ᠠᠯᠠᠱᠠ ᠠᠶᠢᠮᠠᠭ ᠤᠨ ᠳᠤᠮᠳᠠᠳᠤ ᠪᠠᠭ᠎ᠠ ᠰᠤᠷᠭᠠᠭᠤᠯᠢ ᠬᠡᠦᠬᠡᠳ ᠤᠨ ᠴᠡᠴᠡᠷᠯᠢᠭ ᠤᠨ ᠪᠠᠭᠰᠢ ᠶᠢᠨ ᠠᠮᠵᠢᠯᠲᠠ ᠪᠦᠲᠦᠮᠵᠢ ᠶᠢᠨ ᠴᠠᠯᠢᠩ ᠤᠨ ᠬᠡᠷᠡᠭᠵᠢᠭᠦᠯᠬᠦ ᠲᠥᠰᠦᠯ
ᠨᠡᠶᠢᠲᠡᠯᠡᠭᠰᠡᠨ ᠴᠠᠭ᠄
2023/1/28
    ᠠᠮᠵᠢᠯᠲᠠ ᠪᠦᠲᠦᠮᠵᠢ ᠶᠢᠨ ᠴᠠᠯᠢᠩ ᠤᠨ ᠤᠷᠮᠠᠰᠢᠭᠤᠯᠬᠤ ᠤᠳᠤᠷᠢᠳᠤᠮᠵᠢ ᠶᠢᠨ ᠦᠢᠯᠡᠳᠦᠯ ᠢ ᠤᠯᠠᠮ ᠨᠢᠭᠡ ᠠᠯᠬᠤᠮ ᠪᠠᠳᠠᠷᠠᠭᠤᠯᠬᠤ ᠶᠢᠨ ᠲᠤᠰᠠᠳᠠ᠂ ᠳᠤᠮᠳᠠᠳᠤ ᠪᠠᠭ᠎ᠠ ᠰᠤᠷᠭᠠᠭᠤᠯᠢ ᠬᠡᠦᠬᠡᠳ ᠤᠨ ᠴᠡᠴᠡᠷᠯᠢᠭ ᠤᠨ ᠥᠷᠭᠡᠨ ᠣᠯᠠᠨ ᠪᠠᠭᠰᠢ ᠠᠵᠢᠯᠲᠠᠨ ᠤ ᠠᠵᠢᠯ ᠤᠨ ᠢᠳᠡᠪᠬᠢᠵᠢᠯ ᠪᠠ ᠰᠠᠨᠠᠭᠠᠴᠢᠯᠠᠭᠠᠲᠤ ᠴᠢᠨᠠᠷ ᠢ ᠬᠦᠢᠴᠡᠳ ᠳᠠᠶᠢᠴᠢᠯᠠᠵᠦ᠂ ᠪᠥᠬᠦ ᠠᠶᠢᠮᠠᠭ ᠤᠨ ᠰᠤᠷᠭᠠᠨ ᠬᠥᠮᠦᠵᠢᠯ ᠤᠨ ᠦᠢᠯᠡᠰ ᠤᠨ ᠴᠢᠨᠠᠷ ᠰᠠᠶᠢᠲᠠᠶ ᠬᠥᠭᠵᠢᠯᠲᠡ ᠶᠢ ᠠᠬᠢᠭᠤᠯᠣᠨ᠂ ︽ᠠᠵᠢᠯ ᠦᠢᠯᠡᠰ ᠤᠨ ᠨᠢᠭᠡᠴᠡ ᠳᠤ ᠠᠮᠵᠢᠯᠲᠠ ᠪᠦᠲᠦᠮᠵᠢ ᠶᠢᠨ ᠴᠠᠯᠢᠩ ᠢ ᠬᠡᠷᠡᠭᠵᠢᠭᠦᠯᠬᠦ ᠲᠤᠬᠠᠶ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠰᠠᠨᠠᠯ︾ ︵ᠥᠪᠥᠷ ᠵᠠᠰᠠᠭ ᠲᠠᠷᠬᠠᠭᠠᠭᠰᠠᠨ ﹇2011﹈ 125 ᠳ᠋ᠣᠭᠠᠷ ᠲᠣᠭᠠᠲᠤ︶ ᠢ ᠦᠨᠳᠦᠰᠦᠯᠡᠨ᠂ ︽ᠰᠢᠨ᠎ᠡ ᠴᠠᠭ ᠦᠶ᠎ᠡ ᠶᠢᠨ ᠪᠠᠭᠰᠢ ᠶᠢᠨ ᠡᠩᠨᠡᠭᠡ ᠶᠢᠨ ᠪᠠᠶᠢᠭᠤᠯᠤᠯᠲᠠ ᠶᠢᠨ ᠥᠭᠡᠷᠡᠴᠢᠯᠡᠯᠲᠡ ᠶᠢ ᠪᠥᠬᠦ ᠲᠠᠯ᠎ᠠ ᠪᠠᠷ ᠭᠦᠨᠵᠡᠭᠡᠶᠢᠷᠡᠭᠦᠯᠬᠦ ᠲᠤᠬᠠᠶ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠠᠷᠠᠳ ᠤᠨ ᠵᠠᠰᠠᠭ ᠤᠨ ᠣᠷᠳᠣᠨ ᠤ ᠬᠡᠷᠡᠭᠵᠢᠭᠦᠯᠬᠦ ᠰᠠᠨᠠᠯ︾ ︵ᠥᠪᠥᠷ ᠨᠠᠮ ᠲᠠᠷᠬᠠᠭᠠᠭᠰᠠᠨ ﹇2018﹈ 18 ᠳ᠋ᠤᠭᠠᠷ ᠲᠣᠭᠠᠲᠤ︶ ᠪᠠ ︽ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ ᠳᠤᠮᠳᠠᠳᠤ ᠪᠠᠭ᠎ᠠ ᠰᠤᠷᠭᠠᠭᠤᠯᠢ ᠶᠢᠨ ᠰᠤᠷᠭᠠᠭᠤᠯᠢ ᠡᠷᠭᠢᠯᠡᠬᠦ ᠠᠮᠢᠵᠢᠷᠠᠯ ᠤᠨ ᠬᠦᠴᠦᠨ ᠢ ᠤᠯᠠᠮ ᠨᠢᠭᠡ ᠠᠯᠬᠤᠮ ᠬᠥᠭᠵᠢᠭᠡᠬᠦ ᠲᠤᠬᠠᠶ ᠬᠡᠷᠡᠭᠵᠢᠭᠦᠯᠬᠦ ᠰᠠᠨᠠᠯ︾ ︵ᠥᠪᠥᠷ ᠰᠤᠷᠭᠠᠨ ᠲᠠᠷᠬᠠᠭᠠᠭᠰᠠᠨ ﹇2021﹈ 8 ᠳ᠋ᠤᠭᠠᠷ ᠲᠣᠭᠠᠲᠤ︶ ᠤᠨ ᠵᠣᠷᠢᠭ ᠰᠠᠨᠠᠭ᠎ᠠ ᠶᠢ ᠦᠨᠳᠦᠰᠦᠯᠡᠨ᠂ ᠮᠠᠨ ᠤ ᠠᠶᠢᠮᠠᠭ ᠤᠨ ᠰᠤᠷᠭᠠᠨ ᠬᠥᠮᠦᠵᠢᠯ ᠤᠨ ᠪᠣᠳᠠᠲᠠᠶ ᠲᠠᠢ ᠣᠶᠠᠯᠳᠣᠭᠤᠯᠣᠨ᠂ ᠣᠨᠴᠣᠭᠤᠶᠢᠯᠠᠨ ᠲᠣᠰ ᠬᠡᠷᠡᠭᠵᠢᠭᠦᠯᠬᠦ ᠲᠥᠰᠦᠯ ᠢ ᠲᠣᠭᠲᠠᠭᠠᠪᠠ᠃    ᠨᠢᠭᠡ᠂ ᠦᠨᠳᠦᠰᠦᠨ ᠵᠠᠷᠴᠢᠮ    ︵ᠨᠢᠭᠡ︶ ︽ᠠᠮᠵᠢᠯᠲᠠ ᠪᠦᠲᠦᠮᠵᠢ ᠪᠠᠷ ᠴᠠᠯᠢᠩ ᠢ ᠲᠣᠭᠲᠠᠭᠠᠬᠤ᠂ ᠬᠠᠷᠢᠭᠤᠴᠠᠯᠭ᠎ᠠ ᠪᠠ ᠴᠠᠯᠢᠩ ᠢ ᠨᠢᠭᠡᠳᠦᠯᠲᠡᠶ ᠪᠠᠶᠢᠯᠭᠠᠬᠤ᠂ ᠢᠯᠡᠭᠦᠦ ᠬᠥᠳᠡᠯᠮᠦᠷᠢᠯᠡᠪᠡᠯ ᠢᠯᠡᠭᠦᠦ ᠣᠯᠭᠤᠬᠤ᠂ ᠰᠢᠯᠢᠳᠡᠭ ᠠᠮᠵᠢᠯᠲᠠ ᠪᠦᠲᠦᠮᠵᠢ ᠲᠠᠢ ᠪᠣᠯ ᠢᠯᠡᠭᠦᠦ ᠬᠥᠯᠥᠰᠥ ᠣᠯᠭᠤᠮᠵᠢ ᠣᠯᠭᠤᠬᠤ︾ ᠵᠠᠷᠴᠢᠮ ᠢ ᠪᠠᠷᠢᠮᠲᠠᠯᠠᠨ᠂ ᠠᠮᠵᠢᠯᠲᠠ ᠪᠦᠲᠦᠮᠵᠢ ᠶᠢᠨ ᠴᠠᠯᠢᠩ ᠢ ᠨᠢᠭᠡᠳᠦᠭᠡᠷ ᠹᠷᠣᠨᠲ ᠤᠨ ᠪᠠᠭᠰᠢ᠂ ᠭᠤᠣᠯᠯᠠᠭᠴᠢ ᠪᠠᠭᠰᠢ ᠲᠡᠰᠢ ᠬᠡᠯᠪᠠᠶᠢᠯᠭᠡᠵᠦ᠂     ︽ᠢᠯᠡᠭᠦᠦ ᠬᠢᠬᠦ ᠳᠤᠲᠠᠭᠤ ᠬᠢᠬᠦ᠂ ᠰᠠᠶᠢᠨ ᠬᠢᠬᠦ ᠮᠠᠭᠤ ᠬᠢᠬᠦ‍ ᠨᠢᠭᠡ ᠯᠡ ᠶᠠᠩᠵᠤ ᠶᠢᠨ ᠪᠠᠶᠢᠬᠤ︾ ᠠᠰᠠᠭᠤᠳᠠᠯ ᠢ  ᠰᠢᠢᠳᠪᠦᠷᠢᠯᠡᠨ᠎ᠡ᠃    ︵ᠬᠤᠶᠠᠷ︶ ᠢᠯᠡ ᠲᠣᠳᠣ᠂ ᠡᠷᠬᠡ ᠲᠡᠭᠰᠢ᠂ ᠲᠥᠪ ᠭᠤᠤᠯᠴᠢ ᠪᠠᠶᠢᠬᠤ ᠵᠠᠷᠴᠢᠮ ᠢ ᠪᠠᠷᠢᠮᠲᠠᠯᠠᠨ᠂ ᠠᠵᠢᠯ ᠤᠨ ᠠᠮᠵᠢᠯᠲᠠ ᠪᠦᠲᠦᠮᠵᠢ ᠶᠢ ᠰᠢᠯᠭᠠᠨ ᠬᠢᠨᠠᠬᠤ ᠤᠷᠮᠠᠰᠢᠭᠤᠯᠬᠤ ᠤᠳᠤᠷᠢᠳᠤᠮᠵᠢ ᠶᠢᠨ ᠦᠢᠯᠡᠳᠦᠯ ᠢ ᠬᠦᠢᠴᠡᠳ ᠪᠠᠳᠠᠷᠠᠭᠤᠯᠵᠤ᠂ ᠪᠠᠭᠰᠢ ᠶᠢ ᠳᠠᠶᠢᠴᠢᠯᠠᠨ ᠶᠣᠰᠣ ᠰᠤᠷᠲᠠᠬᠤᠨ ᠢᠶᠠᠷ ᠬᠥᠮᠦᠨ ᠢ ᠬᠥᠮᠦᠵᠢᠭᠦᠯᠬᠦ ᠶᠢ ᠪᠠᠷᠢᠮᠲᠠᠯᠠᠨ᠂ ᠰᠤᠷᠭᠠᠨ ᠬᠥᠮᠦᠵᠢᠯ ᠵᠢᠭᠠᠨ ᠰᠤᠷᠭᠠᠯᠲᠠ ᠶᠢᠨ ᠬᠢᠷᠢ ᠬᠡᠮᠵᠢᠶ᠎ᠡ ᠶᠢ ᠲᠠᠰᠤᠷᠠᠯᠲᠠ ᠥᠬᠡᠶ ᠳᠡᠭᠡᠭᠰᠢᠯᠡᠭᠦᠯᠵᠦ᠂ ᠰᠤᠷᠤᠭᠴᠢᠳ ᠤᠨ ᠶᠣᠰᠣ ᠮᠣᠷᠠᠯ ᠣᠶᠤᠨ ᠤᠬᠠᠭᠠᠨ ᠪᠡᠶ᠎ᠡ ᠮᠠᠬᠠᠪᠣᠳ ᠭᠤᠸ᠎ᠠ ᠰᠠᠶᠢᠬᠠᠨ ᠬᠥᠳᠡᠯᠮᠦᠷᠢ ᠪᠥᠬᠦ ᠲᠠᠯ᠎ᠠ ᠪᠠᠷ ᠬᠥᠭᠵᠢᠬᠦ᠂ ᠥᠪᠡᠷᠮᠢᠴᠡ ᠣᠨᠴᠠᠯᠢᠭ ᠲᠠᠢ ᠪᠠᠷ ᠦᠰᠦᠨ ᠪᠤᠶᠢᠵᠢᠬᠤ ᠶᠢ ᠨᠠᠩ ᠰᠠᠶᠢᠲᠤᠷ ᠠᠬᠢᠭᠤᠯᠤᠨ᠎ᠠ᠃    ︵ᠭᠤᠷᠪᠠ︶ ᠠᠮᠵᠢᠯᠲᠠ ᠪᠦᠲᠦᠮᠵᠢ ᠶᠢᠨ ᠴᠠᠯᠢᠩ ᠤᠨ ᠥᠭᠡᠷᠡᠴᠢᠯᠡᠯᠲᠡ ᠶᠢ ᠬᠡᠷᠡᠭᠵᠢᠭᠦᠯᠬᠦ ᠶᠢ ᠣᠳᠣ ᠦᠶ᠎ᠡ ᠶᠢᠨ ᠰᠤᠷᠭᠠᠭᠤᠯᠢ ᠶᠢᠨ ᠳᠦᠷᠢᠮ ᠤᠨ ᠪᠠᠶᠢᠭᠤᠯᠤᠯᠲᠠ ᠲᠠᠢ ᠤᠶᠠᠯᠳᠤᠭᠤᠯᠬᠤ ᠶᠢ ᠪᠠᠷᠢᠮᠲᠠᠯᠠᠨ᠂ ᠬᠢᠨᠠᠨ ᠰᠢᠯᠭᠠᠵᠤ ᠬᠤᠪᠢᠶᠠᠷᠢᠯᠠᠬᠤ ᠲᠣᠭᠲᠠᠴᠠ ᠶᠢ ᠲᠡᠭᠦᠯᠳᠡᠷᠵᠢᠭᠦᠯᠵᠦ᠂ ᠣᠷᠣᠯᠭ᠎ᠠ ᠶᠢᠨ ᠬᠤᠪᠢᠶᠠᠷᠢᠯᠠᠯᠲᠠ ᠶᠢᠨ ᠵᠢᠷᠤᠮᠵᠢᠭᠤᠯᠤᠯᠲᠠ᠂ ᠰᠢᠨᠵᠢᠯᠡᠬᠦ ᠤᠬᠠᠭᠠᠨᠴᠢᠯᠠᠯᠲᠠ᠂ ᠳᠦᠷᠢᠮᠵᠢᠭᠦᠯᠦᠯᠲᠡ ᠶᠢ ᠪᠡᠶᠡᠯᠡᠭᠦᠯᠬᠦ ᠬᠡᠷᠡᠭᠲᠡᠶ᠃    ᠬᠤᠶᠠᠷ᠂ ᠬᠡᠷᠡᠭᠵᠢᠭᠦᠯᠬᠦ ᠬᠡᠪᠴᠢᠶ᠎ᠡ    ᠪᠦᠬᠦ ᠠᠶᠢᠮᠠᠭ ᠤᠨ ᠡᠯ᠎ᠡ ᠠᠯᠪᠠᠨ ᠠᠴᠠ ᠡᠷᠬᠢᠯᠡᠭᠰᠡᠨ ᠳᠤᠮᠳᠠᠳᠤ ᠪᠠᠭ᠎ᠠ ᠰᠤᠷᠭᠠᠭᠤᠯᠢ᠂ ᠳᠤᠮᠳᠠ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ᠂ ᠬᠡᠦᠬᠡᠳ ᠤᠨ ᠴᠡᠴᠡᠷᠯᠢᠭ ᠤᠨ ᠠᠵᠢᠯ ᠤᠨ ᠪᠠᠶᠢᠷᠢ ᠳᠤ ᠪᠠᠶᠢᠭ᠎ᠠ ᠳᠠᠩᠰᠠᠨ ᠳᠤ ᠪᠠᠶᠢᠭ᠎ᠠ ᠪᠠᠭᠰᠢ ᠠᠵᠢᠯᠲᠠᠨ ᠠᠵᠢᠯᠴᠢᠨ᠃    ᠭᠤᠷᠪᠠ᠂ ᠠᠮᠵᠢᠯᠲᠠ ᠪᠦᠲᠦᠮᠵᠢ ᠶᠢᠨ ᠴᠠᠯᠢᠩ ᠢ ᠬᠢᠨᠠᠨ ᠲᠣᠭᠲᠠᠭᠠᠬᠤ    ︵ᠨᠢᠭᠡ︶ ᠠᠮᠵᠢᠯᠲᠠ ᠪᠦᠲᠦᠮᠵᠢ ᠶᠢᠨ ᠴᠠᠯᠢᠩ ᠤᠨ ᠶᠡᠷᠦᠩᠬᠡᠶ ᠬᠡᠮᠵᠢᠶ᠎ᠡ ᠶᠢ ᠬᠢᠨᠠᠨ ᠲᠣᠭᠲᠠᠭᠠᠨ᠎ᠠ ᠠᠮᠵᠢᠯᠲᠠ ᠪᠦᠲᠦᠮᠵᠢ ᠶᠢᠨ ᠴᠠᠯᠢᠩ ᠤᠨ ᠶᠡᠷᠦᠩᠬᠡᠶ ᠬᠡᠮᠵᠢᠶ᠎ᠡ ᠨᠢ ᠰᠤᠷᠭᠠᠭᠤᠯᠢ ᠶᠢᠨ ᠠᠵᠢᠯᠲᠠᠨ ᠤ ᠳᠡᠭᠡᠷ᠎ᠡ ᠵᠢᠯ ᠤᠨ 12 ᠳ᠋ᠣᠭᠠᠷ ᠰᠠᠷ᠎ᠠ ᠶᠢᠨ ᠦᠨᠳᠦᠰᠦᠨ ᠴᠠᠯᠢᠩ ︵ᠠᠵᠢᠯ ᠤᠨ ᠪᠠᠶᠢᠷᠢ ᠶᠢᠨ ᠴᠠᠯᠢᠩ ᠬᠢᠭᠡᠳ ᠲᠠᠰ ᠤᠨ ᠴᠠᠯᠢᠩ ᠤᠨ ᠨᠡᠶᠢᠯᠡᠪᠦᠷᠢ︶ ᠤᠨ ᠲᠤᠭ᠎ᠠ ᠬᠡᠮᠵᠢᠶ᠎ᠡ ᠪᠣᠯᠤᠨ ᠵᠢᠷᠤᠮᠵᠢᠭᠤᠯᠤᠭᠰᠠᠨ ᠤ ᠳᠠᠷᠠᠭᠠᠬᠢ ᠨᠡᠮᠡᠭᠦᠷᠢ ᠨᠥᠬᠦᠪᠥᠷᠢ ᠶᠢᠨ ᠲᠤᠭ᠎ᠠ ᠬᠡᠮᠵᠢᠶ᠎ᠡ ᠪᠠᠷ ᠪᠦᠷᠢᠯᠳᠦᠵᠦ᠂ ᠠᠮᠵᠢᠯᠲᠠ ᠪᠦᠲᠦᠮᠵᠢ ᠶᠢᠨ ᠴᠠᠯᠢᠩ ᠢ ᠰᠠᠭᠤᠷᠢ ᠴᠢᠨᠠᠷᠲᠠᠶ ᠠᠮᠵᠢᠯᠲᠠ ᠪᠦᠲᠦᠮᠵᠢ ᠶᠢᠨ ᠴᠠᠯᠢᠩ ᠪᠣᠯᠤᠨ ᠱᠠᠩᠨᠠᠯ ᠤᠨ ᠴᠢᠨᠠᠷᠲᠠᠶ ᠠᠮᠵᠢᠯᠲᠠ ᠪᠦᠲᠦᠮᠵᠢ ᠶᠢᠨ ᠴᠠᠯᠢᠩ ᠭᠡᠵᠦ ᠬᠤᠪᠢᠶᠠᠨ᠎ᠠ᠃   ︵ᠬᠤᠶᠠᠷ︶ ᠨᠢᠭᠡᠳᠦᠭᠡᠷ ᠹᠷᠣᠨᠲ ᠤᠨ ᠪᠠᠭᠰᠢ ᠶᠢᠨ ᠠᠵᠢᠯ ᠤᠨ ᠠᠮᠵᠢᠯᠲᠠ ᠪᠦᠲᠦᠮᠵᠢ ᠶᠢᠨ ᠴᠠᠯᠢᠩ ᠤᠨ ᠨᠡᠮᠡᠭᠳᠡᠯ ᠤᠨ ᠬᠡᠰᠡᠭ ᠢ ᠬᠠᠷᠭᠤᠭᠤᠯᠤᠨ ᠲᠣᠭᠲᠠᠭᠠᠨ᠎ᠠ ᠠᠮᠵᠢᠯᠲᠠ ᠪᠦᠲᠦᠮᠵᠢ ᠶᠢᠨ ᠴᠠᠯᠢᠩ ᠤᠨ ᠨᠡᠮᠡᠭᠳᠡᠯ ᠤᠨ ᠬᠡᠰᠡᠭ ᠢ ᠠᠮᠵᠢᠯᠲᠠ ᠪᠦᠲᠦᠮᠵᠢ ᠶᠢᠨ ᠴᠠᠯᠢᠩ ᠤᠨ ᠦᠨᠳᠦᠰᠦᠨ ᠪᠠᠷᠢᠮᠵᠢᠶᠠᠨ ᠤ ᠱᠤᠭᠤᠮ ᠳᠤ ᠬᠦᠷᠲᠡᠯ᠎ᠡ 1 . 3 ᠳᠠᠬᠢᠨ ᠠᠴᠠ 2 . 5 ᠳᠠᠬᠢᠨ ᠢᠶᠠᠷ ᠳᠡᠭᠡᠭᠰᠢᠯᠡᠭᠦᠯᠦᠨ ᠬᠢᠨᠠᠨ ᠲᠣᠭᠲᠠᠭᠠᠵᠤ᠂ ᠪᠣᠳᠠᠲᠤ ᠪᠠᠶᠢᠳᠠᠯ ᠢᠶᠠᠨ ᠦᠨᠳᠦᠰᠦᠯᠡᠨ᠂ ᠲᠦᠷ 1 . 3 ᠳᠠᠬᠢᠨ ᠢᠶᠠᠷ ᠬᠢᠨᠠᠨ ᠲᠣᠭᠲᠠᠭᠠᠵᠤ᠂ ᠨᠥᠬᠦᠴᠡᠯ ᠲᠠᠢ ᠬᠤᠰᠢᠭᠤ ᠣᠷᠣᠨ ᠨᠢ ᠪᠣᠳᠠᠲᠤ ᠪᠠᠶᠢᠳᠠᠯ ᠲᠠᠢ ᠪᠠᠨ ᠤᠶᠠᠯᠳᠤᠭᠤᠯᠤᠨ ᠠᠯᠬᠤᠮ ᠠᠯᠬᠤᠮ ᠢᠶᠠᠷ ᠳᠡᠭᠡᠭᠰᠢᠯᠡᠭᠦᠯᠵᠦ ᠪᠣᠯᠤᠨ᠎ᠠ᠂ ᠭᠡᠪᠡᠴᠦ ᠬᠠᠮᠤᠭ ᠤᠨ ᠥᠨᠳᠥᠷ ᠲᠡᠭᠡᠨ 2 . 5 ᠳᠠᠬᠢᠨ ᠠᠴᠠ ᠬᠡᠲᠦᠷᠡᠭᠦᠯᠵᠦ ᠪᠣᠯᠬᠤ ᠦᠭᠡᠶ᠃ ᠪᠣᠳᠠᠲᠠᠶ ᠪᠠᠷ ᠡᠯ᠎ᠡ ᠱᠠᠲᠤᠨ ᠤ ᠡᠳ᠋ ᠤᠨ ᠵᠠᠰᠠᠭ᠂ ᠬᠥᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠰᠠᠯᠠᠭ᠎ᠠ ᠮᠥᠴᠢᠷ ᠠᠴᠠ ᠪᠣᠳᠠᠲᠤ ᠪᠠᠶᠢᠳᠠᠯ ᠲᠠᠢ ᠪᠠᠨ ᠤᠶᠠᠯᠳᠤᠭᠤᠯᠤᠨ ᠠᠮᠵᠢᠯᠲᠠ ᠪᠦᠲᠦᠮᠵᠢ ᠶᠢᠨ ᠴᠠᠯᠢᠩ ᠤᠨ ᠨᠡᠮᠡᠭᠳᠡᠬᠦ ᠬᠡᠰᠡᠭ ᠢ ᠬᠢᠨᠠᠨ ᠲᠣᠭᠲᠠᠭᠠᠨ᠎ᠠ᠃    ︵ᠭᠤᠷᠪᠠ︶ ᠨᠠᠮ ᠤᠨ ᠵᠣᠬᠢᠶᠠᠨ ᠪᠠᠶᠢᠭᠤᠯᠤᠯᠲᠠ ᠶᠢᠨ ᠱᠦᠵᠢ᠂ ᠰᠤᠷᠭᠠᠭᠤᠯᠢ ︵ᠴᠡᠴᠡᠷᠯᠢᠭ︶ ᠶᠢᠨ ᠳᠠᠷᠤᠭ᠎ᠠ ᠶᠢᠨ ᠠᠵᠢᠯ ᠤᠨ ᠠᠮᠵᠢᠯᠲᠠ ᠪᠦᠲᠦᠮᠵᠢ ᠶᠢᠨ ᠴᠠᠯᠢᠩ ᠤᠨ ᠨᠡᠮᠡᠭᠳᠡᠯ ᠤᠨ ᠬᠡᠮᠵᠢᠶ᠎ᠡ ᠶᠢ ᠬᠠᠷᠭᠤᠭᠤᠯᠤᠨ ᠲᠣᠭᠲᠠᠭᠠᠨ᠎ᠠ ᠰᠤᠷᠭᠠᠭᠤᠯᠢ ᠶᠢᠨ ᠨᠠᠮ ᠤᠨ ᠵᠣᠬᠢᠶᠠᠨ ᠪᠠᠶᠢᠭᠤᠯᠤᠯᠲᠠ ᠶᠢᠨ ᠱᠦᠵᠢ ᠪᠠ ᠰᠤᠷᠭᠠᠭᠤᠯᠢ ᠶᠢᠨ ᠵᠠᠬᠢᠷᠤᠯ ᠤᠨ ᠠᠵᠢᠯ ᠤᠨ ᠠᠮᠵᠢᠯᠲᠠ ᠪᠦᠲᠦᠮᠵᠢ ᠶᠢᠨ ᠴᠠᠯᠢᠩ ᠤᠨ ᠨᠡᠮᠡᠭᠳᠡᠯ ᠤᠨ ᠬᠡᠰᠡᠭ ᠢ ᠠᠵᠢᠯ ᠤᠨ ᠠᠮᠵᠢᠯᠲᠠ ᠪᠦᠲᠦᠮᠵᠢ ᠶᠢᠨ ᠴᠠᠯᠢᠩ ᠤᠨ ᠦᠨᠳᠦᠰᠦᠨ ᠪᠠᠷᠢᠮᠵᠢᠶ᠎ᠠ ᠶᠢᠨ ᠱᠤᠭᠤᠮ ᠤᠨ 1 . 5 ᠳᠠᠬᠢᠨ ᠠᠴᠠ 2 . 5 ᠳᠠᠬᠢᠨ ᠪᠣᠯᠲᠠᠯ᠎ᠠ ᠳᠡᠭᠡᠭᠰᠢᠯᠡᠭᠦᠯᠵᠦ᠂ ᠮᠠᠨ ᠤ ᠠᠶᠢᠮᠠᠭ ᠤᠨ ᠪᠣᠳᠠᠲᠤ ᠪᠠᠶᠢᠳᠠᠯ ᠢ ᠦᠨᠳᠦᠰᠦᠯᠡᠨ᠂ ᠲᠦᠷ 1 . 5 ᠳᠠᠬᠢᠨ ᠢᠶᠠᠷ ᠬᠢᠨᠠᠨ ᠲᠣᠭᠲᠠᠭᠠᠵᠤ᠂ ᠨᠥᠬᠦᠴᠡᠯ ᠲᠠᠢ ᠬᠤᠰᠢᠭᠤ ︵ᠣᠷᠣᠨ︶ ᠨᠢ ᠪᠣᠳᠠᠲᠠᠶ ᠲᠠᠢ ᠪᠠᠨ ᠤᠶᠠᠯᠳᠤᠭᠤᠯᠤᠨ ᠠᠯᠬᠤᠮ ᠠᠯᠬᠤᠮ ᠢᠶᠠᠷ ᠳᠡᠭᠡᠭᠰᠢᠯᠡᠭᠦᠯᠵᠦ ᠪᠣᠯᠤᠨ᠎ᠠ᠂ ᠭᠡᠪᠡᠴᠦ ᠬᠠᠮᠤᠭ ᠤᠨ ᠥᠨᠳᠥᠷ ᠲᠡᠭᠡᠨ 2 . 5 ᠳᠠᠬᠢᠨ ᠠᠴᠠ ᠬᠡᠲᠦᠷᠡᠭᠦᠯᠵᠦ ᠪᠣᠯᠬᠤ ᠥᠬᠡᠶ᠃     ᠳᠥᠷᠪᠡ᠂ ᠠᠮᠵᠢᠯᠲᠠ ᠪᠦᠲᠦᠮᠵᠢ ᠶᠢᠨ ᠴᠠᠯᠢᠩ ᠣᠯᠭᠤᠬᠤ ᠠᠷᠭ᠎ᠠ     ︵ᠨᠢᠭᠡ︶ ᠦᠰᠬᠡᠬᠦ ᠠᠴᠠ ᠡᠮᠦᠨᠡᠬᠢ ᠠᠮᠵᠢᠯᠲᠠ ᠪᠦᠲᠦᠮᠵᠢ ᠶᠢᠨ ᠴᠠᠯᠢᠩ ᠣᠯᠭᠤᠬᠤ ᠠᠷᠭ᠎ᠠ    1 . ᠰᠠᠭᠤᠷᠢ ᠴᠢᠨᠠᠷᠲᠠᠶ ᠠᠮᠵᠢᠯᠲᠠ ᠪᠦᠲᠦᠮᠵᠢ ᠶᠢᠨ ᠴᠠᠯᠢᠩ᠃ ᠠᠯᠪᠠᠨ ᠵᠢᠷᠤᠮ ᠤᠨ ᠰᠤᠷᠭᠠᠨ ᠬᠥᠮᠦᠵᠢᠯ ᠤᠨ ᠱᠠᠲᠤ ᠦᠶ᠎ᠡ ᠳᠠᠬᠢ ᠪᠠᠭᠰᠢ ᠠᠵᠢᠯᠲᠠᠨ ᠠᠵᠢᠯᠴᠢᠨ ᠤ ᠰᠠᠭᠤᠷᠢ ᠴᠢᠨᠠᠷᠲᠠᠶ ᠠᠵᠢᠯ ᠤᠨ ᠠᠮᠵᠢᠯᠲᠠ ᠪᠦᠲᠦᠮᠵᠢ ᠶᠢᠨ ᠴᠠᠯᠢᠩ ᠨᠢ ᠠᠵᠢᠯ ᠤᠨ ᠠᠮᠵᠢᠯᠲᠠ ᠪᠦᠲᠦᠮᠵᠢ ᠶᠢᠨ ᠴᠠᠯᠢᠩ ᠤᠨ ᠶᠡᠷᠦᠩᠬᠡᠶ ᠬᠡᠮᠵᠢᠶ᠎ᠡ ᠶᠢᠨ 70 % ᠶᠢ ᠡᠵᠡᠯᠡᠵᠦ᠂ ᠠᠯᠪᠠᠨ ᠵᠢᠷᠤᠮ ᠤᠨ ᠪᠤᠰᠤ ᠰᠤᠷᠭᠠᠨ ᠬᠥᠮᠦᠵᠢᠯ ᠤᠨ ᠱᠠᠲᠤ ᠦᠶ᠎ᠡ ᠳᠠᠬᠢ ᠪᠠᠭᠰᠢ ᠠᠵᠢᠯᠲᠠᠨ ᠠᠵᠢᠯᠴᠢᠨ ᠤ ᠰᠠᠭᠤᠷᠢ ᠴᠢᠨᠠᠷᠲᠠᠶ ᠠᠵᠢᠯ ᠤᠨ ᠠᠮᠵᠢᠯᠲᠠ ᠪᠦᠲᠦᠮᠵᠢ ᠶᠢᠨ ᠴᠠᠯᠢᠩ ᠨᠢ ᠠᠵᠢᠯ ᠤᠨ ᠠᠮᠵᠢᠯᠲᠠ ᠪᠦᠲᠦᠮᠵᠢ ᠶᠢᠨ ᠴᠠᠯᠢᠩ ᠤᠨ ᠶᠡᠷᠦᠩᠬᠡᠶ ᠬᠡᠮᠵᠢᠶ᠎ᠡ ᠶᠢᠨ 60 % ᠶᠢ ᠡᠵᠡᠯᠡᠨ᠂ ᠲᠣᠭᠲᠠᠭᠠᠭᠰᠠᠨ ᠪᠠᠷᠢᠮᠵᠢᠶ᠎ᠠ ᠶᠣᠰᠣᠭᠠᠷ ᠰᠠᠷ᠎ᠠ ᠳᠠᠷᠠᠭᠠᠯᠠᠨ ᠣᠯᠭᠤᠨ᠎ᠠ᠃    2 . ᠱᠠᠩᠨᠠᠯ  ᠤᠨ ᠴᠢᠨᠠᠷᠲᠠᠶ ᠠᠮᠵᠢᠯᠲᠠ ᠪᠦᠲᠦᠮᠵᠢ ᠶᠢᠨ ᠴᠠᠯᠢᠩ᠃ ᠰᠤᠷᠭᠠᠭᠤᠯᠢ  ᠨᠢ ᠠᠵᠢᠯ  ᠤᠨ ᠪᠣᠳᠠᠲᠠᠶ  ᠲᠠᠢ ᠪᠠᠨ ᠤᠶᠠᠯᠳᠤᠭᠤᠯᠤᠨ᠂ ᠵᠣᠬᠢᠬᠤ ᠰᠢᠯᠭᠠᠨ ᠬᠢᠨᠠᠬᠤ ᠬᠡᠷᠡᠭᠵᠢᠭᠦᠯᠬᠦ ᠨᠠᠷᠢᠨ ᠲᠦᠷᠢᠮ  ᠢ ᠲᠣᠭᠲᠠᠭᠠᠵᠤ᠂ ᠪᠠᠭᠰᠢ ᠠᠵᠢᠯᠲᠠᠨ ᠠᠵᠢᠯᠴᠢᠨ  ᠤ ᠬᠠᠷᠠᠯᠲᠠᠲᠤ ᠡᠭᠦᠷᠭᠡ  ᠪᠠᠨ ᠪᠡᠶᠡᠯᠡᠭᠦᠯᠦᠭᠰᠡᠨ ᠪᠠᠶᠢᠳᠠᠯ᠂ ᠰᠢᠯᠭᠠᠨ ᠬᠢᠨᠠᠭᠰᠠᠨ ᠦᠷ᠎ᠡ ᠳ᠋ᠦᠩ ᠵ᠊ ‍ᠡᠷᠭᠡ ᠪᠣᠳᠠᠲᠤ ᠪᠠᠶᠢᠳᠠᠯ  ᠢ ᠦᠨᠳᠦᠰᠦᠯᠡᠨ᠂ ᠨᠡᠶᠢᠲᠡ  ᠳᠤ ᠵᠠᠷᠯᠠᠭᠠᠳ ᠤᠨᠳᠤᠤ ᠰᠠᠨᠠᠯ ᠥᠬᠡᠶ ᠪᠠᠶᠢᠪᠠᠯ᠂ ᠨᠢᠭᠡᠳᠦᠯᠲᠡᠶ ᠲᠥᠯᠥᠪᠯᠡᠨ ᠣᠯᠭᠤᠨ᠎ᠠ᠃    ︵ᠬᠤᠶᠠᠷ︶ ᠨᠢᠭᠡᠳᠦᠭᠡᠷ ᠹᠷᠣᠨᠲ ᠤᠨ ᠪᠠᠭᠰᠢ ᠶᠢᠨ ᠠᠵᠢᠯ ᠤᠨ ᠠᠮᠵᠢᠯᠲᠠ ᠪᠦᠲᠦᠮᠵᠢ ᠶᠢᠨ ᠴᠠᠯᠢᠩ ᠢ ᠳᠡᠭᠡᠭᠰᠢᠯᠡᠭᠦᠯᠦᠭᠰᠡᠨ ᠤ ᠳᠠᠷᠠᠭᠠᠬᠢ ᠨᠡᠮᠡᠭᠳᠡᠯ ᠤᠨ ᠬᠡᠮᠵᠢᠶ᠎ᠡ ᠳᠤ ᠣᠯᠭᠤᠬᠤ ᠠᠷᠭ᠎ᠠ    ᠠᠮᠵᠢᠯᠲᠠ ᠪᠦᠲᠦᠮᠵᠢ ᠶᠢᠨ ᠴᠠᠯᠢᠩ ᠢ ᠳᠡᠭᠡᠭᠰᠢᠯᠡᠭᠦᠯᠦᠭᠰᠡᠨ ᠤ ᠳᠠᠷᠠᠭᠠᠬᠢ ᠨᠡᠮᠡᠭᠳᠡᠭᠰᠡᠨ ᠬᠡᠰᠡᠭ ᠢ ᠲᠤᠰᠠᠭᠠᠷ ᠬᠡᠰᠡᠭᠯᠡᠨ ᠬᠠᠮᠢᠶᠠᠷᠴᠤ᠂ ᠳᠠᠷᠠᠭ᠎ᠠ ᠵᠢᠯ ᠤᠨ ᠠᠮᠵᠢᠯᠲᠠ ᠪᠦᠲᠦᠮᠵᠢ ᠶᠢᠨ ᠴᠠᠯᠢᠩ ᠤᠨ ᠶᠡᠷᠦᠩᠬᠡᠶ ᠬᠡᠮᠵᠢᠶ᠎ᠡ ᠶᠢ ᠬᠢᠨᠠᠨ ᠲᠣᠭᠲᠠᠭᠠᠬᠤ ᠳᠤ ᠣᠷᠣᠭᠤᠯᠬᠤ ᠥᠬᠡᠶ᠂ ᠪᠦᠬᠦᠨ ᠢ ᠨᠢᠭᠡᠳᠦᠭᠡᠷ ᠹᠷᠣᠨᠲ ᠤᠨ ᠪᠠᠭᠰᠢ ︵ᠲᠤᠬᠠᠶᠢᠯᠠᠪᠠᠯ ᠬᠢᠴᠢᠶᠡᠯᠯᠡᠵᠦ ᠪᠠᠶᠢᠭ᠎ᠠ ᠪᠠᠭᠰᠢ︶ ᠶᠢᠨ ᠠᠮᠵᠢᠯᠲᠠ ᠪᠦᠲᠦᠮᠵᠢ ᠶᠢᠨ ᠱᠠᠩᠨᠠᠯ ᠳᠤ ᠬᠡᠷᠡᠭᠯᠡᠨ᠎ᠡ᠃ ᠡᠯ᠎ᠡ ᠰᠤᠷᠭᠠᠭᠤᠯᠢ ᠨᠢ ᠬᠢᠨᠠᠨ ᠰᠢᠯᠭᠠᠬᠤ ᠬᠡᠷᠡᠭᠵᠢᠭᠦᠯᠬᠦ ᠨᠠᠷᠢᠨ ᠲᠦᠷᠢᠮ ᠲᠣᠭᠲᠠᠭᠠᠵᠤ᠂ ᠵᠢᠭᠠᠨ ᠰᠤᠷᠭᠠᠯᠲᠠ ᠶᠢᠨ ᠵᠤᠷᠰᠢᠯ ᠤᠨ ᠶᠠᠰᠤ ᠴᠢᠨᠠᠷ ᠢ ᠳᠡᠭᠡᠭᠰᠢᠯᠡᠭᠦᠯᠦᠨ ᠱᠠᠩᠨᠠᠬᠤ᠂ ᠭᠤᠤᠯᠳᠠᠭᠤ ︽ᠪᠡᠯᠡᠳᠬᠡᠬᠦ᠂ ᠲᠠᠶᠢᠯᠪᠤᠷᠢᠯᠠᠬᠤ᠂ ᠵᠥᠪᠰᠢᠶᠡᠷᠡᠬᠦ᠂ ᠲᠤᠰᠠᠯᠠᠬᠤ᠂ ᠰᠢᠯᠭᠠᠬᠤ᠂ ᠦᠨᠡᠯᠡᠬᠦ᠂ ᠰᠤᠳᠤᠯᠬᠤ︾ ᠵᠡᠷᠭᠡ ᠵᠢᠭᠠᠨ ᠰᠤᠷᠭᠠᠯᠲᠠ ᠶᠢᠨ ᠵᠤᠷᠰᠢᠯ ᠤᠨ ᠠᠵᠢᠯ ᠤᠨ ᠱᠠᠩᠨᠠᠯ ︵ᠡᠵᠡᠯᠡᠬᠦᠨ ᠨᠢ 35 %︶᠂ ᠠᠵᠢᠯ ᠤᠨ ᠬᠡᠮᠵᠢᠶ᠎ᠡ ᠠᠴᠠ ᠬᠡᠲᠦᠷᠡᠭᠦᠯᠦᠨ ᠱᠠᠩᠨᠠᠬᠤ ︵ᠡᠵᠡᠯᠡᠬᠦᠨ ᠨᠢ 25 %︶᠂ ᠪᠢᠴᠢᠭ ᠵᠢᠭᠠᠵᠤ ᠬᠥᠮᠦᠨ ᠬᠥᠮᠦᠵᠢᠭᠦᠯᠬᠦ ᠲᠣᠪᠤᠶᠢᠮ᠎ᠠ ᠬᠤᠪᠢ ᠨᠡᠮᠡᠷᠢ ᠪᠠᠷ ᠱᠠᠩᠨᠠᠬᠤ ︵ᠡᠵᠡᠯᠡᠬᠦᠨ ᠨᠢ 40 %︶ ᠵᠡᠷᠭᠡ ᠲᠠᠯ᠎ᠠ ᠪᠠᠷ ᠬᠡᠮᠵᠢᠶᠡᠵᠢᠭᠦᠯᠦᠨ ᠬᠢᠨᠠᠨ ᠰᠢᠯᠭᠠᠵᠤ ᠬᠤᠪᠢ ᠣᠯᠭᠤᠵᠤ᠂ ᠵᠠᠭᠤᠨ ᠬᠤᠪᠢ ᠶᠢᠨ ᠲᠦᠷᠢᠮ ᠢ ᠬᠡᠷᠡᠭᠵᠢᠭᠦᠯᠦᠨ᠎ᠡ᠃ ᠨᠡᠮᠡᠭᠳᠡᠭᠰᠡᠨ ᠬᠡᠰᠡᠭ ᠤᠨ ᠠᠵᠢᠯ ᠤᠨ ᠠᠮᠵᠢᠯᠲᠠ ᠪᠦᠲᠦᠮᠵᠢ ᠶᠢᠨ ᠴᠠᠯᠢᠩ ᠣᠯᠭᠤᠬᠤ ᠵᠣᠭᠤᠰ ᠤᠨ ᠲᠤᠭ᠎ᠠ ᠶᠢ ᠰᠢᠯᠭᠠᠨ ᠬᠢᠨᠠᠭᠰᠠᠨ ᠣᠯᠤᠭᠰᠠᠨ ᠬᠤᠪᠢ ᠪᠠᠷ ᠪᠣᠳᠣᠨ᠎ᠠ᠃ ᠬᠥᠳᠡᠯᠦᠩᠭᠦᠶ ᠬᠠᠮᠢᠶᠠᠷᠤᠯᠲᠠ ᠶᠢ ᠬᠡᠷᠡᠭᠵᠢᠭᠦᠯᠵᠦ᠂ ᠣᠷᠣᠵᠤ ᠪᠣᠯᠬᠤ ᠮᠥᠷᠲᠡᠭᠡᠨ ᠪᠠᠭᠤᠵᠤ ᠪᠣᠯᠬᠤ᠂ ᠡᠯ᠎ᠡ ᠰᠤᠷᠭᠠᠭᠤᠯᠢ ᠰᠤᠷᠤᠯᠭ᠎ᠠ ᠶᠢᠨ ᠬᠤᠭᠤᠴᠠᠭ᠎ᠠ ᠪᠦᠷᠢ ᠨᠢᠭᠡᠳᠦᠭᠡᠷ ᠹᠷᠣᠨᠲ ᠤᠨ ᠪᠠᠭᠰᠢ ᠳᠤ ᠨᠢᠭᠡ ᠤᠳᠠᠭᠠᠨ ᠤ ᠬᠢᠨᠠᠨ ᠰᠢᠯᠭᠠᠯᠲᠠ ᠬᠢᠵᠦ᠂ ᠵᠠᠷᠯᠠᠨ ᠨᠡᠶᠢᠲᠡᠯᠡᠭᠡᠳ ᠤᠨᠳᠤᠤ ᠰᠠᠨᠠᠯ ᠥᠬᠡᠶ ᠪᠣᠯ ᠰᠤᠷᠤᠯᠭ᠎ᠠ ᠶᠢᠨ ᠬᠤᠭᠤᠴᠠᠭ᠎ᠠ ᠶᠣᠰᠣᠭᠠᠷ ᠣᠯᠭᠤᠨ᠎ᠠ᠃ ᠨᠢᠭᠡᠳᠦᠭᠡᠷ ᠹᠷᠣᠨᠲ ᠤᠨ ᠪᠠᠭᠰᠢ ᠠᠵᠢᠯ ᠤᠨ ᠪᠠᠶᠢᠷᠢ ᠳᠤ ᠪᠠᠶᠢᠬᠤ ᠥᠬᠡᠶ ᠬᠤᠭᠤᠴᠠᠭᠠᠨ ᠳᠤ ᠬᠤᠯᠪᠣᠭᠳᠠᠯ ᠪᠥᠬᠦᠶ ᠬᠠᠷᠠᠭᠠᠯᠵᠠᠯ ᠢ ᠭᠥᠷᠳᠡᠬᠦ ᠥᠬᠡᠶ ︵ᠰᠤᠷᠭᠠᠭᠤᠯᠢ ᠶᠢᠨ ᠠᠯᠪᠠᠨ ᠠᠴᠠ ᠲᠣᠮᠢᠯᠠᠭᠰᠠᠨ ᠣᠬᠤᠷ ᠬᠤᠭᠤᠴᠠᠭᠠᠨ ᠤ ᠪᠣᠯᠪᠠᠰᠤᠷᠠᠭᠤᠯᠤᠯ ᠪᠠᠭᠲᠠᠬᠤ ᠥᠬᠡᠶ︶᠃ ᠬᠤᠪᠢ ᠬᠥᠮᠦᠨ ᠤ ᠨᠡᠮᠡᠭᠳᠡᠭᠰᠡᠨ ᠬᠡᠮᠵᠢᠶᠡᠨ ᠤ ᠠᠮᠵᠢᠯᠲᠠ ᠪᠦᠲᠦᠮᠵᠢ ᠶᠢᠨ ᠴᠠᠯᠢᠩ = ᠬᠤᠪᠢ ᠬᠥᠮᠦᠨ ᠤ ᠰᠢᠯᠭᠠᠨ ᠬᠢᠨᠠᠭᠰᠠᠨ ᠣᠯᠤᠭᠰᠠᠨ ᠬᠤᠪᠢ × ︵ᠰᠢᠯᠭᠠᠨ ᠬᠢᠨᠠᠬᠤ ᠳᠤ ᠣᠷᠣᠯᠴᠠᠭᠰᠠᠨ ᠪᠠᠭᠰᠢ ᠠᠵᠢᠯᠲᠠᠨ ᠠᠵᠢᠯᠴᠢᠨ ᠤ ᠨᠡᠮᠡᠭᠳᠡᠭᠰᠡᠨ ᠬᠡᠮᠵᠢᠶᠡᠨ ᠤ ᠠᠮᠵᠢᠯᠲᠠ ᠪᠦᠲᠦᠮᠵᠢ ᠶᠢᠨ ᠴᠠᠯᠢᠩ ᠤᠨ ᠶᠡᠷᠦᠩᠬᠡᠶ ᠲᠤᠭ᠎ᠠ / ᠰᠢᠯᠭᠠᠨ ᠬᠢᠨᠠᠬᠤ ᠳᠤ ᠣᠷᠣᠯᠴᠠᠭᠰᠠᠨ ᠪᠠᠭᠰᠢ ᠠᠵᠢᠯᠲᠠᠨ ᠠᠵᠢᠯᠴᠢᠨ ᠤ ᠶᠡᠷᠦᠩᠬᠡᠶ ᠬᠤᠪᠢ︶ ᠶᠢ ᠨᠡᠶᠢᠲᠡ ᠳᠤ ᠵᠠᠷᠯᠠᠭᠠᠳ ᠤᠨᠳᠤᠤ ᠰᠠᠨᠠᠯ ᠥᠬᠡᠶ ᠪᠣᠯ ᠰᠤᠷᠤᠯᠭ᠎ᠠ ᠶᠢᠨ ᠬᠤᠭᠤᠴᠠᠭ᠎ᠠ ᠶᠣᠰᠣᠭᠠᠷ ᠣᠯᠭᠤᠨ᠎ᠠ᠃ ᠣᠯᠤᠭᠰᠠᠨ ᠬᠤᠪᠢ ᠶᠢᠨ ᠳᠣᠲᠣᠷᠠᠬᠢ ᠬᠠᠮᠤᠭ ᠤᠨ ᠥᠨᠳᠥᠷ ᠬᠤᠪᠢ ᠨᠢ ᠬᠠᠮᠤᠭ ᠤᠨ ᠳᠤᠤᠷ᠎ᠠ ᠬᠤᠪᠢ ᠶᠢᠨ 2 ᠳᠠᠬᠢᠨ ᠠᠴᠠ ᠳᠡᠭᠡᠭᠰᠢ ᠪᠠᠶᠢᠵᠤ᠂ ᠬᠤᠪᠢ ᠬᠥᠮᠦᠨ ᠤ ᠬᠢᠨᠠᠨ ᠰᠢᠯᠭᠠᠬᠤ ᠳᠤ ᠣᠯᠤᠭᠰᠠᠨ ᠬᠤᠪᠢ ᠳᠤᠨᠢ ᠬᠠᠮᠤᠭ ᠤᠨ ᠳᠤᠤᠷ᠎ᠠ ᠬᠤᠪᠢ ᠶᠢᠨ ᠱᠤᠭᠤᠮ ᠲᠣᠬᠢᠷᠠᠭᠤᠯᠵᠤ᠂ ᠬᠢᠨᠠᠨ ᠰᠢᠯᠭᠠᠵᠤ ᠰᠢᠯᠭᠠᠨ ᠲᠣᠭᠲᠠᠭᠠᠭᠰᠠᠨ ᠬᠤᠪᠢ ᠨᠢ ᠬᠠᠮᠤᠭ ᠤᠨ ᠳᠤᠤᠷ᠎ᠠ ᠬᠤᠪᠢ ᠶᠢᠨ ᠱᠤᠭᠤᠮ ᠠᠴᠠ ᠳᠤᠤᠷ᠎ᠠ ᠪᠠᠶᠢᠬᠤ ᠨᠢᠭᠡᠳᠦᠭᠡᠷ ᠹᠷᠣᠨᠲ ᠤᠨ ᠪᠠᠭᠰᠢ ᠳᠤ ᠠᠵᠢᠯ ᠤᠨ ᠠᠮᠵᠢᠯᠲᠠ ᠪᠦᠲᠦᠮᠵᠢ ᠶᠢᠨ ᠴᠠᠯᠢᠩ ᠢ ᠨᠡᠮᠡᠭᠳᠡᠭᠦᠯᠵᠦ ᠪᠣᠯᠬᠤ ᠥᠬᠡᠶ᠂ ᠠᠵᠢᠯ ᠤᠨ ᠠᠮᠵᠢᠯᠲᠠ ᠪᠦᠲᠦᠮᠵᠢ ᠶᠢᠨ ᠴᠠᠯᠢᠩ ᠢ ᠨᠡᠮᠡᠭᠳᠡᠭᠦᠯᠬᠦ ᠤᠷᠮᠠᠰᠢᠭᠤᠯᠬᠤ ᠦᠢᠯᠡᠳᠦᠯ ᠢ ᠬᠦᠢᠴᠡᠳ ᠢᠯᠡᠷᠡᠭᠦᠯᠬᠦ ᠬᠡᠷᠡᠭᠲᠡᠶ᠃    ︵ᠭᠤᠷᠪᠠ︶ ᠨᠠᠮ ᠤᠨ ᠵᠣᠬᠢᠶᠠᠨ ᠪᠠᠶᠢᠭᠤᠯᠤᠯᠲᠠ ᠶᠢᠨ ᠱᠦᠵᠢ᠂ ᠰᠤᠷᠭᠠᠭᠤᠯᠢ ︵ᠴᠡᠴᠡᠷᠯᠢᠭ︶ ᠶᠢᠨ ᠳᠠᠷᠤᠭ᠎ᠠ ᠶᠢᠨ ᠠᠵᠢᠯ ᠤᠨ ᠠᠮᠵᠢᠯᠲᠠ ᠪᠦᠲᠦᠮᠵᠢ ᠶᠢᠨ ᠴᠠᠯᠢᠩ ᠤᠨ ᠨᠡᠮᠡᠭᠳᠡᠯ ᠢ ᠣᠯᠭᠤᠬᠤ ᠠᠷᠭ᠎ᠠ    ᠨᠠᠮ ᠤᠨ ᠵᠣᠬᠢᠶᠠᠨ ᠪᠠᠶᠢᠭᠤᠯᠤᠯᠲᠠ ᠶᠢᠨ ᠱᠦᠵᠢ᠂ ᠰᠤᠷᠭᠠᠭᠤᠯᠢ ︵ᠴᠡᠴᠡᠷᠯᠢᠭ︶ ᠶᠢᠨ ᠳᠠᠷᠤᠭ᠎ᠠ ᠶᠢᠨ ᠠᠵᠢᠯ ᠤᠨ ᠠᠮᠵᠢᠯᠲᠠ ᠪᠦᠲᠦᠮᠵᠢ ᠶᠢᠨ ᠴᠠᠯᠢᠩ ᠤᠨ ᠨᠡᠮᠡᠭᠳᠡᠯ ᠤᠨ ᠬᠡᠰᠡᠭ ᠢ ᠬᠢᠨᠠᠨ ᠰᠢᠯᠭᠠᠵᠤ ᠣᠯᠭᠤᠬᠤ ᠬᠡᠪᠴᠢᠶ᠎ᠡ ᠨᠢ ᠰᠤᠷᠭᠠᠭᠤᠯᠢ ᠶᠢᠨ ᠨᠠᠮ ᠵᠠᠰᠠᠭ ᠤᠨ ︽ᠨᠢᠭᠡᠳᠦᠭᠡᠷ ᠭᠠᠷ︾ ᠪᠣᠯᠤᠨ᠎ᠠ᠃ ᠠᠳᠠᠯᠢ ᠱᠠᠲᠤᠨ ᠤ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ ᠠᠴᠠ ᠬᠠᠷᠢᠶ᠎ᠠ ᠰᠤᠷᠭᠠᠭᠤᠯᠢ ᠶᠢᠨ ᠨᠠᠮ ᠤᠨ ᠵᠣᠬᠢᠶᠠᠨ ᠪᠠᠶᠢᠭᠤᠯᠤᠯᠲᠠ ᠶᠢᠨ ᠱᠦᠵᠢ᠂ ᠰᠤᠷᠭᠠᠭᠤᠯᠢ ︵ᠴᠡᠴᠡᠷᠯᠢᠭ︶ ᠶᠢᠨ ᠳᠠᠷᠤᠭ᠎ᠠ ᠳᠤ ᠪᠣᠳᠠᠲᠤ ᠠᠮᠵᠢᠯᠲᠠ ᠪᠦᠲᠦᠮᠵᠢ ᠶᠢᠨ ᠰᠢᠯᠭᠠᠨ ᠬᠢᠨᠠᠯᠲᠠ ᠬᠢᠵᠦ᠂ ︵ᠬᠤᠪᠢ ᠬᠥᠮᠦᠨ ᠤ ᠨᠡᠮᠡᠭᠳᠡᠭᠰᠡᠨ ᠠᠮᠵᠢᠯᠲᠠ ᠪᠦᠲᠦᠮᠵᠢ ᠶᠢᠨ ᠴᠠᠯᠢᠩ = ᠬᠤᠪᠢ ᠬᠥᠮᠦᠨ ᠤ ᠰᠢᠯᠭᠠᠨ ᠬᠢᠨᠠᠯᠲᠠ ᠳᠤ ᠣᠯᠤᠭᠰᠠᠨ ᠬᠤᠪᠢ ᠱᠦᠵᠢ ᠪᠣᠯᠤᠨ ᠰᠤᠷᠭᠠᠭᠤᠯᠢ ᠶᠢᠨ ᠵᠠᠬᠢᠷᠤᠯ ᠤᠨ ᠨᠡᠮᠡᠭᠳᠡᠭᠰᠡᠨ ᠠᠮᠵᠢᠯᠲᠠ ᠪᠦᠲᠦᠮᠵᠢ ᠶᠢᠨ ᠴᠠᠯᠢᠩ ᠤᠨ ᠶᠡᠷᠦᠩᠬᠡᠶ ᠲᠤᠭ᠎ᠠ / ᠱᠦᠵᠢ ᠪᠣᠯᠤᠨ ᠰᠤᠷᠭᠠᠭᠤᠯᠢ ᠶᠢᠨ ᠵᠠᠬᠢᠷᠤᠯ ᠤᠨ ᠶᠡᠷᠦᠩᠬᠡᠶ ᠬᠤᠪᠢ︶᠂ ᠨᠡᠶᠢᠲᠡ ᠳᠤ ᠵᠠᠷᠯᠠᠭᠠᠳ ᠤᠨᠳᠤᠤ ᠰᠠᠨᠠᠯ ᠥᠬᠡᠶ ᠪᠣᠯ᠂ ᠣᠨ ᠢᠶᠠᠷ ᠣᠯᠭᠤᠨ᠎ᠠ᠃ ᠣᠨ ᠤ ᠬᠤᠪᠢ ᠬᠥᠮᠦᠨ ᠤ ᠰᠢᠯᠭᠠᠨ ᠬᠢᠨᠠᠵᠤ ᠬᠡᠮᠵᠢᠨ ᠲᠣᠭᠲᠠᠭᠠᠭᠰᠠᠨ ᠬᠤᠪᠢ ᠨᠢ ᠬᠤᠪᠢ ᠬᠥᠮᠦᠨ ᠤ ᠰᠢᠯᠭᠠᠨ ᠬᠢᠨᠠᠭᠰᠠᠨ ᠶᠡᠷᠦᠩᠬᠡᠶ ᠬᠤᠪᠢ ᠶᠢᠨ 60 % ᠠᠴᠠ ᠳᠤᠤᠷ᠎ᠠ ᠪᠠᠶᠢᠪᠠᠯ ᠠᠵᠢᠯ ᠤᠨ ᠠᠮᠵᠢᠯᠲᠠ ᠪᠦᠲᠦᠮᠵᠢ ᠶᠢᠨ ᠴᠠᠯᠢᠩ ᠢ ᠨᠢ ᠣᠯᠭᠤᠵᠤ ᠪᠣᠯᠬᠤ ᠥᠬᠡᠶ᠂ ᠠᠵᠢᠯ ᠤᠨ ᠠᠮᠵᠢᠯᠲᠠ ᠪᠦᠲᠦᠮᠵᠢ ᠶᠢᠨ ᠴᠠᠯᠢᠩ ᠢ ᠨᠡᠮᠡᠭᠳᠡᠭᠦᠯᠬᠦ ᠨᠢ ᠨᠠᠮ ᠤᠨ ᠵᠣᠬᠢᠶᠠᠨ ᠪᠠᠶᠢᠭᠤᠯᠤᠯᠲᠠ ᠶᠢᠨ ᠱᠦᠵᠢ᠂ ᠰᠤᠷᠭᠠᠭᠤᠯᠢ ︵ᠴᠡᠴᠡᠷᠯᠢᠭ︶ ᠶᠢᠨ ᠳᠠᠷᠤᠭ᠎ᠠ ᠶᠢ ᠤᠷᠮᠠᠰᠢᠭᠤᠯᠬᠤ ᠦᠢᠯᠡᠳᠦᠯ ᠢ ᠬᠦᠢᠴᠡᠳ ᠢᠯᠡᠷᠡᠭᠦᠯᠦᠨ᠎ᠡ᠃    ᠲᠠᠪᠤ᠂ ᠠᠮᠵᠢᠯᠲᠠ ᠪᠦᠲᠦᠮᠵᠢ ᠶᠢᠨ ᠴᠠᠯᠢᠩ ᠤᠨ ᠢᠷᠡᠯᠲᠡ    ᠠᠮᠵᠢᠯᠲᠠ ᠪᠦᠲᠦᠮᠵᠢ ᠶᠢᠨ ᠴᠠᠯᠢᠩ ᠵᠢᠴᠢ ᠳᠡᠭᠡᠭᠰᠢᠯᠡᠭᠦᠯᠦᠭᠰᠡᠨ ᠤ ᠳᠠᠷᠠᠭᠠᠬᠢ ᠨᠡᠮᠡᠭᠳᠡᠭᠰᠡᠨ ᠬᠡᠰᠡᠭ ᠢ ᠠᠶᠢᠮᠠᠭ ᠤᠨ ᠰᠢᠭᠤᠳ ᠬᠠᠷᠢᠶ᠎ᠠ ᠰᠤᠷᠭᠠᠭᠤᠯᠢ ᠨᠢ ᠠᠶᠢᠮᠠᠭ ᠤᠨ ᠱᠠᠲᠤᠨ ᠤ ᠡᠳ᠋ ᠤᠨ ᠵᠠᠰᠠᠭ ᠠᠴᠠ ᠡᠭᠦᠷᠭᠡᠯᠡᠵᠦ᠂ ᠬᠤᠰᠢᠭᠤ ᠣᠷᠣᠨ ᠤ ᠡᠯ᠎ᠡ ᠰᠤᠷᠭᠠᠭᠤᠯᠢ ᠶᠢ ᠬᠤᠰᠢᠭᠤ ᠣᠷᠣᠨ ᠤ ᠡᠳ᠋ ᠤᠨ ᠵᠠᠰᠠᠭ ᠠᠴᠠ ᠡᠭᠦᠷᠭᠡᠯᠡᠬᠦ ᠶᠢᠨ ᠬᠠᠮᠲᠤ ᠡᠳ᠋ ᠤᠨ ᠵᠠᠰᠠᠭ ᠤᠨ ᠣᠨ ᠤ ᠲᠥᠰᠦᠪ ᠲᠡᠭᠡᠨ ᠣᠷᠣᠭᠤᠯᠬᠤ ᠬᠡᠷᠡᠭᠲᠡᠶ᠃    ᠵᠢᠷᠭᠤᠭ᠎ᠠ᠂ ᠠᠵᠢᠯ ᠤᠨ ᠱᠠᠭᠠᠷᠳᠠᠯᠭ᠎ᠠ    ︵ᠨᠢᠭᠡ︶ ᠵᠣᠬᠢᠶᠠᠨ ᠪᠠᠶᠢᠭᠤᠯᠤᠯᠲᠠ ᠶᠢᠨ ᠤᠳᠤᠷᠢᠳᠤᠯᠭ᠎ᠠ ᠪᠠᠨ ᠴᠢᠩᠭᠠᠳᠬᠠᠨ᠎ᠠ᠃ ᠡᠯ᠎ᠡ ᠬᠤᠰᠢᠭᠤ ︵ᠣᠷᠣᠨ ︶᠂ ᠡᠯ᠎ᠡ ᠰᠤᠷᠭᠠᠭᠤᠯᠢ ᠨᠢ ᠠᠮᠵᠢᠯᠲᠠ ᠪᠦᠲᠦᠮᠵᠢ ᠶᠢᠨ ᠴᠠᠯᠢᠩ ᠢ ᠰᠢᠯᠭᠠᠨ ᠬᠢᠨᠠᠵᠤ ᠬᠤᠪᠢᠶᠠᠷᠢᠯᠠᠬᠤ ᠤᠳᠤᠷᠢᠳᠬᠤ ᠳᠤᠭᠤᠶᠢᠯᠠᠩ ᠪᠠᠶᠢᠭᠤᠯᠵᠤ᠂ ᠬᠡᠷᠡᠭᠵᠢᠭᠦᠯᠬᠦ ᠲᠥᠰᠦᠯ ᠢ ᠦᠨᠳᠦᠰᠦᠯᠡᠨ ᠰᠢᠯᠭᠠᠨ ᠬᠢᠨᠠᠵᠤ ᠬᠤᠪᠢᠶᠠᠷᠢᠯᠠᠬᠤ ᠪᠣᠳᠠᠲᠠᠶ ᠲᠥᠰᠦᠯ ᠪᠤᠶᠤ ᠨᠠᠷᠢᠨ ᠲᠦᠷᠢᠮ ᠢ ᠲᠣᠭᠲᠠᠭᠠᠨ᠎ᠠ᠃ ᠡᠯ᠎ᠡ ᠰᠤᠷᠭᠠᠭᠤᠯᠢ ᠶᠢᠨ ᠬᠢᠨᠠᠨ ᠰᠢᠯᠭᠠᠵᠤ ᠬᠤᠪᠢᠶᠠᠷᠢᠯᠠᠬᠤ ᠲᠥᠰᠦᠯ ᠪᠤᠶᠤ ᠨᠠᠷᠢᠨ ᠲᠦᠷᠢᠮ ᠢ ᠡᠷᠬᠡᠪᠰᠢ ᠪᠠᠭᠰᠢ ᠠᠵᠢᠯᠳᠠᠨ ᠤ ᠲᠥᠯᠥᠭᠡᠯᠡᠭᠴᠢᠳ ᠤᠨ ᠶᠡᠭᠡ ᠬᠤᠷᠠᠯ ᠪᠤᠶᠤ ᠪᠠᠭᠰᠢ ᠠᠵᠢᠯᠳᠠᠨ ᠤ ᠶᠡᠭᠡ ᠬᠤᠷᠠᠯ ᠢᠶᠠᠷ ᠪᠠᠲᠤᠯᠠᠵᠤ᠂ ᠠᠳᠠᠯᠢ ᠱᠠᠲᠤᠨ ᠤ ᠰᠤᠷᠭᠠᠨ ᠬᠥᠮᠦᠵᠢᠯ ᠪᠡᠶ᠎ᠡ ᠶᠢᠨ ᠲᠠᠮᠢᠷ ᠤᠨ ᠵᠠᠰᠠᠭ ᠵᠠᠬᠢᠷᠭᠠᠨ ᠤ ᠰᠠᠯᠠᠭ᠎ᠠ ᠮᠥᠴᠢᠷ ᠲᠤ ᠮᠡᠳᠡᠭᠦᠯᠦᠨ ᠬᠢᠨᠠᠨ ᠵᠥᠪᠰᠢᠶᠡᠷᠡᠭᠦᠯᠦᠭᠰᠡᠨ ᠤ ᠲᠠᠷᠠᠭ᠎ᠠ ᠰᠠᠶ᠋ᠢ ᠬᠡᠷᠡᠭᠵᠢᠭᠦᠯᠵᠦ ᠪᠣᠯᠤᠨ᠎ᠠ︔ ᠰᠤᠷᠭᠠᠭᠤᠯᠢ ᠶᠢᠨ ᠠᠮᠵᠢᠯᠲᠠ ᠪᠦᠲᠦᠮᠵᠢ ᠶᠢ ᠬᠢᠨᠠᠨ ᠰᠢᠯᠭᠠᠭᠰᠠᠨ ᠦᠷ᠎ᠡ ᠳ᠋ᠦᠩ ᠢ ᠡᠷᠬᠡᠪᠰᠢ ᠰᠤᠷᠭᠠᠨ ᠬᠥᠮᠦᠵᠢᠯ ᠪᠡᠶ᠎ᠡ ᠶᠢᠨ ᠲᠠᠮᠢᠷ ᠤᠨ ᠵᠠᠰᠠᠭ ᠵᠠᠬᠢᠷᠭᠠᠨ ᠤ ᠰᠠᠯᠠᠭ᠎ᠠ ᠮᠥᠴᠢᠷ ᠪᠣᠯᠤᠨ ᠲᠣᠮᠢᠯᠠᠨ ᠰᠠᠭᠤᠯᠭᠠᠭᠰᠠᠨ ᠰᠠᠬᠢᠯᠭ᠎ᠠ ᠪᠠᠲᠤ ᠪᠠᠶᠢᠴᠠᠭᠠᠬᠤ ᠬᠢᠨᠠᠨ ᠪᠠᠶᠢᠴᠠᠭᠠᠬᠤ ᠰᠠᠯᠠᠭ᠎ᠠ ᠮᠥᠴᠢᠷ ᠲᠤ ᠮᠡᠳᠡᠭᠦᠯᠦᠨ ᠬᠢᠨᠠᠨ ᠬᠠᠷᠭᠤᠭᠤᠯᠵᠤ ᠳᠠᠩᠰᠠᠯᠠᠭᠤᠯᠤᠨ᠂ ᠠᠳᠠᠯᠢ ᠱᠠᠲᠤᠨ ᠤ ᠬᠥᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ᠂ ᠡᠳ᠋ ᠤᠨ ᠵᠠᠰᠠᠭ ᠤᠨ ᠰᠠᠯᠠᠭ᠎ᠠ ᠮᠥᠴᠢᠷ ᠢᠶᠠᠷ ᠠᠮᠵᠢᠯᠲᠠ ᠪᠦᠲᠦᠮᠵᠢ ᠶᠢᠨ ᠴᠠᠯᠢᠩ ᠤᠨ ᠶᠡᠷᠦᠩᠬᠡᠶ ᠬᠡᠮᠵᠢᠶ᠎ᠡ ᠶᠢ ᠬᠢᠨᠠᠨ ᠲᠣᠭᠲᠠᠭᠠᠯᠭᠠᠭᠰᠠᠨ ᠤ ᠳᠠᠷᠠᠭ᠎ᠠ ᠰᠠᠶ᠋ᠢ ᠣᠯᠭᠤᠵᠤ ᠪᠣᠯᠤᠨ᠎ᠠ᠃    ︵ᠬᠤᠶᠠᠷ︶ ᠰᠢᠨᠵᠢᠯᠡᠬᠦ ᠤᠬᠠᠭᠠᠨᠴᠢ ᠢᠯᠡ ᠲᠣᠳᠣ ᠪᠠᠷ ᠬᠡᠷᠡᠭᠵᠢᠭᠦᠯᠦᠨ᠎ᠡ᠃ ᠠᠮᠵᠢᠯᠲᠠ ᠪᠦᠲᠦᠮᠵᠢ ᠶᠢᠨ ᠴᠠᠯᠢᠩ ᠤᠨ ᠬᠢᠨᠠᠨ ᠰᠢᠯᠭᠠᠬᠤ᠂ ᠬᠤᠪᠢᠶᠠᠷᠢᠯᠠᠬᠤ ᠶᠠᠪᠤᠴᠠ ᠶᠢ ᠢᠯᠡ ᠪᠥᠭᠡᠳ ᠲᠣᠳᠣᠷᠬᠠᠶ ᠪᠠᠶᠢᠯᠭᠠᠵᠤ᠂ ᠪᠠᠭᠰᠢ ᠠᠵᠢᠯᠲᠠᠨ ᠠᠵᠢᠯᠴᠢᠨ ᠪᠣᠯᠤᠨ ᠨᠡᠶᠢᠭᠡᠮ ᠤᠨ ᠡᠯ᠎ᠡ ᠡᠲᠡᠭᠡᠳ ᠤᠨ ᠬᠢᠨ ᠤ ᠬᠢᠨᠠᠯᠲᠠ ᠲᠠᠯᠪᠢᠬᠤ ᠶᠢ ᠰᠠᠨᠠᠭᠠᠴᠢᠯᠠᠭ᠎ᠠ ᠠᠴᠠ ᠪᠠᠨ ᠬᠦᠯᠢᠶᠡᠬᠦ ᠬᠡᠷᠡᠭᠲᠡᠶ᠃ ᠡᠯ᠎ᠡ ᠰᠤᠷᠭᠠᠭᠤᠯᠢ ᠨᠢ ᠠᠷᠠᠳᠴᠢᠯᠠᠯ ᠢ ᠭᠦᠢᠴᠡᠳ ᠪᠠᠳᠠᠷᠠᠭᠤᠯᠵᠤ᠂ ᠪᠠᠭᠰᠢ ᠠᠵᠢᠯᠲᠠᠨ ᠠᠵᠢᠯᠴᠢᠨ ᠤ ᠪᠠᠶᠢᠳᠠᠯ ᠢ ᠮᠡᠳᠡᠬᠦ᠂ ᠣᠷᠣᠯᠴᠠᠬᠤ᠂ ᠢᠯᠡᠳᠬᠡᠬᠦ ᠪᠠ ᠬᠢᠨᠠᠯᠲᠠ ᠲᠠᠯᠪᠢᠬᠤ ᠡᠷᠬᠡ ᠶᠢ ᠦᠨᠡᠨᠬᠦ ᠪᠠᠲᠤᠯᠠᠬᠤ ᠬᠡᠷᠡᠭᠲᠡᠶ᠃ ᠬᠢᠨᠠᠨ ᠰᠢᠯᠭᠠᠭᠰᠠᠨ ᠦᠷ᠎ᠡ ᠳ᠋ᠦᠩ ᠢ ᠵᠣᠬᠢᠬᠤ ᠬᠡᠪᠴᠢᠶᠡᠨ ᠳᠤ ᠨᠡᠶᠢᠲᠡᠯᠡᠬᠦ ᠶᠢᠨ ᠬᠠᠮᠲᠤ ᠪᠠᠭᠰᠢ ᠠᠵᠢᠯᠲᠠᠨ ᠠᠵᠢᠯᠴᠢᠨ ᠤ ᠲᠤᠰ ᠬᠥᠮᠦᠨ ᠳᠤᠨᠢ ᠬᠠᠷᠢᠭᠤ ᠲᠤᠰᠬᠠᠬᠤ ᠬᠡᠷᠡᠭᠲᠡᠶ᠃    ︵ᠭᠤᠷᠪᠠ︶ ᠪᠠᠯᠠ ᠮᠥᠩᠭᠦ ᠶᠢᠨ ᠬᠢᠨᠠᠯᠲᠠ ᠬᠠᠮᠢᠶᠠᠷᠤᠯᠲᠠ ᠶᠢ ᠴᠢᠩᠭᠠᠷᠠᠭᠤᠯᠤᠨ᠎ᠠ᠃ ᠡᠯ᠎ᠡ ᠱᠠᠲᠤᠨ ᠤ ᠡᠳ᠋ ᠤᠨ ᠵᠠᠰᠠᠭ ᠤᠨ ᠰᠠᠯᠠᠭ᠎ᠠ ᠮᠥᠴᠢᠷ ᠤᠳ ᠳᠤᠮᠳᠠᠳᠤ ᠪᠠᠭ᠎ᠠ ᠰᠤᠷᠭᠠᠭᠤᠯᠢ ᠶᠢᠨ ᠠᠮᠵᠢᠯᠲᠠ ᠪᠦᠲᠦᠮᠵᠢ ᠶᠢᠨ ᠴᠠᠯᠢᠩ ᠤᠨ ᠲᠥᠰᠦᠪ ᠢ ᠭᠦᠢᠴᠡᠳ ᠲᠤᠭ᠎ᠠ ᠪᠠᠷ ᠲᠣᠬᠢᠷᠠᠭᠤᠯᠬᠤ ᠬᠡᠷᠡᠭᠲᠡᠶ᠃ ︽ᠬᠡᠨ ᠬᠡᠷᠡᠭᠯᠡᠭᠰᠡᠨ ᠪᠣᠯ ᠲᠡᠷᠡ ᠬᠠᠷᠢᠭᠤᠴᠠᠬᠤ︾ ᠵᠠᠷᠴᠢᠮ ᠶᠣᠰᠣᠭᠠᠷ᠂ ᠳᠤᠮᠳᠠᠳᠤ ᠪᠠᠭ᠎ᠠ ᠰᠤᠷᠭᠠᠭᠤᠯᠢ ᠶᠢᠨ ᠠᠵᠢᠯ ᠤᠨ ᠠᠮᠵᠢᠯᠲᠠ ᠪᠦᠲᠦᠮᠵᠢ ᠶᠢᠨ ᠴᠠᠯᠢᠩ ᠤᠨ ᠭᠤᠤᠯ ᠴᠣᠭᠴᠠ ᠶᠢᠨ ᠬᠠᠷᠢᠭᠤᠴᠠᠯᠭ᠎ᠠ ᠶᠢ ᠪᠠᠯᠠ ᠮᠥᠩᠭᠦ ᠶᠢ ᠪᠣᠳᠠᠲᠠᠶ ᠬᠡᠷᠡᠭᠯᠡᠬᠦ ᠰᠠᠯᠠᠭ᠎ᠠ ᠮᠥᠴᠢᠷ ᠪᠠ ᠰᠤᠷᠭᠠᠭᠤᠯᠢ ᠳᠤ ᠨᠠᠶᠢᠳᠠᠪᠤᠷᠢᠵᠢᠭᠤᠯᠵᠤ᠂ ᠵᠣᠭᠤᠰ ᠬᠡᠷᠡᠭᠯᠡᠬᠦ ᠰᠤᠷᠭᠠᠭᠤᠯᠢ ᠠᠴᠠ ︽ᠵᠠᠷᠤᠯᠭ᠎ᠠ ᠶᠢᠨ ᠠᠵᠢᠯ ᠤᠨ ᠠᠮᠵᠢᠯᠲᠠ ᠪᠦᠲᠦᠮᠵᠢ ᠶᠢ ᠥᠪᠡᠷ ᠢᠶᠠᠨ ᠦᠨᠡᠯᠡᠬᠦ ᠬᠦᠰᠦᠨᠦᠭᠲᠦ︾ ᠶᠢ ᠬᠠᠷᠢᠭᠤᠴᠠᠨ ᠲᠠᠭᠯᠠᠬᠤ ᠶᠢᠨ ᠬᠠᠮᠲᠤ ᠥᠪᠡᠷ ᠢ ᠪᠠᠨ ᠦᠨᠡᠯᠡᠵᠦ᠂ ᠵᠣᠭᠤᠰ ᠬᠡᠷᠡᠭᠯᠡᠬᠦ ᠰᠤᠷᠭᠠᠭᠤᠯᠢ ᠶᠢᠨ ᠬᠠᠷᠢᠶ᠎ᠠ ᠪᠥᠬᠦᠶ ᠰᠤᠷᠭᠠᠨ ᠬᠥᠮᠦᠵᠢᠯ ᠪᠡᠶ᠎ᠡ ᠶᠢᠨ ᠲᠠᠮᠢᠷ ᠤᠨ ᠵᠠᠰᠠᠭ ᠵᠠᠬᠢᠷᠭᠠᠨ ᠤ ᠰᠠᠯᠠᠭ᠎ᠠ ᠮᠥᠴᠢᠷ ᠨᠢ ᠡᠳ᠋ ᠤᠨ ᠵᠠᠰᠠᠭ ᠤᠨ ᠰᠠᠯᠠᠭ᠎ᠠ ᠮᠥᠴᠢᠷ ᠲᠠᠢ ᠬᠠᠮᠲᠤᠷᠠᠨ ᠠᠵᠢᠯ ᠤᠨ ᠠᠮᠵᠢᠯᠲᠠ ᠪᠦᠲᠦᠮᠵᠢ ᠶᠢᠨ ᠬᠠᠷᠠᠯᠲᠠ ᠶᠢ ᠬᠢᠨᠠᠨ ᠬᠠᠷᠭᠤᠭᠤᠯᠬᠤ ᠶᠢ ᠬᠠᠷᠢᠭᠤᠴᠠᠨ᠎ᠠ᠃ ᠡᠯ᠎ᠡ ᠬᠤᠰᠢᠭᠤ ︵ᠣᠷᠣᠨ︶᠂ ᠡᠯ᠎ᠡ ᠰᠤᠷᠭᠠᠭᠤᠯᠢ ᠨᠢ ᠬᠢᠨᠠᠨ ᠲᠣᠭᠲᠠᠭᠠᠭᠰᠠᠨ ᠠᠮᠵᠢᠯᠲᠠ ᠪᠦᠲᠦᠮᠵᠢ ᠶᠢᠨ ᠴᠠᠯᠢᠩ ᠤᠨ ᠶᠡᠷᠦᠩᠬᠡᠶ ᠬᠡᠮᠵᠢᠶ᠎ᠡ ᠠᠴᠠ ᠭᠠᠳᠠᠨ᠎ᠠ ᠲᠣᠭᠲᠠᠭᠠᠯ ᠠᠴᠠ ᠵᠥᠷᠢᠴᠡᠨ ᠶᠠᠮᠠᠷᠪᠠ ᠨᠡᠮᠡᠭᠦᠷᠢ ᠨᠥᠬᠦᠪᠥᠷᠢ ᠣᠯᠭᠤᠵᠤ ᠪᠣᠯᠬᠤ ᠦᠭᠡᠶ᠂ ᠲᠣᠭᠲᠠᠭᠠᠭᠰᠠᠨ ᠳᠡᠰ ᠳᠠᠷᠠᠭᠠᠯᠠᠯ ᠪᠣᠯᠤᠨ ᠠᠷᠭ᠎ᠠ ᠶᠢ ᠵᠥᠷᠢᠴᠡᠨ ᠬᠤᠪᠢᠶᠠᠷᠢᠯᠠᠵᠤ ᠪᠣᠯᠬᠤ ᠦᠭᠡᠶ᠃    ︵ᠳᠥᠷᠪᠡ︶ ᠰᠢᠮᠳᠠᠭᠤᠯᠤᠨ ᠵᠢᠯᠣᠭᠤᠳᠴᠤ ᠪᠠᠶᠢᠴᠠᠭᠠᠬᠤ ᠶᠢ ᠴᠢᠩᠭᠠᠷᠠᠭᠤᠯᠤᠨ᠎ᠠ᠃ ᠡᠯ᠎ᠡ ᠱᠠᠲᠤᠨ ᠤ ᠬᠥᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ᠂ ᠰᠤᠷᠭᠠᠨ ᠬᠥᠮᠦᠵᠢᠯ ᠤᠨ ᠴᠣᠭᠴᠠ᠂ ᠡᠳ᠋ ᠤᠨ ᠵᠠᠰᠠᠭ ᠤᠨ ᠰᠠᠯᠠᠭ᠎ᠠ ᠮᠥᠴᠢᠷ ᠤᠳ ᠨᠢᠭᠲᠠ ᠬᠠᠮᠵᠢᠯᠴᠠᠨ᠂ ᠠᠮᠵᠢᠯᠲᠠ ᠪᠦᠲᠦᠮᠵᠢ ᠶᠢᠨ ᠴᠠᠯᠢᠩ ᠢ ᠬᠢᠨᠠᠨ ᠲᠣᠭᠲᠠᠭᠠᠬᠤ ᠪᠠ ᠣᠯᠭᠤᠬᠤ ᠳᠤ ᠬᠢᠨᠠᠯᠲᠠ ᠲᠠᠯᠪᠢᠬᠤ᠂ ᠦᠨᠡᠯᠡᠨ ᠵᠢᠱᠢᠬᠦ᠂ ᠪᠠᠶᠢᠴᠠᠭᠠᠬᠤ ᠬᠡᠷᠡᠭᠲᠡᠶ᠃ ᠡᠯ᠎ᠡ ᠱᠠᠲᠤᠨ ᠤ ᠰᠤᠷᠭᠠᠨ ᠬᠥᠮᠦᠵᠢᠯ ᠤᠨ ᠬᠢᠨᠠᠨ ᠵᠢᠯᠣᠭᠤᠳᠬᠤ ᠰᠠᠯᠠᠭ᠎ᠠ ᠮᠥᠴᠢᠷ ᠤᠳ ᠠᠮᠵᠢᠯᠲᠠ ᠪᠦᠲᠦᠮᠵᠢ ᠶᠢᠨ ᠴᠠᠯᠢᠩ ᠣᠯᠭᠤᠭᠰᠠᠨ ᠪᠠᠶᠢᠳᠠᠯ ᠢ ᠡᠯ᠎ᠡ ᠬᠤᠰᠢᠭᠤ ︵ᠣᠷᠣᠨ︶᠂ ᠡᠯ᠎ᠡ ᠰᠤᠷᠭᠠᠭᠤᠯᠢ ᠶᠢᠨ ᠰᠤᠷᠭᠠᠨ ᠬᠥᠮᠦᠵᠢᠯ ᠤᠨ ᠬᠢᠨᠠᠨ ᠵᠢᠯᠣᠭᠤᠳᠴᠤ ᠦᠨᠡᠯᠡᠨ ᠵᠢᠱᠢᠬᠦ ᠬᠡᠪᠴᠢᠶᠡᠨ ᠳᠤ ᠣᠷᠣᠭᠤᠯᠵᠤ᠂ ᠬᠡᠷᠡᠭᠵᠢᠭᠦᠯᠦᠭᠰᠡᠨ ᠨᠢ ᠬᠦᠴᠦᠨ ᠥᠬᠡᠶ᠂ ᠪᠠᠯᠠ ᠮᠥᠩᠭᠦ ᠶᠢ ᠨᠠᠶᠢᠳᠠᠪᠤᠷᠢᠵᠢᠭᠤᠯᠤᠭᠰᠠᠨ ᠨᠢ ᠪᠣᠳᠠᠲᠠᠶ ᠥᠬᠡᠶ᠂ ︽ᠮᠠᠩᠵᠠᠨ ᠲᠣᠭᠤᠭᠠᠨ ᠠᠴᠠ ᠪᠤᠳᠠᠭ᠎ᠠ ᠢᠳᠡᠬᠦ︾᠂ ︽ᠲᠡᠭᠰᠢᠳᠬᠡᠬᠦ ᠦᠵᠡᠯ ᠶᠠᠪᠤᠭᠤᠯᠬᠤ︾ ᠵᠡᠷᠭᠡ ᠦᠵᠡᠭᠳᠡᠯ ᠣᠷᠣᠰᠢᠵᠤ ᠪᠠᠶᠢᠪᠠᠯ᠂ ᠬᠠᠮᠢᠶ᠎ᠠ ᠪᠥᠬᠦᠶ ᠬᠠᠷᠢᠭᠤᠴᠠᠯᠭ᠎ᠠ ᠶᠢ ᠨᠡᠬᠡᠮᠵᠢᠯᠡᠬᠦ ᠶᠢᠨ ᠬᠠᠮᠲᠤ᠂ ᠲᠠᠷᠠᠭᠠᠴᠢ ᠶᠢᠨ ᠨᠢᠭᠡ ᠵᠢᠯ ᠤᠨ ᠪᠠᠯᠠ ᠮᠥᠩᠭᠦ ᠶᠢ ᠨᠢ ᠬᠢᠨᠠᠨ ᠬᠠᠰᠤᠵᠤ᠂ ︽ᠰᠢᠨ᠎ᠡ ᠴᠠᠭ ᠦᠶ᠎ᠡ ᠶᠢᠨ ᠳᠤᠮᠳᠠᠳᠤ ᠪᠠᠭ᠎ᠠ ᠰᠤᠷᠭᠠᠭᠤᠯᠢ ᠶᠢᠨ ᠪᠠᠭᠰᠢ ᠶᠢᠨ ᠠᠵᠢᠯ ᠮᠡᠷᠭᠡᠵᠢᠯ ᠤᠨ ᠦᠢᠯᠡ ᠠᠵᠢᠯᠯᠠᠭ᠎ᠠ ᠶᠢᠨ ᠠᠷᠪᠠᠨ ᠵᠦᠢᠯ ᠤᠨ ᠪᠠᠷᠢᠮᠵᠢᠶ᠎ᠠ︾᠂ ︽ᠰᠢᠨ᠎ᠡ ᠴᠠᠭ ᠦᠶ᠎ᠡ ᠶᠢᠨ ᠬᠡᠦᠬᠡᠳ ᠤᠨ ᠴᠡᠴᠡᠷᠯᠢᠭ ᠤᠨ ᠪᠠᠭᠰᠢ ᠶᠢᠨ ᠠᠵᠢᠯ ᠮᠡᠷᠭᠡᠵᠢᠯ ᠤᠨ ᠦᠢᠯᠡ ᠠᠵᠢᠯᠯᠠᠭ᠎ᠠ ᠶᠢᠨ ᠠᠷᠪᠠᠨ ᠵᠦᠢᠯ ᠤᠨ ᠪᠠᠷᠢᠮᠵᠢᠶ᠎ᠠ︾ ᠠᠴᠠ ᠵᠥᠷᠢᠴᠡᠭᠰᠡᠨ ᠨᠠᠮ ᠤᠨ ᠵᠣᠬᠢᠶᠠᠨ ᠪᠠᠶᠢᠭᠤᠯᠤᠯᠲᠠ ᠶᠢᠨ ᠱᠦᠵᠢ᠂ ᠰᠤᠷᠭᠠᠭᠤᠯᠢ ᠶᠢᠨ ᠵᠠᠬᠢᠷᠤᠯ ᠪᠠ ᠪᠠᠭᠰᠢ ᠠᠵᠢᠯᠲᠠᠨ ᠳᠤ ᠱᠠᠩᠨᠠᠯ ᠤᠨ ᠴᠢᠨᠠᠷᠲᠠᠶ ᠠᠮᠵᠢᠯᠲᠠ ᠪᠦᠲᠦᠮᠵᠢ ᠶᠢᠨ ᠴᠠᠯᠢᠩ ᠪᠠ   ᠨᠡᠮᠡᠭᠳᠡᠯ ᠤᠨ ᠠᠮᠵᠢᠯᠲᠠ ᠪᠦᠲᠦᠮᠵᠢ ᠶᠢᠨ ᠴᠠᠯᠢᠩ ᠢ ᠬᠦᠷᠳᠡᠭᠡᠵᠦ ᠪᠣᠯᠬᠤ ᠦᠬᠡᠢ᠃    ᠲᠣᠰ ᠲᠥᠰᠦᠯ ᠢ 2022 ᠣᠨ ᠤ 9 ᠰᠠᠷ᠎ᠠ ᠶᠢᠨ 1 ᠤ ᠡᠳᠦᠷ ᠠᠴᠠ ᠡᠬᠢᠯᠡᠵᠦ ᠬᠡᠷᠡᠭᠵᠢᠭᠦᠯᠦᠨ᠎ᠡ᠃    ᠬᠠᠮᠢᠶ᠎ᠠ ᠪᠦᠬᠦᠢ ᠳᠦᠷᠦ ᠶᠢᠨ ᠪᠣᠳᠣᠯᠭ᠎ᠠ ᠶᠢᠨ ᠳᠠᠶᠢᠯᠣᠮᠵᠢ
 
ᠢᠷᠡᠯᠲᠡ᠄ ᠠᠯᠠᠱᠠ ᠠᠶᠢᠮᠠᠭ ᠤᠨ ᠵᠠᠬᠢᠷᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号