ᠰᠦᠨ ᠱᠤᠤ ᠴᠧᠩ ᠪᠠᠷᠠᠭᠤᠨ ᠪᠡᠶ᠎ᠠ ᠶᠢᠨ ᠭᠤᠷᠪᠠᠨ ᠠᠶᠢᠮᠠᠭ ᠬᠤᠳᠠ ᠶᠢᠨ ᠬᠢᠯᠢ ᠶᠢᠨ ᠨᠢᠭᠡᠳᠦᠭᠡᠷ ᠹᠷᠣᠨᠲ ᠲᠤ ᠭᠦᠨᠵᠡᠭᠡᠶᠢᠷᠡᠨ ᠬᠢᠯᠢ ᠶᠢᠨ ᠪᠣᠭᠤᠮᠲᠠ ᠪᠠᠷ ᠲᠤᠭᠤᠷᠢᠨ ᠪᠠᠶᠢᠴᠠᠭᠠᠪᠠ
ᠨᠡᠶᠢᠲᠡᠯᠡᠭᠰᠡᠨ ᠴᠠᠭ᠄
2022/8/11
    8 ᠰᠠᠷ᠎ᠠ ᠶᠢᠨ 4 ᠠᠴᠠ 9 ᠤ ᠡᠳᠦᠷ ᠪᠣᠯᠲᠠᠯ᠎ᠠ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠱᠦᠵᠢ ᠰᠦᠨ ᠱᠤᠤ ᠴᠧᠩ ᠠᠯᠠᠱᠠ ᠠᠶᠢᠮᠠᠭ᠂ ᠪᠠᠶᠠᠨᠨᠠᠭᠤᠷ ᠬᠤᠲᠠ ᠪᠣᠯᠤᠨ ᠪᠤᠭᠤᠲᠤ ᠬᠤᠲᠠ ᠶᠢᠨ ᠬᠢᠯᠢ ᠶᠢᠨ ᠨᠢᠬᠡᠳᠦᠬᠡᠷ ᠹᠷᠣᠨᠲ ᠲᠤ ᠭᠦᠨᠵᠡᠭᠡᠶᠢᠷᠡᠵᠦ᠂ ᠬᠢᠯᠢ ᠶᠢ ᠬᠦᠴᠦᠷᠬᠡᠭᠵᠢᠭᠦᠯᠵᠦ ᠰᠡᠷᠭᠡᠶᠢᠯᠡᠯᠲᠡ ᠶᠢ ᠪᠠᠬᠢᠵᠢᠭᠦᠯᠬᠦ ᠠᠵᠢᠯ ᠢ ᠰᠢᠨᠵᠢᠯᠡᠨ ᠪᠠᠶᠢᠴᠠᠭᠠᠪᠠ᠃     ᠰᠦᠨ ᠱᠤᠤ ᠴᠧᠩ ᠶᠡᠷᠦᠩᠬᠡᠢ ᠱᠦᠵᠢ ᠰᠢ ᠶᠢᠨ ᠫᠢᠩ ᠤᠨ ᠡᠬᠡ ᠤᠯᠤᠰ ᠤᠨ ᠤᠮᠠᠷᠠᠲᠤ ᠶᠢᠨ ᠠᠮᠤᠷ ᠲᠦᠪᠰᠢᠨ ᠲᠣᠭᠲᠠᠭᠤᠨ ᠤ ᠬᠠᠯᠬᠠᠪᠴᠢ ᠶᠢ ᠪᠠᠲᠤ ᠴᠣᠭᠴᠠᠯᠠᠬᠤ ᠱᠠᠭᠠᠷᠳᠠᠯᠭ᠎ᠠ ᠶᠢ ᠨᠠᠶᠢᠳᠠᠪᠤᠷᠢᠵᠢᠭᠤᠯᠬᠤ ᠶᠢ ᠮᠠᠰᠢ ᠴᠢᠬᠤᠯᠠᠴᠢᠯᠡᠵᠤ᠂ 6 ᠡᠳᠦᠷ ᠤᠨ ᠴᠠᠭ ᠭᠠᠷᠭᠠᠵᠤ ᠪᠠᠶᠢᠭᠠᠳ ᠬᠢᠯᠢ ᠶᠢᠨ ᠪᠣᠭᠤᠮᠲᠠ ᠪᠠᠷ ᠲᠤᠭᠤᠷᠢᠨ ᠪᠠᠶᠢᠴᠠᠭᠠᠵᠤ᠂ ᠬᠢᠯᠢ ᠶᠢᠨ ᠬᠠᠮᠠᠭᠠᠯᠠᠯᠲᠠ ᠶᠢᠨ ᠨᠢᠭᠡᠨ ᠰᠤᠮᠤᠨ ᠤ ︽ᠪᠠᠷᠠᠭᠤᠨ ᠪᠡᠶ᠎ᠠ ᠶᠢᠨ ᠨᠢᠭᠡᠳᠦᠭᠡᠷ ᠬᠠᠷᠠᠭᠤᠯ︾ ᠪᠣᠯᠬᠤ ᠴᠢᠩ ᠾᠧ ᠺᠸᠦ ᠬᠠᠷᠠᠭᠤᠯ ᠤᠨ ᠭᠠᠵᠠᠷ ᠠᠴᠠ ᠡᠬᠢᠯᠡᠨ᠂ ᠬᠢᠯᠢ ᠶᠢᠨ ᠴᠠᠭᠳᠠᠨ ᠪᠠᠶᠢᠴᠠᠭᠠᠬᠤ ᠵᠠᠰᠠᠮᠠᠯ ᠵᠠᠮ ᠢᠶᠠᠷ ᠵᠡᠭᠦᠨᠰᠢ ᠠᠶᠠᠯᠠᠵᠤ᠂ ᠠᠭᠠᠭᠢᠮ᠎ᠠ ᠬᠠᠯᠠᠭᠤᠨ ᠳᠤ᠂ ᠠᠶᠠᠨ ᠵᠠᠮ ᠤᠨ ᠠᠯᠵᠢᠶᠠᠯ ᠵᠦᠳᠡᠷᠡᠯ ᠢ ᠬᠠᠶᠢᠬᠤᠷᠤᠯ ᠦᠭᠡᠢ ᠪᠠᠷ 1800 ᠭᠠᠷᠤᠢ ᠺᠢᠯᠣᠮᠧᠳ᠋ᠷ ᠠᠶᠠᠯᠠᠵᠤ᠂ ᠵᠠᠯᠭᠠᠭ᠎ᠠ ᠪᠠᠷ 7 ᠰᠤᠮᠤ᠂ 3 ᠬᠠᠷᠠᠭᠤᠯ ᠤᠨ ᠭᠠᠵᠠᠷ᠂ 1 ᠬᠢᠯᠢ ᠶᠢᠨ ᠲᠣᠮᠢᠯᠠᠭᠰᠠᠨ ᠰᠠᠯᠪᠤᠷᠢ᠂ 1 ᠪᠠᠯᠭᠠᠰᠤ᠂ 5 ᠭᠠᠴᠠᠭ᠎ᠠ ᠪᠣᠯᠤᠨ 3 ᠬᠢᠯᠢ ᠶᠢᠨ ᠬᠠᠮᠠᠭᠠᠯᠠᠭᠴᠢ ᠶᠢ ᠪᠠᠶᠢᠴᠠᠭᠠᠨ ᠦᠵᠡᠵᠤ᠂ ᠬᠢᠯᠢ ᠶᠢᠨ ᠬᠠᠮᠠᠭᠠᠯᠠᠯᠲᠠ ᠶᠢᠨ ᠳᠠᠷᠤᠭ᠎ᠠ ᠪᠠᠶᠢᠯᠳᠤᠭᠴᠢ᠂ ᠵᠢᠵᠢᠭᠦᠷᠯᠡᠵᠦ ᠪᠠᠶᠢᠭ᠎ᠠ ᠠᠷᠠᠳ ᠤᠨ ᠴᠠᠭᠳᠠᠭ᠎ᠠ ᠪᠣᠯᠤᠨ ᠬᠢᠯᠢ ᠶᠢᠨ ᠬᠠᠮᠠᠭᠠᠯᠠᠯᠲᠠ ᠬᠢᠵᠦ ᠪᠠᠶᠢᠭ᠎ᠠ ᠤᠯᠠᠨ ᠲᠦᠮᠡᠨ ᠢ ᠡᠷᠬᠢᠨ ᠦᠵᠡᠵᠦ ᠲᠣᠬᠤᠨᠢᠭᠤᠯᠪᠠ᠃
     ᠰᠤᠮᠤ ᠳᠤ ᠬᠦᠷᠬᠦ ᠪᠦᠷᠢ᠂ ᠰᠦᠨ ᠱᠤᠤ ᠴᠧᠩ ᠳᠠᠷᠤᠭ᠎ᠠ ᠪᠠᠶᠢᠯᠳᠤᠭᠴᠢᠳ ᠲᠠᠢ ᠬᠠᠮᠲᠤ ᠬᠤᠭᠤᠯᠠᠯᠠᠵᠤ ᠬᠠᠮᠲᠤ ᠬᠤᠨᠤᠭᠯᠠᠵᠤ᠂ ᠪᠤᠳᠤᠯ ᠰᠠᠨᠠᠯ ᠢᠶᠠᠨ ᠭᠦᠨᠵᠡᠭᠡᠢ ᠰᠣᠯᠢᠯᠴᠠᠳᠠᠭ᠃ ᠶᠠᠮᠠᠷ ᠬᠦᠴᠢᠷᠳᠡᠯ ᠪᠠᠶᠢᠬᠤ᠂ ᠶᠠᠮᠠᠷ ᠤᠰᠤ ᠤᠤᠭᠤᠵᠤ ᠪᠠᠶᠢᠬᠤ᠂ ᠴᠠᠬᠢᠯᠭᠠᠨ ᠬᠡᠷᠡᠭᠯᠡᠬᠦ ᠨᠢ ᠪᠠᠲᠤᠯᠠᠭ᠎ᠠ ᠲᠠᠢ ᠡᠰᠡᠬᠦ᠂ ᠴᠢᠮᠡᠭᠡ ᠬᠤᠯᠪᠣᠭ᠎ᠠ ᠰᠠᠭᠠᠳ ᠥᠬᠡᠶ ᠨᠡᠪᠲᠡᠷᠡᠵᠦ ᠪᠠᠶᠢᠬᠤ ᠡᠰᠡᠬᠦ᠂ ᠤᠷᠤᠨ ᠲᠤᠭ᠎ᠠ ᠶᠢ ᠰᠢᠯᠵᠢᠭᠦᠯᠦᠭᠰᠡᠨ ᠤ ᠲᠠᠷᠠᠭᠠᠬᠢ ᠬᠠᠷᠠᠭᠠᠯᠵᠠᠯ ᠶᠠᠮᠠᠷ ᠪᠠᠶᠢᠬᠤ ᠵᠡᠷᠭᠡ ᠠᠰᠠᠭᠤᠳᠠᠯ ᠢ ᠲᠡᠷᠡ ᠮᠠᠰᠢ ᠬᠠᠯᠠᠮᠵᠢᠯᠠᠵᠤ ᠪᠠᠶᠢᠯ᠎ᠠ᠃ ᠰᠦᠨ ᠱᠤᠤ ᠴᠧᠩ᠂ ᠥᠷᠭᠡᠨ ᠤᠯᠠᠨ ᠬᠢᠯᠢ ᠶᠢᠨ ᠬᠠᠮᠠᠭᠠᠯᠠᠯᠲᠠ ᠶᠢᠨ ᠳᠠᠷᠤᠭ᠎ᠠ ᠪᠠᠶᠢᠯᠳᠤᠭᠴᠢ ᠵᠢᠯ ᠲᠤᠵᠢ ᠬᠢᠯᠢ ᠬᠢᠵᠠᠭᠠᠷ ᠲᠤ ᠦᠨᠳᠦᠰᠦᠯᠡᠵᠦ᠂ ᠬᠢᠯᠢ ᠬᠢᠵᠠᠭᠠᠷ ᠢ ᠰᠠᠬᠢᠨ ᠬᠠᠮᠠᠭᠠᠯᠠᠵᠤ᠂ ᠬᠢᠯᠢ ᠶᠢ ᠬᠠᠮᠠᠭᠠᠯᠠᠵᠤ ᠤᠯᠤᠰ ᠢᠶᠠᠨ ᠬᠠᠮᠠᠭᠠᠯᠠᠬᠤ ᠳᠤ ᠯᠤᠲᠤ ᠶᠡᠭᠡ ᠬᠤᠪᠢ ᠨᠡᠮᠡᠷᠢ ᠦᠵᠡᠭᠦᠯᠪᠡ᠃ ᠪᠢᠳᠡ ᠥᠷᠭᠡᠨ ᠤᠯᠠᠨ ᠳᠠᠷᠤᠭ᠎ᠠ ᠪᠠᠶᠢᠯᠳᠤᠭᠴᠢ ᠶᠢ ᠬᠠᠯᠠᠮᠵᠢᠯᠠᠨ ᠬᠠᠶᠢᠷᠠᠯᠠᠵᠤ᠂ ᠴᠡᠷᠢᠭ ᠪᠠ ᠦᠷᠡᠭᠳᠡᠭᠰᠡᠨ ᠪᠠᠭᠠᠲᠤᠷᠴᠤᠳ ᠤᠨ ᠭᠡᠷ ᠪᠦᠯᠢ᠂ ᠵᠡᠮᠳᠡᠭ ᠴᠡᠷᠢᠭ ᠵᠡᠷᠭᠡ ᠠᠰᠠᠷᠠᠨ ᠬᠠᠷᠠᠭᠠᠯᠵᠠᠬᠤ ᠴᠢᠬᠤᠯᠠᠳᠠᠢ ᠡᠲᠡᠭᠡᠳ ᠲᠤ ᠬᠠᠷᠠᠭᠠᠯᠵᠠᠯ ᠦᠵᠡᠭᠦᠯᠵᠦ᠂ ᠰᠠᠳᠬᠢᠯ ᠲᠠᠯᠪᠢᠨ ᠪᠦᠬᠦ ᠬᠦᠴᠦᠨ ᠢᠶᠠᠷ ᠢᠶᠠᠨ ᠬᠠᠶᠢᠷ᠎ᠠ ᠰᠡᠳᠬᠢᠯᠭᠡ ᠲᠠᠢ ᠪᠠᠷ ᠲᠡᠳᠡᠨ ᠢ ᠬᠠᠪᠰᠤᠷᠤᠨ ᠬᠤᠶᠢᠰᠢᠳᠠ ᠶᠢᠨ ᠵᠣᠪᠠᠨᠢᠯ ᠢ ᠨᠢ ᠰᠢᠢᠳᠪᠦᠷᠢᠯᠡᠵᠦ ᠥᠭᠬᠦ ᠬᠡᠷᠡᠭᠲᠡᠢ ᠭᠡᠵᠤ ᠬᠡᠯᠡᠪᠡ᠃ ᠴᠡᠷᠢᠭ ᠠᠩᠭᠢ ᠳᠤ ᠣᠷᠣᠰᠢᠵᠤ ᠪᠠᠶᠢᠭ᠎ᠠ ᠬᠦᠴᠢᠷᠳᠡᠯ ᠢ ᠣᠶᠢᠯᠠᠭᠠᠭᠰᠠᠨ ᠤ ᠳᠠᠷᠠᠭ᠎ᠠ᠂ ᠲᠡᠷᠡ ᠥᠪᠡᠷᠲᠡᠭᠡᠨ ᠵᠠᠰᠠᠬᠤ ᠣᠷᠣᠨ ᠤ ᠬᠤᠯᠪᠣᠭᠳᠠᠯ ᠪᠥᠬᠦᠶ ᠰᠠᠯᠠᠭ᠎ᠠ ᠮᠥᠴᠢᠷ ᠢ ᠳᠠᠷᠤᠶ ᠲᠦᠷᠭᠡᠨ ᠪᠠᠶᠢᠳᠠᠯ ᠢ ᠲᠤᠳᠤᠷᠬᠠᠢ ᠣᠶᠢᠯᠠᠭᠠᠵᠤ᠂  ᠰᠢᠢᠳᠪᠦᠷᠢᠯᠡᠬᠦ ᠠᠷᠭ᠎ᠠ ᠭᠠᠷᠭᠠᠬᠤ ᠬᠡᠷᠡᠭᠲᠡᠶ ᠭᠡᠵᠦ ᠱᠠᠭᠠᠷᠳᠠᠪᠠ᠃ ᠰᠦᠨ ᠱᠤᠤ ᠴᠧᠩ ᠴᠡᠷᠢᠭ ᠠᠩᠭᠢ ᠶᠢᠨ ᠵᠢᠯᠣᠭᠤᠳᠬᠤ ᠲᠠᠰᠤᠭ᠂ ᠢᠷᠠᠭᠤ ᠠᠯᠳᠠᠷ ᠤᠨ ᠲᠠᠰᠤᠭ᠂ ᠴᠡᠷᠢᠭ ᠤᠨ ᠲᠡᠦᠬᠡ ᠶᠢᠨ ᠣᠷᠳᠣᠨ ᠢ ᠲᠣᠭᠤᠷᠢᠨ ᠦᠵᠡᠵᠦ᠂ ᠬᠢᠯᠢ ᠶᠢᠨ ᠬᠠᠮᠠᠭᠠᠯᠠᠯᠲᠠ ᠶᠢᠨ ᠬᠠᠮᠢᠶᠠᠷᠤᠨ ᠡᠵᠡᠮᠳᠡᠬᠦ ᠠᠵᠢᠯ ᠤᠨ ᠪᠠᠶᠢᠳᠠᠯ ᠪᠣᠯᠤᠨ ᠴᠡᠷᠢᠭ ᠠᠩᠭᠢ ᠶᠢᠨ ᠪᠥᠲᠥᠭᠡᠨ ᠪᠠᠶᠢᠭᠤᠯᠤᠯᠲᠠ ᠶᠢᠨ ᠢᠷᠠᠭᠤ ᠠᠯᠳᠠᠷᠲᠤ ᠲᠡᠦᠬᠡ ᠶᠢ ᠭᠦᠨᠵᠡᠭᠡᠶ ᠣᠶᠢᠯᠠᠭᠠᠪᠠ᠃ ᠲᠡᠷᠡ ᠬᠠᠷᠠᠭᠤᠯ ᠤᠨ ᠭᠠᠵᠠᠷ ᠲᠤ ᠬᠦᠷᠴᠤ᠂ ᠬᠠᠷᠠᠭᠤᠯ ᠤᠨ ᠠᠰᠠᠷ ᠲᠤ ᠭᠠᠷᠴᠤ᠂ ᠡᠷᠦᠬᠡ ᠶᠢᠨ ᠴᠡᠷᠢᠭ ᠤᠨ ᠪᠣᠯᠪᠠᠰᠤᠷᠠᠯ ᠤᠨ ᠰᠠᠭᠤᠷᠢᠨ ᠢᠶᠠᠷ ᠲᠣᠭᠤᠷᠢᠨ ᠦᠵᠡᠵᠦ᠂ ᠴᠠᠭᠳᠠᠭᠠᠨ ᠤ ᠶᠠᠪᠤᠳᠠᠯ ᠤᠨ ᠠᠵᠢᠯ ᠤᠨ ᠥᠷᠲᠡᠭᠡ ᠪᠠᠷ ᠲᠣᠭᠤᠷᠢᠨ ᠦᠵᠡᠵᠦ᠂ ᠵᠢᠵᠢᠭᠦᠷᠯᠡᠬᠦ ᠠᠵᠢᠯ ᠢ ᠪᠠᠶᠢᠴᠠᠭᠠᠵᠤ᠂ ᠣᠯᠠᠨ ᠢ ᠦᠷᠭᠦᠯᠵᠢᠯᠡᠨ ᠰᠢᠯᠢᠳᠡᠭ ᠰᠤᠷᠲᠠᠯ ᠢᠶᠠᠨ ᠪᠠᠳᠠᠷᠠᠭᠤᠯᠵᠤ᠂ ᠰᠡᠳᠭᠢᠯ ᠨᠢᠭᠡᠳᠦᠨ ᠬᠦᠴᠦ ᠪᠠᠨ ᠬᠠᠮᠲᠤᠳᠬᠠᠵᠤ ᠬᠢᠯᠢ ᠶᠢᠨ ᠪᠣᠭᠤᠮᠲᠠ ᠶᠢ ᠰᠠᠶᠢᠲᠤᠷ ᠰᠠᠬᠢᠬᠤ ᠬᠡᠷᠡᠭᠲᠡᠶ ᠭᠡᠵᠦ ᠵᠣᠷᠢᠭᠵᠢᠭᠤᠯᠪᠠ᠃ ᠲᠡᠷᠡ ᠬᠤᠯᠪᠣᠭᠳᠠᠯ ᠪᠥᠬᠦᠶ ᠲᠠᠯ᠎ᠠ ᠶᠢᠨ ᠬᠢᠨ ᠢ ᠤᠯᠤᠰ ᠤᠨ ᠪᠠᠲᠤᠯᠠᠨ ᠬᠠᠮᠠᠭᠠᠯᠠᠯᠲᠠ ᠶᠢᠨ ᠪᠥᠲᠥᠭᠡᠨ ᠪᠠᠶᠢᠭᠤᠯᠤᠯᠲᠠ ᠶᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ᠂ ᠰᠢᠰᠲ᠋ᠧᠮ ᠲᠠᠢ ᠲᠥᠯᠥᠪᠵᠢᠭᠦᠯᠬᠦ ᠪᠠᠨ ᠴᠢᠩᠭᠠᠳᠬᠠᠵᠤ᠂ ᠵᠠᠷᠢᠮ ᠴᠢᠬᠤᠯᠠ ᠶᠡᠭᠡ ᠵᠦᠢᠯᠡᠰ ᠢ ᠥᠪᠡᠷᠲᠡᠭᠡᠨ ᠵᠠᠰᠠᠬᠤ ᠣᠷᠣᠨ ᠤ ᠶᠠᠭ ᠰᠤᠳᠤᠯᠤᠨ ᠲᠣᠭᠲᠠᠭᠠᠵᠤ ᠪᠠᠶᠢᠭ᠎ᠠ ᠪᠣᠳᠠᠲᠠᠶ ᠲᠥᠰᠦᠯ ᠳᠤ ᠣᠷᠣᠭᠤᠯᠤᠨ ᠨᠢᠭᠡᠳᠦᠯᠲᠡᠶ ᠲᠥᠯᠥᠪᠵᠢᠭᠦᠯᠦᠨ ᠪᠣᠳᠣᠯᠬᠢᠯᠠᠵᠤ᠂ ᠲᠣᠭᠲᠠᠭᠰᠠᠨ ᠶᠠᠪᠤᠳᠠᠯ ᠢ ᠴᠢᠩᠭ᠎ᠠ ᠠᠩᠬᠠᠷᠴᠤ ᠨᠠᠶᠢᠳᠠᠪᠤᠷᠢᠵᠢᠭᠤᠯᠬᠤ ᠬᠡᠷᠡᠭᠲᠡᠶ ᠭᠡᠵᠦ ᠵᠠᠬᠢᠪᠠ᠃
      ᠰᠦᠨ ᠱᠤᠤ ᠴᠧᠩ ᠭᠤᠪᠢ ᠨᠤᠲᠤᠭ ᠲᠤ ᠭᠦᠨᠵᠡᠭᠡᠶᠢᠷᠡᠵᠦ᠂ ᠬᠢᠯᠢ ᠬᠠᠮᠠᠭᠠᠯᠠᠭᠴᠢ ᠤᠶᠤᠨᠴᠢᠮᠡᠭ᠂ ᠨᠢᠮ᠎ᠠ᠂ ᠯᠢ ᠵᠢᠶᠠᠨ ᠫᠢᠩ ᠢ ᠪᠣᠯᠭᠤᠭᠠᠨ ᠦᠵᠡᠪᠡ᠃ ᠤᠤᠭᠤᠬᠤ ᠤᠰᠤ᠂ ᠳᠤᠯᠠᠭᠠᠯᠠᠭ᠎ᠠ᠂ ᠴᠠᠬᠢᠯᠭᠠᠨ ᠢ ᠬᠡᠷᠬᠢᠨ ᠰᠢᠢᠳᠪᠦᠷᠢᠯᠡᠵᠦ ᠪᠠᠶᠢᠭ᠎ᠠ᠂ ᠡᠪᠡᠳᠴᠢᠨ ᠦᠵᠡᠭᠦᠯᠵᠦ ᠡᠮᠨᠡᠭᠦᠯᠬᠦ ᠳᠤ ᠲᠥᠬᠦᠮ ᠡᠰᠡᠬᠦ᠂ ᠬᠢᠯᠢ ᠬᠢᠵᠠᠭᠠᠷ ᠢ ᠬᠠᠮᠠᠭᠠᠯᠠᠬᠤ ᠨᠥᠬᠦᠪᠥᠷᠢ ᠬᠡᠳᠦᠶ ᠪᠠᠶᠢᠬᠤ᠂ ᠵᠠᠯᠠᠭᠤᠴᠤᠳ ᠬᠢᠯᠢ ᠬᠢᠵᠠᠭᠠᠷ ᠢ ᠰᠠᠬᠢᠨ ᠬᠠᠮᠠᠭᠠᠯᠠᠬᠤ ᠳᠤᠷᠠᠲᠠᠶ ᠡᠰᠡᠬᠦ ᠵᠡᠷᠭᠡ ᠶᠢ ᠲᠡᠷᠡ ᠴᠥᠮ ᠮᠠᠰᠢ ᠨᠠᠷᠢᠨ ᠠᠰᠠᠭᠤᠪᠠ᠃ ᠲᠡᠷᠡ᠂ ᠡᠯ᠎ᠡ ᠭᠠᠵᠠᠷ ᠤᠨ ᠬᠢᠨ ᠬᠢᠯᠢ ᠬᠢᠵᠠᠭᠠᠷ ᠣᠷᠣᠨ ᠤ ᠬᠠᠮᠠᠭᠠᠯᠠᠭᠴᠢ ᠶᠢᠨ ᠡᠩᠨᠡᠭᠡ ᠶᠢᠨ ᠦᠢᠯᠡᠳᠦᠯ ᠢ ᠰᠠᠶᠢᠲᠤᠷ ᠪᠠᠳᠠᠷᠠᠭᠤᠯᠵᠤ᠂ ᠡᠯ᠎ᠡ ᠵᠦᠶ᠋ᠯ ᠤᠨ ᠨᠥᠬᠦᠪᠥᠷᠢ ᠥᠭᠬᠦ ᠲᠥᠷᠥ ᠶᠢᠨ ᠪᠣᠳᠣᠯᠭ᠎ᠠ ᠶᠢ ᠰᠠᠶᠢᠲᠤᠷ ᠨᠠᠶᠢᠳᠠᠪᠤᠷᠢᠵᠢᠭᠤᠯᠵᠤ᠂ ᠲᠡᠳᠡᠨ ᠤ ᠰᠠᠨᠠᠭ᠎ᠠ ᠠᠮᠤᠷ ᠬᠢᠯᠢ ᠬᠢᠵᠠᠭᠠᠷ ᠢᠶᠠᠨ ᠬᠠᠮᠠᠭᠠᠯᠠᠬᠤ ᠶᠢ ᠪᠠᠳᠤᠯᠬᠠᠤ ᠬᠡᠷᠡᠭᠲᠡᠶ ᠬᠡᠵᠦ ᠬᠡᠯᠡᠪᠡ᠃ ᠬᠢᠯᠢ ᠬᠢᠵᠠᠭᠠᠷ ᠢ ᠰᠠᠬᠢᠬᠤ ᠡᠭᠦᠷᠭᠡ ᠬᠠᠷᠢᠭᠤᠴᠠᠯᠭ᠎ᠠ ᠠᠵᠢᠯ ᠤᠨ ᠬᠤᠪᠢᠶᠠᠷᠢᠯᠠᠯ ᠪᠣᠯᠤᠨ ᠦᠨᠳᠦᠰᠦᠨ ᠱᠠᠲᠤᠨ ᠤ ᠰᠦᠪᠡᠭᠴᠢᠯᠡᠨ ᠪᠠᠶᠢᠭᠤᠯᠤᠭᠰᠠᠨ ᠬᠠᠮᠲᠤᠷᠠᠭᠰᠠᠨ ᠨᠠᠮ ᠤᠨ ᠡᠭᠦᠷ᠂ ᠬᠤᠯᠪᠣᠭᠠᠲᠤ ᠨᠠᠮ ᠤᠨ ᠬᠤᠷᠢᠶᠠᠨ ᠤ ᠪᠠᠶᠢᠳᠠᠯ ᠢ ᠨᠠᠷᠢᠨ ᠣᠶᠢᠯᠠᠭᠠᠭᠰᠠᠨ ᠤ ᠳᠠᠷᠠᠭ᠎ᠠ᠂ ᠰᠦᠨ ᠱᠤᠤ ᠴᠧᠩ ᠬᠠᠮᠲᠤ ᠶᠠᠪᠤᠭ᠎ᠠ ᠨᠥᠬᠦᠳ ᠲᠠᠢ ᠪᠠᠨ ᠰᠠᠨᠠᠯ ᠢᠶᠠᠨ ᠭᠦᠨᠵᠡᠭᠡᠢ ᠰᠣᠯᠢᠯᠴᠠᠵᠤ᠂ ᠬᠤᠯᠪᠣᠭᠠᠯᠠᠨ ᠰᠡᠷᠭᠡᠶᠢᠯᠡᠵᠦ ᠬᠤᠯᠪᠣᠭᠠᠯᠠᠨ ᠡᠵᠡᠮᠳᠡᠬᠦ ᠲᠣᠭᠲᠠᠴᠠ ᠶᠢ ᠬᠡᠷᠬᠢᠨ ᠪᠣᠳᠠᠲᠠᠢ ᠨᠠᠷᠢᠯᠢᠭ ᠨᠠᠶᠢᠳᠠᠪᠤᠷᠢᠵᠢᠭᠤᠯᠬᠤ ᠲᠤᠬᠠᠢ ᠶᠠᠷᠢᠯᠴᠠᠵᠠᠢ᠃ ᠲᠡᠷᠡ᠂ ᠨᠠᠮ ᠵᠠᠰᠠᠭ ᠴᠡᠷᠢᠭ ᠴᠠᠭᠳᠠᠭ᠎ᠠ ᠠᠷᠠᠳ ᠬᠤᠯᠪᠣᠭᠠᠯᠠᠨ ᠰᠡᠷᠭᠡᠶᠢᠯᠡᠵᠦ ᠬᠤᠯᠪᠣᠭᠠᠯᠠᠨ ᠡᠵᠡᠮᠳᠡᠬᠦ ᠲᠣᠭᠲᠠᠴᠠ ᠪᠣᠯ ᠬᠤᠭᠤᠰᠣᠨ ᠦᠭᠡ ᠪᠢᠰᠢ᠂ ᠬᠤᠯᠪᠣᠭᠳᠠᠯ ᠪᠥᠬᠦᠶ ᠲᠠᠯ᠎ᠠ ᠶᠢᠨ ᠬᠢᠨ ᠭᠦᠨᠵᠡᠭᠡᠶ ᠰᠤᠳᠤᠯᠵᠤ᠂ ᠪᠣᠳᠠᠲᠤ ᠪᠠᠶᠢᠳᠠᠯ ᠲᠠᠢ ᠪᠠᠨ ᠤᠶᠠᠯᠳᠤᠭᠤᠯᠤᠨ ᠠᠷᠭᠠᠴᠠᠭᠠᠬᠤ ᠠᠷᠭ᠎ᠠ ᠬᠡᠮᠵᠢᠶ᠎ᠡ ᠪᠠᠨ ᠲᠠᠰᠤᠷᠠᠯᠲᠠ ᠥᠬᠡᠶ ᠲᠡᠭᠦᠯᠳᠡᠷᠵᠢᠭᠦᠯᠵᠦ᠂ ᠡᠨᠡ ᠬᠦ ᠲᠣᠭᠲᠠᠴᠠ ᠶᠢ ᠨᠠᠩ ᠦᠷ᠎ᠡ ᠪᠦᠲᠦᠮᠵᠢᠲᠡᠶ ᠨᠠᠶᠢᠳᠠᠪᠤᠷᠢᠵᠢᠭᠤᠯᠵᠤ᠂ ᠬᠢᠯᠢ ᠬᠢᠵᠠᠭᠠᠷ ᠢ ᠰᠠᠬᠢᠨ ᠬᠠᠮᠠᠭᠠᠯᠠᠬᠤ ᠬᠦᠴᠦᠷᠬᠡᠭ ᠶᠡᠭᠡ ᠬᠠᠮᠲᠤᠷᠠᠯ ᠬᠦᠴᠦᠨ ᠢ ᠨᠢᠭᠲᠠᠷᠠᠭᠤᠯᠬᠤ ᠬᠡᠷᠡᠭᠲᠡᠶ᠃ ᠨᠠᠮ ᠤᠨ ᠪᠠᠶᠢᠭᠤᠯᠤᠯᠲᠠ ᠶᠢᠨ ᠬᠥᠲᠥᠯᠥᠨ ᠳᠠᠭᠠᠭᠤᠯᠬᠤ ᠦᠢᠯᠡᠳᠦᠯ ᠢ ᠬᠦᠢᠴᠡᠳ ᠪᠠᠳᠠᠷᠠᠭᠤᠯᠵᠤ᠂ ᠬᠤᠯᠪᠣᠭᠠᠯᠠᠨ ᠰᠡᠷᠭᠡᠶᠢᠯᠡᠵᠦ ᠬᠤᠯᠪᠣᠭᠠᠯᠠᠨ ᠡᠵᠡᠮᠳᠡᠬᠦ ᠪᠠ ᠬᠤᠶᠠᠷ ᠢ ᠬᠦᠷᠢᠶᠡᠯᠡᠵᠦ ᠬᠠᠮᠲᠤ ᠪᠠᠷ ᠪᠠᠶᠢᠭᠤᠯᠬᠤ ᠰᠠᠭᠤᠷᠢ ᠶᠢ ᠤᠯᠠᠮ ᠴᠢᠨᠠᠭᠰᠢᠳᠠ ᠪᠠᠬᠢᠵᠢᠭᠦᠯᠵᠦ᠂ ᠬᠢᠯᠢ ᠬᠢᠵᠠᠭᠠᠷ ᠢ ᠰᠠᠬᠢᠨ ᠬᠠᠮᠠᠭᠠᠯᠠᠭᠰᠠᠨ ᠵᠢᠱᠢᠶᠡᠴᠢ ᠬᠥᠮᠦᠰ ᠪᠠ ᠲᠡᠷᠢᠭᠦᠨ ᠤ ᠦᠢᠯᠡ ᠠᠵᠢᠯᠯᠠᠭ᠎ᠠ ᠶᠢ ᠶᠡᠭᠡ ᠪᠠᠷ ᠤᠬᠠᠭᠤᠯᠬᠤ ᠬᠡᠷᠡᠭᠲᠡᠶ᠃ ᠬᠠᠮᠲᠤᠷᠠᠭᠰᠠᠨ ᠨᠠᠮ ᠤᠨ ᠪᠠᠶᠢᠭᠤᠯᠤᠯᠲᠠ ᠶᠢ ᠥᠷᠨᠢᠭᠦᠯᠬᠦ ᠳᠤ ᠵᠠᠪᠠᠯ ᠪᠣᠳᠠᠲᠤ ᠦᠷ᠎ᠡ ᠪᠦᠲᠦᠮᠵᠢ ᠶᠢ ᠴᠢᠬᠤᠯᠠᠴᠢᠯᠠᠵᠤ᠂ ᠬᠠᠮᠲᠤ ᠪᠠᠷ ᠵᠠᠰᠠᠬᠤ ᠨᠡᠶᠢᠯᠡᠮᠡᠯ ᠬᠦᠴᠦᠨ ᠢ ᠪᠤᠢ ᠪᠣᠯᠭᠠᠬᠤ ᠶᠢ ᠦᠨᠡᠨ ᠬᠦ ᠪᠠᠲᠤᠯᠠᠬᠤ ᠬᠡᠷᠡᠭᠲᠡᠢ ᠭᠡᠵᠦ ᠬᠡᠯᠡᠪᠡ᠃
     ᠰᠦᠨ ᠱᠤᠤ ᠴᠧᠩ ᠬᠢᠯᠢ ᠬᠢᠵᠠᠭᠠᠷ ᠣᠷᠣᠨ ᠤ ᠲᠡᠮᠡᠭᠡ ᠲᠡᠵᠢᠭᠡᠨ ᠦᠷᠡᠵᠢᠭᠦᠯᠬᠦ᠂ ᠴᠠᠭᠠᠨ ᠭᠤᠶᠣᠣ ᠲᠠᠷᠢᠬᠤ ᠵᠡᠷᠭᠡ ᠤᠨᠴᠠᠯᠢᠬᠳᠤ ᠠᠵᠤ ᠦᠢᠯᠡᠰ ᠤᠨ ᠬᠥᠭᠵᠢᠯᠲᠡ ᠵᠢᠴᠢ ᠲᠣᠰᠬᠤᠨ ᠤ ᠬᠠᠮᠲᠤ ᠶᠢᠨ ᠠᠵᠤ ᠠᠬᠤᠢ ᠶᠢᠨ ᠪᠠᠶᠢᠳᠠᠯ ᠢ ᠭᠦᠨᠵᠡᠭᠡᠢ ᠰᠢᠨᠵᠢᠯᠡᠨ ᠪᠠᠶᠢᠴᠠᠭᠠᠪᠠ᠃ ᠲᠡᠷᠡ᠂ ᠠᠵᠤ ᠦᠢᠯᠡᠰ ᠪᠣᠯ ᠬᠢᠯᠢ ᠬᠢᠵᠠᠭᠠᠷ ᠢ ᠪᠠᠬᠢᠵᠢᠭᠦᠯᠬᠦ ᠬᠢᠯᠢ ᠬᠢᠵᠠᠭᠠᠷ ᠢ ᠠᠮᠤᠷᠵᠢᠭᠤᠯᠬᠤ ᠬᠢᠯᠢ ᠬᠢᠵᠠᠭᠠᠷ ᠢ ᠬᠥᠭᠵᠢᠭᠦᠯᠬᠦ ᠶᠢᠨ ᠦᠨᠳᠦᠰᠦ ᠮᠥᠨ᠂ ᠭᠠᠵᠠᠷ ᠣᠷᠣᠨ ᠤ ᠣᠨᠴᠠᠯᠢᠭ ᠪᠣᠯᠤᠨ ᠳᠠᠪᠠᠭᠤᠯᠢᠭ ᠲᠠᠭᠠᠨ ᠰᠠᠭᠤᠷᠢᠯᠠᠵᠤ᠂ ᠠᠷᠭ᠎ᠠ ᠪᠦᠬᠦᠨ ᠢ ᠰᠦᠪᠡᠭᠴᠢᠯᠡᠨ ᠠᠵᠤ ᠦᠢᠯᠡᠰ ᠢᠶᠠᠨ ᠬᠥᠭᠵᠢᠭᠦᠯᠬᠦ ᠬᠡᠷᠡᠭᠲᠡᠢ᠃ ᠠᠵᠤ ᠦᠢᠯᠡᠰ ᠢ ᠬᠥᠭᠵᠢᠭᠦᠯᠬᠦ ᠳᠤ ᠬᠡᠪᠴᠢᠶᠡᠵᠢᠭᠦᠯᠬᠦ ᠵᠠᠮ ᠢᠶᠠᠷ ᠵᠠᠮᠨᠠᠬᠤ ᠬᠡᠷᠡᠭᠲᠡᠢ᠂ ᠪᠠᠭ᠎ᠠ ᠶᠠᠪᠤᠳᠠᠯ ᠳᠡᠭᠡᠷ᠎ᠡ ᠰᠡᠳᠭᠢᠯ ᠬᠠᠨᠤᠵᠤ ᠪᠣᠯᠬᠤ ᠦᠭᠡᠢ ᠮᠥᠷᠲᠡᠭᠡᠨ ᠰᠣᠬᠤᠷ ᠪᠠᠯᠠᠢ ᠪᠠᠷ ᠶᠠᠭᠠᠷᠠᠵᠤ ᠪᠣᠯᠬᠤ ᠦᠭᠡᠢ᠂ ᠵᠠᠪᠠᠯ ᠰᠡᠳᠭᠢᠯ ᠰᠢᠭᠤᠳᠤᠨ᠂ ᠴᠢᠭᠯᠡᠯ ᠢᠶᠠᠨ ᠣᠨᠣᠪᠴᠢᠲᠠᠢ ᠣᠯᠵᠤ ᠯᠠᠪᠳᠠᠭᠤᠨ ᠪᠠᠲᠤᠲᠠᠢ ᠠᠵᠢᠯᠯᠠᠵᠤ᠂ ᠠᠷᠭ᠎ᠠ ᠪᠦᠬᠦᠨ ᠢ ᠰᠦᠪᠡᠭᠴᠢᠯᠡᠵᠦ ᠪᠠᠶᠢᠭᠠᠳ ᠬᠡᠪᠴᠢᠶ᠎ᠡ ᠪᠠᠨ ᠥᠷᠭᠡᠳᠭᠡᠵᠦ᠂ ᠲᠦᠷᠦᠯ ᠲᠡᠮᠳᠡᠭ ᠢᠶᠠᠨ ᠬᠦᠴᠦᠷᠬᠡᠭᠵᠢᠭᠦᠯᠵᠦ᠂ ᠠᠵᠤ ᠦᠢᠯᠡᠰ ᠤᠨ ᠲᠠᠳᠠᠬᠤ ᠴᠢᠳᠠᠪᠤᠷᠢ ᠪᠣᠯᠤᠨ ᠭᠠᠵᠠᠷ ᠣᠷᠣᠨ ᠤ ᠴᠢᠳᠠᠪᠦᠷᠢᠳᠡᠨ ᠤ ᠰᠡᠳᠬᠢᠯ ᠢ ᠨᠢ ᠤᠯᠵᠤ ᠦᠯᠡᠳᠡᠭᠡᠨ ᠠᠪᠬᠤ ᠶᠢ ᠦᠨᠡᠨ ᠬᠦ ᠴᠢᠩᠭᠠᠳᠬᠠᠬᠤ ᠬᠡᠷᠡᠭᠲᠡᠢ ᠭᠡᠵᠦ ᠬᠡᠯᠡᠪᠡ᠃
     ᠰᠦᠨ ᠱᠤᠤ ᠴᠧᠩ ᠤᠷᠢᠳ ᠬᠤᠵᠢᠳ ᠴᠡᠭᠡ᠂ ᠥᠯᠵᠡᠶ ᠪᠣᠯᠤᠨ ᠮᠠᠨᠳᠤᠯ ᠪᠣᠭᠤᠮᠲᠠ ᠳᠤ ᠬᠦᠷᠴᠦ᠂ ᠪᠣᠭᠤᠮᠲᠠ ᠶᠢᠨ ᠲᠥᠯᠥᠪᠵᠢᠭᠦᠯᠭᠡ ᠪᠣᠯᠤᠨ ᠪᠥᠲᠥᠭᠡᠨ ᠪᠠᠶᠢᠭᠤᠯᠤᠯᠲᠠ ᠶᠢᠨ ᠪᠠᠶᠢᠳᠠᠯ ᠢ ᠭᠦᠨᠵᠡᠭᠡᠶ ᠣᠶᠢᠯᠠᠭᠠᠵᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠠ ᠪᠣᠭᠤᠮᠲᠠ ᠪᠠᠷ ᠥᠩᠭᠡᠷᠡᠬᠦ ᠪᠠᠶᠢᠳᠠᠯ ᠤᠨ ᠲᠠᠨᠢᠯᠴᠠᠭᠤᠯᠭ᠎ᠠ ᠶᠢ ᠰᠣᠨᠣᠰᠪᠠ᠃ ᠲᠡᠷᠡ᠂ ᠥᠪᠡᠷᠲᠡᠭᠡᠨ ᠵᠠᠰᠠᠬᠤ ᠣᠷᠣᠨ ᠤ ᠲᠠᠯ᠎ᠠ ᠠᠴᠠ ᠲᠥᠯᠥᠪᠵᠢᠭᠦᠯᠭᠡ ᠪᠠᠨ ᠰᠠᠶᠢᠲᠤᠷ ᠬᠢᠵᠦ᠂ ᠪᠠᠶᠢᠷᠢ ᠲᠣᠭᠲᠠᠭᠠᠯᠲᠠ ᠪᠠᠨ ᠣᠨᠣᠪᠴᠢᠲᠠᠢ ᠬᠢᠵᠦ᠂ ᠪᠣᠭᠤᠮᠲᠠ ᠶᠢᠨ ᠡᠬᠢ ᠪᠠᠶᠠᠯᠢᠭ ᠢ ᠨᠢᠭᠡᠳᠦᠯᠲᠡᠢ ᠲᠥᠯᠥᠪᠵᠢᠭᠦᠯᠦᠨ ᠰᠠᠶᠢᠲᠤᠷ ᠬᠡᠷᠡᠭᠯᠡᠵᠦ᠂ ᠢᠵᠢᠯᠢ ᠪᠤᠳᠠᠰ ᠤᠨ ᠥᠷᠢᠰᠥᠯᠳᠦᠭᠡᠨ ᠠᠴᠠ ᠵᠠᠶᠢᠯᠠᠰᠭᠢᠵᠦ᠂ ᠡᠯ᠎ᠡ ᠭᠠᠵᠠᠷ ᠤᠨ ᠬᠢᠨ ᠢ ᠬᠦᠳᠦᠯᠥᠨ ᠳᠠᠭᠠᠭᠤᠯᠵᠤ ᠪᠠᠶᠢᠭᠠᠳ ᠨᠠᠷᠢᠯᠢᠭ ᠡᠳ᠋ᠰᠢᠭᠦᠯᠬᠦ ᠪᠠ ᠪᠣᠳᠠᠲᠠᠢ ᠨᠠᠶᠢᠳᠠᠪᠤᠷᠢᠵᠢᠭᠤᠯᠬᠤ ᠠᠵᠤ ᠠᠬᠤᠢ ᠶᠢ ᠶᠡᠭᠡ ᠪᠠᠷ ᠬᠥᠭᠵᠢᠭᠦᠯᠵᠦ᠂ ︽ᠭᠠᠷ ᠲᠠᠮᠵᠢᠪᠠᠴᠤ ᠠᠰᠢᠭ ᠰᠢᠩᠭᠡᠬᠦ ᠦᠭᠡᠢ︾ ᠠᠰᠠᠭᠤᠳᠠᠯ ᠢ ᠰᠠᠶᠢᠳᠤᠷ ᠰᠢᠢᠳᠪᠦᠷᠢᠯᠡᠬᠦ ᠬᠡᠷᠡᠭᠲᠡᠢ᠃ ᠬᠤᠶᠢᠰᠢᠳᠠ ᠬᠦᠷᠢᠶᠡᠯᠡᠩ ᠲᠣᠭᠤᠷᠢᠭ ᠢ ᠰᠢᠨ᠎ᠡ ᠪᠠᠷ ᠲᠥᠯᠥᠪᠵᠢᠭᠦᠯᠦᠨ ᠪᠦᠲᠦᠭᠡᠨ ᠪᠠᠶᠢᠭᠤᠯᠬᠤ ᠳᠠᠭᠠᠨ ᠡᠨᠧᠷᠭᠢ ᠶᠢᠨ ᠬᠤᠷᠣᠭᠳᠠᠭᠤᠯᠤᠯ ᠶᠡᠬᠡᠲᠡᠶ ᠭᠠᠳᠠᠭᠰᠢᠯᠠᠭᠤᠯᠤᠯᠲᠠ ᠶᠡᠬᠡᠲᠡᠶ ᠬᠠᠭᠤᠴᠢᠨ ᠵᠠᠮ ᠢᠶᠠᠷ ᠶᠠᠭᠠᠬᠢᠭᠰᠠᠨ ᠴᠤ ᠳᠠᠬᠢᠨ ᠵᠠᠮᠨᠠᠵᠤ ᠪᠣᠯᠬᠤ ᠦᠭᠡᠶ᠂ ᠡᠷᠬᠡᠪᠰᠢ ᠨᠡᠭᠦᠷᠡᠰᠦᠲᠦ᠋ᠷᠥᠭᠴᠢ ᠦᠯᠦ ᠭᠠᠳᠠᠭᠰᠢᠯᠠᠭᠤᠯᠬᠤ ᠪᠠᠷᠢᠮᠵᠢᠶ᠎ᠠ ᠶᠣᠰᠣᠭᠠᠷ ᠪᠦᠲᠦᠭᠡᠨ ᠪᠠᠶᠢᠭᠤᠯᠬᠤ ᠬᠡᠷᠡᠭᠲᠡᠶ ᠭᠡᠵᠦ ᠬᠡᠯᠡᠪᠡ᠃ ᠲᠡᠷᠡ᠂ ᠬᠢᠯᠢ ᠬᠢᠵᠠᠭᠠᠷ ᠣᠷᠣᠨ ᠤ ᠣᠯᠠᠩᠬᠢ ᠨᠢ ᠤᠰᠤ ᠳᠤᠲᠠᠵᠤ᠂ ᠤᠰᠤ ᠶᠢ ᠠᠷᠪᠢᠯᠠᠨ ᠬᠡᠷᠡᠭᠯᠡᠬᠦ ᠶᠢ ᠶᠡᠭᠡ ᠪᠠᠷ ᠠᠬᠢᠭᠤᠯᠵᠤ᠂ ᠤᠰᠤ ᠬᠠᠳᠠᠭᠠᠯᠠᠬᠤ ᠴᠢᠳᠠᠪᠤᠷᠢ ᠪᠠᠨ ᠤᠯᠠᠮ ᠴᠢᠨᠠᠭᠰᠢᠳᠠ ᠴᠢᠩᠭᠠᠳᠬᠠᠵᠤ᠂ ᠠᠵᠤ ᠦᠢᠯᠡᠰ ᠤᠨ ᠬᠥᠭᠵᠢᠯᠲᠡ ᠳᠤ ᠬᠦᠴᠦᠲᠡᠢ ᠪᠠᠲᠤᠯᠠᠭ᠎ᠠ ᠬᠠᠩᠭᠠᠬᠤ ᠬᠡᠷᠡᠭᠲᠡᠢ ᠭᠡᠵᠦ ᠬᠡᠯᠡᠪᠡ᠃      ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠨᠠᠷᠢᠨ ᠪᠢᠴᠢᠭ ᠤᠨ ᠳᠠᠷᠤᠭ᠎ᠠ ᠢᠦᠢ ᠯᠢ ᠰᠢᠨ ᠠᠵᠢᠯᠯᠠᠭ᠎ᠠ ᠳᠤ ᠣᠷᠣᠯᠴᠠᠵᠠᠢ᠃
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ ᠤ ᠬᠢᠳᠠᠳ ᠬᠡᠪᠯᠡᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号