢᠭᠤᠯᠭ᠎ᠠ ᠶᠢᠨ ᠰᠦᠯᠵᠢᠶ᠎ᠡ ︵OTN︶ ᠶᠢᠨ ᠪᠦᠷᠬᠦᠴᠡ ᠶᠢᠨ ᠨᠣᠷᠮ᠎ᠠ ᠶᠢ 80% ᠳᠤ ᠬᠦᠷᠭᠡᠵᠦ᠂ ᠭᠤᠣᠯᠯᠠᠭᠴᠢ ᠰᠦᠯᠵᠢᠶ᠎ᠡ᠂ ᠬᠤᠲᠠ ᠶᠢᠨ ᠬᠡᠪᠴᠢᠶᠡᠨ ᠤ ᠰᠦᠯᠵᠢᠶ᠎ᠡ ᠳᠤ IPv 6᠂ SRv 6 ᠵᠡᠷᠭᠡ ᠰᠢᠨ᠎ᠡ ᠶᠢ ᠡᠭᠦᠳᠬᠦ ᠮᠡᠷᠭᠡᠵᠢᠯ ᠤᠨ ᠬᠡᠷᠡᠭᠯᠡᠯᠲᠡ ᠶᠢᠨ ᠡᠵᠡᠯᠡᠬᠦ ᠬᠠᠷᠢᠴᠠᠯ ᠢ 40% ᠳᠤ ᠬᠦᠷᠭᠡᠨ᠎ᠡ᠃ ᠬᠠᠳᠠᠭᠠᠯᠠᠬᠤ ᠴᠢᠳᠠᠪᠤᠷᠢ ᠶᠢᠨ ᠲᠠᠯ᠎ᠠ ᠪᠠᠷ᠂ ᠬᠠᠳᠠᠭᠠᠯᠠᠬᠤ ᠶᠡᠷᠦᠩᠬᠡᠢ ᠬᠡᠮᠵᠢᠶ᠎ᠡ ᠶᠢ 1800 EB ᠶᠢ ᠳᠠᠪᠠᠭᠤᠯᠵᠤ᠂ ᠲᠡᠷᠢᠭᠦᠨ ᠤ ᠬᠠᠳᠠᠭᠠᠯᠠᠬᠤ ᠪᠠᠭᠲᠠᠭᠠᠮᠵᠢ ᠶᠢᠨ ᠡᠵᠡᠯᠡᠬᠦ ᠬᠠᠷᠢᠴᠠᠯ ᠢ 30% ᠠᠴᠠ ᠳᠡᠭᠡᠭᠰᠢ ᠳᠤ ᠬᠦᠷᠭᠡᠵᠦ᠂ ᠭᠤᠣᠯᠳᠠᠯᠭ᠎ᠠ ᠲᠠᠢ ᠠᠵᠢᠯ ᠲᠥᠷᠥᠯ ᠤᠨ ᠭᠤᠣᠯ ᠲᠤᠭ᠎ᠠ ᠪᠠᠷᠢᠮᠲᠠ᠂ ᠴᠢᠬᠤᠯᠠ ᠲᠤᠭ᠎ᠠ ᠪᠠᠷᠢᠮᠲᠠ ᠶᠢᠨ ᠭᠠᠮᠰᠢᠭ ᠤᠨ ᠪᠡᠯᠡᠳᠬᠡᠯ ᠤᠨ ᠪᠦᠷᠬᠦᠴᠡ ᠶᠢᠨ ᠨᠣᠷᠮ᠎ᠠ ᠶᠢ 100% ᠳᠤ ᠬᠦᠷᠭᠡᠨ᠎ᠡ᠃ ᠬᠡᠷᠡᠭᠯᠡᠭᠡᠨ ᠤ ᠴᠢᠳᠠᠮᠵᠢ ᠶᠢᠨ ᠲᠠᠯ᠎ᠠ ᠪᠠᠷ᠂ ᠠᠵᠤ ᠦᠢᠯᠡᠳᠪᠦᠷᠢ᠂ ᠮᠥᠩᠭᠦᠨ ᠭᠦᠢᠯᠭᠡᠭᠡᠨ᠂ ᠡᠮᠴᠢᠯᠡᠭᠡ᠂ ᠵᠠᠮ ᠬᠠᠷᠢᠯᠴᠠᠭ᠎ᠠ᠂ ᠡᠨᠧᠷᠭᠢ᠂ ᠰᠤᠷᠭᠠᠨ ᠬᠥᠮᠦᠵᠢᠯ ᠵᠡᠷᠭᠡ ᠭᠤᠣᠯᠳᠠᠯᠭ᠎ᠠ ᠲᠠᠢ ᠬᠦᠷᠢᠶ᠎ᠡ ᠴᠠᠷᠠᠭ᠎ᠠ ᠶᠢᠨ ᠲᠣᠭᠤᠷᠢᠨ ᠳᠤ᠂ ᠲᠣᠰ ᠲᠣᠰ 30 ᠠᠴᠠ ᠳᠡᠭᠡᠭᠰᠢᠬᠢ ᠬᠡᠷᠡᠭᠯᠡᠭᠡᠨ ᠤ ᠦᠯᠢᠭᠡᠷ ᠬᠡᠪ ᠢ ᠪᠤᠶ ᠪᠣᠯᠭᠠᠨ᠎ᠠ ᠭᠡᠵᠦ ᠳᠤᠷᠠᠳᠪᠠ᠃     ᠲᠥᠯᠥᠪᠯᠡᠭᠡ ᠨᠢ ᠪᠠᠰᠠ ᠪᠣᠳᠣᠯᠲᠠ ᠶᠢᠨ ᠴᠢᠳᠠᠪᠤᠷᠢ ᠶᠢᠨ ᠶᠡᠷᠦᠩᠬᠡᠶᠢᠯᠡᠭᠰᠡᠨ ᠬᠠᠩᠭᠠᠯᠭ᠎ᠠ ᠶᠢᠨ ᠰᠢᠰᠲ᠋ᠧᠮ ᠢ ᠲᠡᠭᠦᠯᠳᠡᠷᠵᠢᠭᠦᠯᠬᠦ᠂ ᠪᠣᠳᠣᠯᠲᠠ ᠶᠢᠨ ᠴᠢᠳᠠᠪᠤᠷᠢ ᠶᠢᠨ ᠥᠨᠳᠥᠷ ᠪᠦᠲᠦᠮᠵᠢᠲᠡᠢ ᠵᠥᠭᠡᠭᠡᠪᠦᠷᠢᠯᠡᠬᠦ ᠴᠢᠳᠠᠪᠤᠷᠢ ᠶᠢ ᠳᠡᠭᠡᠭᠰᠢᠯᠡᠭᠦᠯᠭᠦ᠂ ᠨᠥᠭᠡᠴᠡ ᠬᠦᠴᠦᠨ ᠤ ᠥᠨᠳᠥᠷ ᠪᠦᠲᠦᠮᠵᠢᠲᠡᠢ ᠠᠮᠢᠳᠤᠯᠢᠭ ᠪᠠᠲᠤᠯᠠᠭ᠎ᠠ ᠶᠢ ᠴᠢᠩᠭᠠᠳᠬᠠᠬᠤ᠂ ᠪᠣᠳᠣᠯᠲᠠ ᠶᠢᠨ ᠴᠢᠳᠠᠪᠤᠷᠢ ᠣᠯᠭᠤᠬᠤ ᠠᠵᠢᠯ ᠲᠦᠷᠦᠯ ᠤᠨ ᠬᠡᠷᠡᠭᠯᠡᠭᠡ ᠶᠢ ᠭᠦᠨᠵᠡᠭᠡᠶᠢᠷᠡᠭᠦᠯᠬᠦ᠂ ᠪᠣᠬᠢᠷᠳᠤᠯ ᠦᠭᠡᠢ ᠪᠠᠭ᠎ᠠ  ᠨᠡᠭᠦᠷᠡᠰᠦᠲᠥ᠋ᠷᠥᠭᠴᠢᠲᠦ ᠪᠣᠳᠣᠯᠲᠠ ᠶᠢᠨ ᠴᠢᠳᠠᠪᠤᠷᠢ ᠶᠢᠨ ᠬᠥᠭᠵᠢᠯᠲᠡ ᠶᠢ ᠠᠬᠢᠭᠤᠯᠬᠤ᠂ ᠠᠮᠤᠷ ᠲᠦᠪᠰᠢᠨ ᠢ ᠪᠠᠲᠤᠯᠠᠬᠤ ᠴᠢᠳᠠᠪᠤᠷᠢ ᠶᠢᠨ ᠪᠠᠶᠢᠭᠤᠯᠤᠯᠲᠠ ᠶᠢ ᠴᠢᠩᠭᠠᠳᠬᠠᠬᠤ ᠵᠡᠷᠭᠡ ᠵᠢᠷᠭᠤᠭᠠᠨ ᠲᠠᠯ᠎ᠠ ᠪᠠᠷ 25 ᠵᠦᠢᠯ ᠤᠨ ᠭᠤᠣᠯᠳᠠᠯᠭ᠎ᠠ ᠲᠠᠢ ᠡᠭᠦᠷᠭᠡ ᠶᠢ ᠪᠠᠶᠢᠷᠢᠯᠠᠭᠤᠯᠪᠠ᠃     ᠣᠶᠢᠯᠠᠭᠠᠭᠰᠠᠨ ᠢᠶᠠᠷ᠂ ᠪᠣᠳᠣᠯᠲᠠ ᠶᠢᠨ  ᠴᠢᠳᠠᠪᠤᠷᠢ ᠪᠣᠯ ᠮᠡᠳᠡᠭᠡ ᠵᠠᠩᠭᠢ ᠶᠢᠨ ᠪᠣᠳᠣᠯᠲᠠ ᠶᠢᠨ ᠴᠢᠳᠠᠪᠤᠷᠢ᠂ ᠰᠦᠯᠵᠢᠶᠡᠨ ᠤ ᠠᠴᠢᠶᠠᠯᠠᠬᠤ ᠴᠢᠳᠠᠪᠤᠷᠢ᠂ ᠲᠤᠭ᠎ᠠ ᠪᠠᠷᠢᠮᠲᠠ ᠶᠢ ᠬᠠᠳᠠᠭᠠᠯᠠᠬᠤ ᠴᠢᠳᠠᠪᠤᠷᠢ ᠶᠢ ᠨᠢᠭᠡ ᠴᠣᠭᠴᠠᠵᠢᠭᠤᠯᠤᠭᠰᠠᠨ ᠰᠢᠨ᠎ᠡ ᠭᠡᠯᠪᠡᠷᠢ ᠶᠢᠨ ᠦᠢᠯᠡᠳᠪᠦᠷᠢᠯᠡᠯ ᠤᠨ ᠬᠦᠴᠦᠨ ᠢ ᠲᠥᠪᠯᠡᠷᠡᠭᠦᠯᠵᠦ᠂ ᠭᠤᠣᠯᠳᠠᠭᠤ ᠪᠣᠳᠣᠯᠲᠠ ᠶᠢᠨ  ᠬᠦᠴᠦᠨ ᠤ ᠰᠠᠭᠤᠷᠢ ᠲᠥᠬᠦᠭᠡᠷᠦᠮᠵᠢ ᠪᠠᠷ ᠳᠠᠮᠵᠢᠭᠤᠯᠤᠨ ᠨᠡᠶᠢᠭᠡᠮ ᠳᠤ ᠦᠢᠯᠡᠴᠢᠯᠡᠭᠡ ᠬᠠᠩᠭᠠᠬᠤ ᠶᠠᠪᠤᠳᠠᠯ ᠪᠣᠯᠣᠨ᠎ᠠ᠃ ᠪᠣᠳᠣᠯᠲᠠ ᠶᠢᠨ  ᠴᠢᠳᠠᠪᠤᠷᠢ ᠶᠢᠨ ᠰᠠᠭᠤᠷᠢ ᠲᠥᠬᠦᠭᠡᠷᠦᠮᠵᠢ ᠪᠣᠯ ᠲᠣᠭᠠᠴᠢᠯᠠᠭᠰᠠᠨ ᠠᠵᠤ ᠠᠬᠤᠢ ᠶᠢᠨ ᠬᠥᠭᠵᠢᠯᠲᠡ ᠶᠢ ᠲᠤᠯᠭᠠᠭᠤᠷᠢᠯᠠᠬᠤ ᠴᠢᠬᠤᠯᠠ ᠡᠬᠢ ᠪᠠᠶᠠᠯᠢᠭ ᠪᠠ ᠰᠠᠭᠤᠷᠢ ᠲᠥᠬᠦᠭᠡᠷᠦᠮᠵᠢ ᠮᠥᠨ᠂ ᠤᠯᠠᠨ ᠡᠰᠢᠵᠢᠭᠰᠡᠨ᠂ ᠣᠶᠤᠨᠴᠢᠯᠠᠭᠰᠠᠨ᠂ ᠬᠤᠷᠴᠠ ᠱᠠᠯᠠᠮᠠᠭᠠᠢ᠂ ᠠᠮᠤᠷ ᠲᠦᠪᠰᠢᠨ ᠨᠠᠶᠢᠳᠠᠪᠤᠷᠢᠲᠠᠢ᠂ ᠪᠣᠬᠢᠷᠳᠤᠯ ᠦᠭᠡᠢ ᠨᠡᠭᠦᠷᠡᠰᠦᠲᠥ᠋ᠷᠥᠭᠴᠢ ᠪᠠᠭ᠎ᠠ ᠭᠠᠳᠠᠭᠰᠢᠯᠠᠭᠤᠯᠬᠤ ᠵᠡᠷᠭᠡ ᠣᠨᠴᠠᠯᠢᠭ ᠲᠠᠢ ᠪᠠᠶᠢᠵᠤ᠂ ᠲᠣᠭᠠᠴᠢᠯᠠᠭᠰᠠᠨ ᠭᠡᠯᠪᠡᠷᠢ ᠲᠡᠶᠢᠰᠢ ᠬᠤᠪᠢᠷᠠᠭᠤᠯᠬᠤ᠂ ᠢᠷᠡᠭᠡᠳᠦᠢ ᠶᠢᠨ ᠠᠵᠤ ᠦᠢᠯᠡᠰ ᠢ ᠪᠣᠶᠢᠵᠢᠭᠤᠯᠬᠤ  ᠵᠢᠴᠢ ᠠᠵᠤ ᠠᠬᠤᠢ ᠶᠢᠨ ᠬᠥᠭᠵᠢᠯᠲᠡ ᠶᠢᠨ ᠰᠢᠨ᠎ᠡ ᠬᠥᠳᠡᠯᠭᠡᠬᠦ ᠡᠨᠧᠷᠭᠢ ᠶᠢ ᠪᠦᠷᠢᠯᠳᠦᠭᠦᠯᠬᠦ ᠵᠡᠷᠭᠡ ᠲᠠᠯ᠎ᠠ ᠪᠠᠷ ᠴᠢᠬᠤᠯᠠ ᠦᠢᠯᠡᠳᠦᠯ ᠲᠠᠢ ᠶᠤᠮ᠃
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号