ᠡᠯ᠎ᠡ ᠭᠠᠵᠠᠷ ᠣᠷᠣᠨ ᠡᠯ᠎ᠡ ᠨᠢᠭᠡᠴᠢ  ᠶᠢᠨ ᠬᠢᠨ ᠠᠰᠠᠭᠤᠳᠠᠯ  ᠤᠨ ᠨᠠᠷᠢᠨ ᠲᠠᠩᠰᠠ ᠶᠢ ᠵᠠᠷᠯᠠᠨ ᠨᠡᠶᠢᠲᠡᠯᠡᠵᠦ ᠨᠠᠮ ᠤᠨ ᠳᠣᠲᠣᠭᠠᠳᠤ  ᠶᠢᠨ ᠤᠯᠤᠰ ᠲᠥᠷᠥ  ᠶᠢᠨ ᠠᠮᠢᠳᠤᠷᠠᠯ ᠳᠠᠬᠢ ᠪᠣᠯᠭᠢᠴᠢᠯᠠᠭᠰᠠᠨ ᠠᠷᠠᠯᠵᠢᠶᠠᠯᠠᠭᠰᠠᠨ ᠠᠰᠠᠭᠤᠳᠠᠯ  ᠢ ᠲᠥᠪᠯᠡᠷᠡᠭᠦᠯᠦᠨ ᠵᠠᠰᠠᠬᠤ ᠠᠵᠢᠯ ᠢ ᠡᠬᠢᠯᠡᠭᠦᠯᠪᠡ
ᠨᠡᠶᠢᠲᠡᠯᠡᠭᠰᠡᠨ ᠴᠠᠭ᠄
2022/4/21
     ᠣᠶᠢᠷ᠎ᠠ  ᠳᠤ᠂ ᠥᠪᠡᠷᠲᠡᠭᠡᠨ ᠵᠠᠰᠠᠬᠤ ᠣᠷᠣᠨ ᠤ ᠨᠠᠮ  ᠤᠨ ᠬᠤᠷᠢᠶ᠎ᠠ  ᠶᠢᠨ ᠪᠦᠭᠦ ᠣᠷᠣᠨ ᠤ ᠨᠠᠮ ᠤᠨ ᠳᠣᠲᠣᠭᠠᠳᠤ ᠶᠢᠨ ᠤᠯᠤᠰ ᠲᠥᠷᠥ ᠶᠢᠨ ᠠᠮᠢᠳᠤᠷᠠᠯ ᠳᠠᠬᠢ ᠪᠣᠯᠭᠢᠴᠢᠯᠠᠭᠰᠠᠨ ᠠᠷᠠᠯᠵᠢᠶᠠᠯᠠᠭᠰᠠᠨ ᠠᠰᠠᠭᠤᠳᠠᠯ ᠢ ᠲᠥᠪᠯᠡᠷᠡᠭᠦᠯᠦᠨ ᠵᠠᠰᠠᠬᠤ ᠠᠰᠠᠭᠤᠳᠠᠯ ᠤᠨ ︽ᠬᠡᠷᠡᠭᠵᠢᠭᠦᠯᠬᠦ ᠲᠥᠰᠥᠯ︾   ᠤᠨ ᠨᠢᠭᠡᠳᠦᠯᠲᠡᠢ  ᠪᠠᠶᠢᠷᠢᠯᠠᠭᠤᠯᠤᠯᠲᠠ  ᠶᠣᠰᠣᠭᠠᠷ᠂ ᠭᠦᠭᠡᠬᠤᠲᠠ᠂ ᠬᠥᠯᠥᠨ ᠪᠤᠶᠢᠷ ᠬᠤᠳᠠ᠂ ᠬᠢᠩᠭᠠᠨ ᠠᠶᠢᠮᠠᠭ᠂ ᠰᠢᠯᠢ ᠶᠢᠨ ᠭᠤᠣᠯ ᠠᠶᠢᠮᠠᠭ᠂ ᠣᠷᠳᠣᠰ ᠬᠤᠲᠠ᠂ ᠪᠠᠶᠠᠨᠨᠠᠭᠤᠷ ᠬᠤᠲᠠ ᠵᠡᠷᠭᠡ 9 ᠠᠶᠢᠮᠠᠭ ᠬᠤᠲᠠ᠂ ᠥᠪᠡᠷᠲᠡᠭᠡᠨ ᠵᠠᠰᠠᠬᠤ ᠣᠷᠣᠨ  ᠤ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠥᠪᠯᠡᠯ  ᠤᠨ ᠪᠠᠶᠢᠭᠤᠯᠭ᠎ᠠ᠂ ᠨᠠᠮ ᠤᠨ ᠬᠤᠷᠢᠶᠠᠨ  ᠤ ᠤᠬᠠᠭᠤᠯᠬᠤ ᠬᠡᠯᠲᠡᠰ᠂ ᠰᠢᠭᠤᠳ ᠬᠠᠷᠢᠶ᠎ᠠ ᠪᠠᠶᠢᠭᠤᠯᠭ᠎ᠠ  ᠶᠢᠨ ᠨᠠᠮ ᠤᠨ ᠠᠵᠢᠯ  ᠤᠨ ᠬᠤᠷᠢᠶ᠎ᠠ᠂ ᠰᠤᠷᠭᠠᠨ ᠬᠥᠮᠦᠵᠢᠯ ᠤᠨ ᠠᠵᠢᠯ  ᠤᠨ ᠬᠤᠷᠢᠶ᠎ᠠ᠂ ᠤᠯᠤᠰ  ᠤᠨ ᠥᠮᠴᠢᠯᠡᠯᠲᠦ ᠡᠳ᠋ ᠬᠥᠷᠥᠩᠭᠡ  ᠶᠢᠨ ᠬᠢᠨᠠᠯᠲᠠ ᠬᠠᠮᠢᠶᠠᠷᠤᠯᠲᠠ  ᠶᠢᠨ ᠵᠥᠪᠯᠡᠯ ᠤᠨ ᠨᠠᠮ  ᠤᠨ ᠬᠤᠷᠢᠶ᠎ᠠ ᠵᠡᠷᠭᠡ 60 ᠲᠢᠩᠬᠢᠮ ᠲᠣᠪᠴᠢᠶ᠎ᠠ ᠨᠢᠭᠡᠴᠢ᠂ ᠥᠪᠥᠷ ᠮᠣᠩᠭᠤᠯ ᠪᠠᠩᠬᠢ᠂ ᠥᠪᠥᠷ ᠮᠣᠩᠭᠤᠯ  ᠤᠨ ᠲᠦᠷᠭᠡᠨ  ᠤ ᠵᠠᠮ  ᠤᠨ ᠺᠤᠮᠫᠠᠨᠢ ᠵᠡᠷᠭᠡ 6 ᠤᠯᠤᠰ  ᠤᠨ ᠥᠮᠴᠢᠯᠡᠯᠲᠦ ᠠᠵᠤ ᠠᠬᠤᠶᠢᠯᠠᠯ ᠨᠠᠮ  ᠤᠨ ᠬᠤᠷᠢᠶ᠎ᠠ ︵ᠨᠠᠮ ᠤᠨ ᠤᠳᠤᠷᠢᠳᠬᠤ ᠳᠤᠭᠤᠶᠢᠯᠠᠩ︶ ᠶᠢᠨ ᠬᠤᠷᠠᠯ ᠬᠤᠷᠠᠯᠳᠤᠭᠤᠯᠵᠤ᠂ ︽ᠬᠡᠷᠡᠭᠵᠢᠭᠦᠯᠬᠦ ᠲᠥᠰᠥᠯ︾  ᠢ ᠤᠯᠠᠮᠵᠢᠯᠠᠬᠤ᠂ ᠨᠠᠮ  ᠤᠨ ᠳᠣᠲᠣᠭᠠᠳᠤ  ᠶᠢᠨ ᠤᠯᠤᠰ ᠲᠥᠷᠥ  ᠶᠢᠨ ᠠᠮᠢᠳᠤᠷᠠᠯ ᠳᠠᠬᠢ ᠪᠣᠯᠭᠢᠴᠢᠯᠠᠭᠰᠠᠨ ᠠᠷᠠᠯᠵᠢᠶᠠᠯᠠᠭᠰᠠᠨ ᠠᠰᠠᠭᠤᠳᠠᠯ  ᠤᠨ ᠨᠠᠷᠢᠨ ᠲᠠᠩᠰᠠ  ᠶᠢ ᠵᠠᠷᠯᠠᠨ ᠨᠡᠶᠢᠲᠡᠯᠡᠵᠦ ᠲᠥᠪᠯᠡᠷᠡᠭᠦᠯᠦᠨ ᠵᠠᠰᠠᠬᠤ ᠠᠵᠢᠯ  ᠢ ᠪᠦᠭᠦ ᠲᠠᠯ᠎ᠠ ᠪᠠᠷ ᠡᠬᠢᠯᠡᠭᠦᠯᠪᠡ᠃ 4 ᠰᠠᠷ᠎ᠠ  ᠶᠢᠨ 13  ᠤ ᠡᠳᠦᠷ᠂ ᠥᠪᠡᠷᠲᠡᠭᠡᠨ ᠵᠠᠰᠠᠬᠤ ᠣᠷᠣᠨ  ᠤ ᠤᠯᠤᠰ  ᠤᠨ ᠥᠮᠴᠢᠯᠡᠯᠲᠦ ᠡᠳ᠋ ᠬᠥᠷᠥᠩᠭᠡ  ᠶᠢᠨ ᠬᠢᠨᠠᠯᠲᠠ ᠬᠠᠮᠢᠶᠠᠷᠤᠯᠲᠠ  ᠶᠢᠨ ᠵᠥᠪᠯᠡᠯ  ᠤᠨ ᠨᠠᠮ  ᠤᠨ ᠬᠤᠷᠢᠶ᠎ᠠ ᠤᠯᠤᠰ  ᠤᠨ ᠥᠮᠴᠢᠯᠡᠯᠲᠦ ᠡᠳ᠋ ᠬᠥᠷᠥᠩᠭᠡ ᠤᠯᠤᠰ  ᠤᠨ ᠥᠮᠴᠢᠯᠡᠯᠲᠦ ᠠᠵᠤ ᠠᠬᠤᠶᠢᠯᠠᠯ  ᠤᠨ ᠰᠢᠰᠲ᠋ᠧᠮ  ᠤᠨ ᠲᠥᠪᠯᠡᠷᠡᠭᠦᠯᠦᠨ ᠵᠠᠰᠠᠬᠤ ᠳᠠᠶᠢᠴᠢᠯᠠᠯᠲᠠ ᠪᠠᠶᠢᠷᠢᠯᠠᠭᠤᠯᠤᠯᠲᠠ  ᠶᠢᠨ ᠬᠤᠷᠠᠯ  ᠢ ᠲᠤᠰᠬᠠᠶᠢᠯᠠᠨ ᠬᠤᠷᠠᠯᠳᠤᠭᠤᠯᠪᠠ; 4 ᠰᠠᠷ᠎ᠠ  ᠶᠢᠨ 17  ᠤ ᠡᠳᠦᠷ᠂ ᠪᠠᠶᠠᠨᠨᠠᠭᠤᠷ ᠬᠤᠳᠠ  ᠶᠢᠨ ᠨᠠᠮ  ᠤᠨ ᠬᠤᠷᠢᠶ᠎ᠠ ᠲᠧᠯᠸᠢᠰ ᠤᠲᠠᠰᠤ ᠬᠤᠷᠠᠯ ᠬᠤᠷᠠᠯᠳᠤᠭᠤᠯᠵᠤ᠂ ᠪᠦᠭᠦ ᠬᠤᠳᠠ  ᠶᠢᠨ ᠲᠥᠪᠯᠡᠷᠡᠭᠦᠯᠦᠨ ᠵᠠᠰᠠᠬᠤ ᠠᠵᠢᠯ  ᠢ ᠠᠬᠢᠭᠤᠯᠬᠤ ᠲᠤᠬᠠᠢ ᠲᠤᠰᠬᠠᠢ ᠰᠡᠳᠦᠪ  ᠢᠶᠠᠷ ᠪᠠᠶᠢᠷᠢᠯᠠᠭᠤᠯᠪᠠ᠃ ᠡᠯ᠎ᠡ ᠭᠠᠵᠠᠷ ᠣᠷᠣᠨ ᠡᠯ᠎ᠡ ᠨᠢᠭᠡᠴᠢ  ᠶᠢᠨ ᠬᠢᠨ ᠨᠠᠮ  ᠤᠨ ᠳᠣᠲᠣᠭᠠᠳᠤ  ᠶᠢᠨ ᠤᠯᠤᠰ ᠲᠦᠷᠦ  ᠶᠢᠨ ᠠᠮᠢᠳᠤᠷᠠᠯ ᠳᠠᠬᠢ ᠪᠣᠯᠭᠢᠴᠢᠯᠠᠭᠰᠠᠨ ᠠᠷᠠᠯᠵᠢᠶᠠᠯᠠᠭᠰᠠᠨ ᠠᠰᠠᠭᠤᠳᠠᠯ  ᠤᠨ ᠨᠠᠷᠢᠨ ᠲᠠᠩᠰᠠ  ᠶᠢ ᠵᠠᠷᠯᠠᠨ ᠨᠡᠶᠢᠲᠡᠯᠡᠵᠦ᠂ ᠥᠷᠭᠡᠨ ᠤᠯᠠᠨ ᠨᠠᠮ  ᠤᠨ ᠭᠡᠰᠢᠭᠦᠨ ᠺᠠᠳ᠋ᠷ  ᠤᠨ ᠳᠤᠮᠳᠠ ᠴᠢᠩᠭ᠎ᠠ ᠲᠤᠰᠬᠠᠯ ᠭᠠᠷᠪᠠ᠃      ᠠᠰᠠᠭᠤᠳᠠᠯ  ᠤᠨ ᠨᠠᠷᠢᠨ ᠳᠠᠩᠰᠠ   ᠨᠢ ᠨᠠᠷᠢᠯᠢᠭ ᠤᠨᠤᠪᠴᠢᠲᠠᠢ ᠪᠠᠶᠢᠵᠤ᠂ ᠬᠠᠷᠢᠭᠤᠴᠠᠯᠭ᠎ᠠ ᠡᠭᠦᠷᠭᠡᠯᠡᠯ  ᠢ ᠢᠯᠡᠷᠡᠭᠦᠯᠪᠡ᠃ ᠡᠯ᠎ᠡ ᠭᠠᠵᠠᠷ ᠣᠷᠣᠨ ᠡᠯ᠎ᠡ ᠨᠢᠭᠡᠴᠢ ᠶᠢᠨ ᠨᠠᠮ  ᠤᠨ ᠭᠡᠰᠢᠭᠦᠨ ᠺᠠᠳ᠋ᠷᠴᠤᠳ᠂ ᠥᠪᠡᠷᠲᠡᠭᠡᠨ ᠵᠠᠰᠠᠬᠤ ᠣᠷᠣᠨ  ᠤ ᠨᠠᠮ  ᠤᠨ ᠬᠤᠷᠢᠶ᠎ᠠ ᠶᠡᠷᠦᠩᠬᠡᠢ ᠱᠦᠵᠢ ᠰᠢ ᠶᠢᠨ ᠫᠢᠩ  ᠤᠨ ᠠᠷᠪᠠᠨ ᠭᠤᠷᠪᠠᠳᠤᠭᠠᠷ ᠬᠤᠭᠤᠴᠠᠭᠠᠨ ᠤ ᠪᠦᠭᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ  ᠤᠨ ᠲᠠᠪᠤᠳᠤᠭᠠᠷ ᠬᠤᠷᠠᠯ  ᠤᠨ ᠥᠪᠥᠷ ᠮᠣᠩᠭᠤᠯ ᠤᠨ ᠲᠥᠯᠥᠭᠡᠯᠡᠭᠴᠢᠳ ᠤᠨ ᠪᠦᠯᠭᠦᠮ ᠤᠨ ᠬᠢᠨᠠᠨ ᠵᠥᠪᠯᠡᠭᠦ  ᠳᠤ ᠣᠷᠤᠯᠴᠠᠬᠤ ᠦᠶ᠎ᠡ  ᠶᠢᠨ ᠴᠢᠬᠤᠯᠠ ᠶᠠᠷᠢᠶᠠᠨ  ᠤ ᠵᠣᠷᠢᠭ ᠰᠠᠨᠠᠭ᠎ᠠ  ᠶᠢ ᠪᠦᠭᠦ ᠲᠠᠯ᠎ᠠ  ᠪᠠᠷ ᠲᠤᠭᠤᠰᠢᠯᠠᠭᠤᠯᠵᠤ᠂ ᠨᠠᠮ  ᠤᠨ ᠳᠣᠲᠣᠭᠠᠳᠤ  ᠶᠢᠨ ᠤᠯᠤᠰ ᠲᠦᠷᠦ  ᠶᠢᠨ ᠠᠮᠢᠳᠤᠷᠠᠯ ᠳᠠᠬᠢ ᠪᠣᠯᠭᠢᠴᠢᠯᠠᠭᠰᠠᠨ ᠠᠷᠠᠯᠵᠢᠶᠠᠯᠠᠭᠰᠠᠨ ᠠᠰᠠᠭᠤᠳᠠᠯ  ᠤᠨ ᠨᠠᠷᠢᠨ ᠲᠠᠩᠰᠠ ᠪᠣᠯᠣᠨ ᠪᠣᠳᠠᠲᠠᠢ ᠢᠯᠡᠷᠡᠯ  ᠢ ᠰᠢᠰᠲ᠋ᠧᠮ ᠲᠠᠢ ᠡᠮᠬᠢᠯᠡᠵᠦ᠂ ︽ᠵᠢᠵᠢᠭ ᠪᠦᠯᠭᠦᠮ ᠤᠨ ᠰᠣᠶᠣᠯ︾᠂ ︽ᠭᠠᠷᠠᠮ ᠤᠨ ᠰᠣᠶᠣᠯ︾᠂ ︽ᠠᠷᠢᠬᠢᠨ ᠰᠢᠷᠡᠭᠡᠨ  ᠤ ᠰᠣᠶᠣᠯ︾᠂ ︽ᠡᠷᠬᠡ  ᠶᠢᠨ ᠠᠷᠠᠯᠵᠢᠶ᠎ᠠ︾᠂ ︽ᠤᠯᠤᠰ ᠲᠥᠷᠥ  ᠶᠢᠨ ᠰᠠᠭᠤᠷᠢᠰᠢᠯ︾ ᠵᠡᠷᠭᠡ 11 ᠵᠦᠢᠯ  ᠤᠨ ᠦᠵᠡᠭᠳᠡᠯ  ᠢ ᠭᠦᠨᠵᠡᠭᠡᠢ ᠳᠦᠷᠰᠦᠯᠡᠵᠦ᠂ ᠠᠰᠠᠭᠤᠳᠠᠯ  ᠤᠨ ᠪᠠᠶᠢᠷᠢ ᠲᠣᠭᠲᠠᠭᠠᠯᠲᠠ ᠨᠢ ᠣᠨᠣᠪᠴᠢᠲᠠᠶ᠂ ᠢᠯᠡᠷᠡᠯ   ᠨᠢ ᠲᠣᠳᠣᠷᠬᠠᠢ᠂ ᠨᠠᠮ  ᠤᠨ ᠳᠣᠲᠣᠭᠠᠳᠤ  ᠶᠢᠨ ᠤᠯᠤᠰ ᠲᠥᠷᠥ  ᠶᠢᠨ ᠠᠮᠢ ᠠᠬᠤᠢ  ᠶᠢ ᠬᠤᠬᠢᠷᠠᠭᠤᠯᠬᠤ ᠭᠠᠵᠢᠭᠤ ᠰᠤᠷᠲᠠᠯ   ᠢ ᠣᠨᠣᠪᠴᠢᠲᠠᠶ ᠵᠢᠭᠠᠨ ᠭᠠᠷᠭᠠᠵᠤ᠂ ᠨᠠᠮ  ᠤᠨ ᠳᠣᠲᠣᠭᠠᠳᠤ  ᠶᠢᠨ ᠤᠯᠤᠰ ᠲᠦᠷᠦ  ᠶᠢᠨ ᠠᠮᠢᠳᠤᠷᠠᠯ  ᠤᠨ ︽ᠤᠯᠠᠭᠠᠨ ᠱᠤᠭᠤᠮ︾ ᠪᠣᠯᠣᠨ ︽ᠬᠤᠷᠢᠭᠠᠲᠤ ᠣᠷᠣᠨ︾   ᠢ ᠠᠮᠢᠳᠤ ᠳᠦᠷᠰᠦᠯᠢᠭ  ᠢᠶᠠᠷ ᠵᠢᠷᠤᠵᠤ ᠭᠠᠷᠭᠠᠪᠠ ᠭᠡᠵᠦ ᠰᠠᠨᠠᠯ ᠨᠢᠭᠡᠲᠡᠢ ᠦᠵᠡᠵᠡᠭᠡᠪᠡ᠃      ᠭᠦᠭᠡᠬᠤᠲᠠ  ᠶᠢᠨ ᠨᠠᠮ ᠤᠨ ᠬᠤᠷᠢᠶᠠᠨ  ᠤ ᠪᠠᠶᠢᠩᠭᠤ  ᠶᠢᠨ ᠬᠤᠷᠢᠶᠠᠨ  ᠤ ᠬᠤᠷᠠᠯ ᠠᠴᠠ᠂ ᠠᠰᠠᠭᠤᠳᠠᠯ  ᠤᠨ ᠨᠠᠷᠢᠨ ᠲᠠᠩᠰᠠ ᠨᠢ ᠨᠠᠮ  ᠤᠨ ᠳᠣᠲᠣᠭᠠᠳᠤ  ᠶᠢᠨ ᠤᠯᠤᠰ ᠲᠦᠷᠦ  ᠶᠢᠨ ᠠᠮᠢᠳᠤᠷᠠᠯ ᠳᠠᠬᠢ ᠪᠣᠯᠭᠢᠴᠢᠯᠠᠭᠰᠠᠨ ᠠᠷᠠᠯᠵᠢᠶᠠᠯᠠᠭᠰᠠᠨ ᠠᠰᠠᠭᠤᠳᠠᠯ  ᠤᠨ ᠠᠮᠢᠨ ᠭᠠᠵᠠᠷ ᠢ ᠰᠢᠭᠤᠳ ᠳᠠᠭᠠᠷᠢᠵᠤ᠂ ᠬᠥᠮᠥᠰ  ᠢ ᠰᠡᠷᠡᠮᠵᠢᠯᠡᠭᠦᠯᠵᠦ᠂ ᠭᠦᠨᠵᠡᠭᠡᠢ ᠰᠡᠳᠬᠢᠭᠦᠯᠵᠦ᠂ ᠠᠰᠠᠭᠤᠳᠠᠯ  ᠳᠤ ᠠᠩᠬᠠᠷᠤᠯ ᠢᠶᠠᠨ ᠲᠥᠪᠯᠡᠷᠡᠭᠦᠯᠬᠦ᠂ ᠬᠠᠷᠠᠯᠲᠠ ᠲᠠᠢ ᠪᠠᠷ ᠬᠦᠴᠦᠯᠡᠵᠦ ᠲᠥᠪᠯᠡᠷᠡᠭᠦᠯᠦᠨ ᠵᠠᠰᠠᠬᠤ  ᠳᠤ ᠣᠨᠣᠪᠴᠢᠲᠠᠢ ᠴᠢᠭᠯᠡᠯ ᠬᠠᠩᠭᠠᠪᠠ ᠭᠡᠵᠦ ᠵᠢᠭᠠᠵᠤ ᠭᠠᠷᠭᠠᠪᠠ᠃ ᠪᠠᠶᠠᠨᠨᠠᠭᠤᠷ ᠬᠤᠲᠠ  ᠶᠢᠨ ᠨᠠᠮ  ᠤᠨ ᠬᠤᠷᠢᠶ᠎ᠠ ᠠᠰᠠᠭᠤᠳᠠᠯ  ᠤᠨ ᠨᠠᠷᠢᠨ ᠲᠠᠩᠰᠠ  ᠶᠢ ᠵᠠᠷᠯᠠᠨ ᠨᠡᠶᠢᠲᠡᠯᠡᠭᠰᠡᠨ ᠤ ᠳᠠᠷᠠᠭ᠎ᠠ᠂ ᠬᠤᠲᠠ ᠶᠢᠨ ᠨᠠᠮ  ᠤᠨ ᠬᠤᠷᠢᠶᠠᠨ  ᠤ ᠪᠠᠶᠢᠩᠭᠤ  ᠶᠢᠨ ᠭᠡᠰᠢᠭᠦᠨ ᠨᠢᠭᠡ ᠪᠦᠷᠢ ᠴᠥᠮ ᠠᠰᠠᠭᠤᠳᠠᠯ  ᠤᠨ ᠨᠠᠷᠢᠨ ᠲᠠᠩᠰᠠ ᠶᠢᠨ ᠲᠤᠬᠠᠢ ᠲᠠᠨᠢᠯᠲᠠ ᠪᠠ ᠲᠥᠷᠥᠭᠳᠡᠯ  ᠢᠶᠠᠨ ᠶᠠᠷᠢᠵᠤ᠂ ᠠᠰᠠᠭᠤᠳᠠᠯ  ᠤᠨ ᠨᠠᠷᠢᠨ ᠲᠠᠩᠰᠠ  ᠶᠢ ᠣᠨᠣᠪᠴᠢᠲᠠᠶ ᠡᠷᠢᠵᠦ᠂ ᠬᠤᠷᠢᠭ᠎ᠠ ᠱᠤᠭᠤᠮ ᠢ ᠲᠣᠳᠣᠷᠬᠠᠶᠢᠯᠠᠵᠤ᠂ ︽ᠤᠯᠠᠭᠠᠨ ᠳ᠋ᠧᠩ︾  ᠢ ᠠᠰᠠᠭᠠᠵᠤ᠂ ᠵᠥᠷᠢᠴᠡᠯ  ᠳᠤ ᠰᠢᠭᠤᠳ ᠬᠠᠨᠳᠤᠬᠤ᠂ ᠥᠪᠡᠷ  ᠤᠨ ᠪᠡᠶ᠎ᠡ ᠳᠡᠭᠡᠨ ᠬᠤᠪᠢᠰᠬᠠᠯ ᠬᠢᠬᠦ ᠡᠷᠡᠰ ᠵᠣᠷᠢᠭ  ᠢ ᠢᠯᠡᠷᠡᠭᠦᠯᠵᠦ᠂ ᠨᠠᠮ ᠠᠴᠠ ᠨᠠᠮ ᠢ ᠬᠠᠮᠢᠶᠠᠷᠬᠤ᠂ ᠨᠠᠮ  ᠢ ᠴᠢᠩᠭ᠎ᠠ ᠵᠠᠰᠠᠬᠤ ᠬᠠᠷᠢᠭᠤᠴᠠᠯᠭ᠎ᠠ ᠡᠭᠦᠷᠭᠡᠯᠡᠯ  ᠢ ᠢᠯᠡᠷᠡᠭᠦᠯᠪᠡ᠃ ᠥᠪᠡᠷᠲᠡᠭᠡᠨ ᠵᠠᠰᠠᠬᠤ ᠣᠷᠣᠨ  ᠤ ᠤᠯᠤᠰ  ᠤᠨ ᠥᠮᠴᠢᠯᠡᠯ  ᠤᠨ ᠠᠵᠤ ᠠᠬᠤᠶᠢᠯᠠᠯ  ᠤᠨ ᠵᠠᠷᠢᠮ ᠨᠠᠮ  ᠤᠨ ᠭᠡᠰᠢᠭᠦᠨ ᠺᠠᠳ᠋ᠷ᠂ ᠨᠠᠮ  ᠤᠨ ᠳᠣᠲᠣᠭᠠᠳᠤ  ᠶᠢᠨ ᠤᠯᠤᠰ ᠲᠦᠷᠦ  ᠶᠢᠨ ᠠᠮᠢᠳᠤᠷᠠᠯ ᠳᠠᠬᠢ ᠪᠣᠯᠭᠢᠴᠢᠯᠠᠭᠰᠠᠨ ᠠᠷᠠᠯᠵᠢᠶᠠᠯᠠᠭᠰᠠᠨ ᠠᠰᠠᠭᠤᠳᠠᠯ  ᠤᠨ ᠨᠠᠷᠢᠨ ᠲᠠᠩᠰᠠ ᠶᠢᠨ ᠵᠢᠷᠤᠭ  ᠣᠨᠣᠪᠴᠢᠲᠠᠢ᠂ ᠬᠠᠷᠠᠯᠲᠠ ᠲᠣᠳᠣᠷᠬᠠᠢ᠂ ᠤᠯᠤᠰ ᠤᠨ ᠥᠮᠴᠢᠯᠡᠯ  ᠤᠨ ᠠᠵᠤ ᠠᠬᠤᠶᠢᠯᠠᠯ  ᠢ ᠲᠥᠪᠯᠡᠷᠡᠭᠦᠯᠦᠨ ᠵᠠᠰᠠᠬᠤ ᠨᠢ ᠨᠡᠩ ᠪᠣᠳᠠᠲᠠᠢ ᠴᠢᠭᠯᠡᠭᠦᠯᠦᠯᠲᠦ ᠴᠢᠨᠠᠷᠲᠠᠢ ᠶᠤᠮ ᠭᠡᠵᠡᠢ᠃      ᠠᠰᠠᠭᠤᠳᠠᠯ  ᠤᠨ ᠨᠠᠷᠢᠨ ᠲᠠᠩᠰᠠ ᠨᠢ ᠥᠪᠡᠷ  ᠢ ᠪᠠᠨ ᠪᠠᠶᠢᠴᠠᠭᠠᠬᠤ ᠲᠣᠯᠢ ᠬᠠᠩᠭᠠᠵᠤ᠂ ᠢᠯᠡ ᠲᠣᠳᠣ ᠤᠳᠤᠷᠢᠳᠤᠮᠵᠢ  ᠶᠢ ᠪᠤᠶ ᠪᠣᠯᠭᠠᠪᠠ᠃ ᠡᠯ᠎ᠡ ᠭᠠᠵᠠᠷ ᠣᠷᠣᠨ ᠡᠯ᠎ᠡ ᠨᠢᠭᠡᠴᠢ  ᠶᠢᠨ ᠨᠠᠮ  ᠤᠨ ᠭᠡᠰᠢᠭᠦᠨ ᠺᠠᠳ᠋ᠷᠴᠤᠳ᠂ ᠠᠰᠠᠭᠤᠳᠠᠯ  ᠤᠨ ᠨᠠᠷᠢᠨ ᠲᠠᠩᠰᠠ ᠳᠤ ᠵᠢᠭᠠᠵᠤ ᠭᠠᠷᠭᠠᠭᠰᠠᠨ ᠦᠵᠡᠭᠳᠡᠯ ᠨᠢ ᠨᠠᠮ  ᠤᠨ ᠭᠡᠰᠢᠭᠦᠨ ᠺᠠᠳ᠋ᠷᠴᠤᠳ ᠲᠤ ︽ᠰᠡᠷᠡᠮᠵᠢᠯᠡᠭᠦᠯᠭᠦ ᠫᠠᠶᠢᠰᠠ︾ ᠣᠯᠭᠤᠵᠤ ᠪᠠᠶᠢᠬᠤ ᠪᠠᠷ ᠪᠠᠷᠠᠬᠤ ᠦᠭᠡᠢ᠂ ᠨᠡᠩ ᠴᠤ ᠲᠥᠪᠯᠡᠷᠡᠭᠦᠯᠦᠨ ᠵᠠᠰᠠᠬᠤ ᠳᠤ ︽ᠠᠶᠠᠯᠠᠯ ᠵᠠᠯᠠᠬᠤ ᠬᠡᠮᠵᠢᠭᠦᠷᠯᠢᠭ︾ ᠬᠠᠩᠭᠠᠵᠤ᠂ ᠡᠯ᠎ᠡ ᠱᠠᠲᠤᠨ  ᠤ ᠨᠠᠮ ᠤᠨ ᠵᠣᠬᠢᠶᠠᠨ ᠪᠠᠶᠢᠭᠤᠯᠤᠯᠲᠠ ᠠᠰᠠᠭᠤᠳᠠᠯ  ᠤᠨ ᠨᠠᠷᠢᠨ ᠲᠠᠩᠰᠠ ᠶᠢ ᠮᠡᠳᠡᠭᠳᠡᠵᠦ᠂ ᠨᠠᠮ ᠤᠨ ᠭᠡᠰᠢᠭᠦᠨ ᠺᠠᠳ᠋ᠷᠴᠤᠳ  ᠢ ᠬᠥᠮᠥᠵᠢᠭᠦᠯᠦᠨ ᠵᠢᠯᠤᠭᠤᠳᠴᠤ ᠪᠠᠶᠢᠭᠠᠳ ᠥᠪᠡᠷ  ᠢ ᠪᠠᠨ ᠪᠠᠭᠲᠠᠭᠠᠵᠤ᠂ ᠦᠵᠡᠯ ᠰᠠᠨᠠᠭ᠎ᠠ ᠪᠠᠨ ᠵᠢᠭᠰᠠᠭᠠᠨ ᠣᠷᠣᠭᠤᠯᠵᠤ᠂ ᠤᠬᠠᠮᠰᠠᠷ ᠠᠴᠠ ᠪᠠᠨ ᠬᠠᠷᠢᠴᠠᠭᠤᠯᠤᠨ ᠪᠠᠶᠢᠴᠠᠭᠠᠵᠤ᠂ ᠲᠣᠯᠢᠨ ᠳᠤ ᠵᠢᠰᠦ ᠪᠠᠨ ᠦᠵᠡᠵᠦ ᠮᠠᠯᠠᠭᠠᠢ ᠪᠠᠨ ᠲᠡᠭᠰᠢᠯᠡᠬᠦ᠂ ᠨᠢᠭᠤᠷ ᠤᠯᠠᠶᠢᠯᠭᠠᠨ ᠬᠥᠯᠥᠰᠦ ᠭᠠᠷᠭᠠᠬᠤ᠂ ᠰᠡᠷᠡᠮᠵᠢᠯᠡᠭᠦᠯᠦᠨ ᠰᠡᠷᠡᠮᠵᠢᠯᠡᠭᠦᠯᠭᠦ ᠦᠷ᠎ᠡ ᠪᠦᠲᠦᠮᠵᠢ ᠶᠢ ᠦᠨᠡᠨ ᠬᠦ ᠣᠯᠣᠭᠰᠠᠨ ᠪᠠᠶᠢᠨ᠎ᠠ ᠭᠡᠵᠦ ᠨᠡᠶᠢᠳᠡᠮ ᠦᠵᠡᠵᠡᠭᠡᠪᠡ᠃ ᠬᠢᠩᠭᠠᠨ ᠠᠶᠢᠮᠠᠭ ᠤᠨ ᠵᠠᠷᠢᠮ ᠨᠠᠮ ᠤᠨ ᠭᠡᠰᠢᠭᠦᠨ ᠺᠠᠳ᠋ᠷ᠂ ᠠᠰᠠᠭᠤᠳᠠᠯ  ᠤᠨ ᠨᠠᠷᠢᠨ ᠲᠠᠩᠰᠠ ᠪᠣᠯ ᠲᠥᠪᠯᠡᠷᠡᠭᠦᠯᠦᠨ ᠵᠠᠰᠠᠬᠤ ᠠᠴᠠ ᠭᠠᠷᠭᠠᠭᠰᠠᠨ ᠣᠨᠣᠰᠢᠯᠠᠯᠲᠠ ᠶᠢᠨ ᠪᠢᠴᠢᠭ ᠮᠥᠨ᠂ ᠡᠨᠡ ᠬᠦ ᠣᠨᠣᠰᠢᠯᠠᠯᠲᠠ  ᠶᠢᠨ ᠪᠢᠴᠢᠭ ᠲᠠᠢ ᠪᠣᠯᠴᠢᠬᠠᠪᠠᠯ᠂ ᠨᠠᠮ ᠤᠨ ᠭᠡᠰᠢᠭᠦᠨ ᠺᠠᠳ᠋ᠷ ᠥᠪᠡᠷ  ᠤᠨ ᠦᠵᠡᠯ ᠰᠠᠨᠠᠭ᠎ᠠ ᠪᠠ ᠦᠭᠡ ᠶᠠᠷᠢᠶ᠎ᠠ ᠦᠶᠯᠡ ᠠᠵᠢᠯᠯᠠᠭ᠎ᠠ ᠪᠠᠨ ᠨᠠᠷᠢᠨ ᠨᠢᠮᠪᠠᠢ ᠪᠠᠶᠢᠴᠠᠭᠠᠨ ᠦᠵᠡᠵᠦ᠂ ᠠᠰᠠᠭᠤᠳᠠᠯ ᠢ ᠣᠨᠣᠪᠴᠢᠲᠠᠶ ᠡᠷᠢᠵᠦ᠂ ᠡᠪᠡᠳᠴᠢᠨ ᠳᠤᠨᠢ ᠲᠠᠭᠠᠷᠠᠭᠤᠯᠤᠨ ᠡᠮ ᠥᠭᠴᠦ᠂ ᠲᠥᠪᠯᠡᠷᠡᠭᠦᠯᠦᠨ ᠵᠠᠰᠠᠬᠤ  ᠳᠤ ᠰᠠᠶᠢᠨ ︽ᠡᠮᠴᠢᠯᠡᠭᠡᠨ  ᠤ ᠦᠷ᠎ᠡ ᠪᠦᠲᠦᠮᠵᠢ︾ ᠣᠯᠵᠤ ᠴᠢᠳᠠᠨ᠎ᠠ ᠭᠡᠵᠦ ᠬᠡᠯᠡᠪᠡ᠃ ᠶᠡᠭᠡ ᠳᠡᠭᠡᠳᠦ ᠰᠤᠷᠭᠠᠭᠤᠯᠢ  ᠶᠢᠨ ᠵᠠᠷᠢᠮ ᠨᠠᠮ  ᠤᠨ ᠪᠠᠶᠢᠭᠤᠯᠤᠯᠲᠠ  ᠶᠢᠨ ᠲᠤᠰᠬᠠᠢ ᠮᠡᠷᠭᠡᠵᠢᠯᠲᠡᠨ᠂ ᠠᠰᠠᠭᠤᠳᠠᠯ  ᠤᠨ ᠨᠠᠷᠢᠨ ᠲᠠᠩᠰᠠ  ᠶᠢᠨ ᠦᠨ᠎ᠡ ᠥᠷᠲᠡᠭ ᠨᠢ ᠨᠠᠮ  ᠤᠨ ᠭᠡᠰᠢᠭᠦᠨ ᠺᠠᠳ᠋ᠷ  ᠤᠨ ᠰᠠᠨᠠᠭ᠎ᠠ ᠪᠠᠷ ᠢᠶᠠᠨ ᠰᠠᠪᠠᠵᠤ᠂ ᠭᠠᠵᠢᠭᠤ ᠵᠠᠮ ᠳᠤ ᠣᠷᠣᠬᠤ ᠪᠣᠯᠣᠮᠵᠢ ᠶᠢ ᠬᠠᠮᠤᠭ ᠤᠨ ᠶᠡᠭᠡ ᠬᠡᠮᠵᠢᠶ᠎ᠡ ᠪᠠᠷ ᠪᠠᠭᠤᠷᠠᠭᠤᠯᠤᠭᠰᠠᠨ ᠢᠶᠠᠷ ᠪᠠᠷᠠᠬᠤ ᠦᠭᠡᠢ᠂ ᠨᠠᠩ ᠴᠤ︽ᠰᠠᠬᠢᠯᠭ᠎ᠠ ᠪᠠᠲᠤ  ᠶᠢ ᠡᠷᠭᠢᠮᠯᠡᠭᠦ᠂ ᠶᠣᠰᠣ ᠳᠦᠷᠢᠮ  ᠢ ᠰᠠᠬᠢᠬᠤ᠂ ᠠᠵᠢᠯ ᠬᠢᠵᠦ ᠳᠡᠶᠢᠯᠭᠦ᠂ ᠵᠣᠷᠢᠭᠲᠠᠢ ᠪᠠᠷ ᠬᠠᠷᠢᠭᠤᠴᠠᠯᠭ᠎ᠠ ᠡᠭᠦᠷᠭᠡᠯᠡᠬᠦ︾ ᠢᠯᠡ ᠲᠣᠳᠣ ᠤᠳᠤᠷᠢᠳᠤᠮᠵᠢ  ᠶᠢ ᠪᠤᠶ ᠪᠤᠯᠭᠠᠵᠤ᠂ ᠺᠠᠳ᠋ᠷ  ᠢ ᠳᠠᠷᠤᠭᠠᠰᠤ ᠦᠭᠡᠢ ᠪᠠᠷ ᠠᠵᠢᠯᠯᠠᠭᠤᠯᠵᠤ᠂ ᠶᠡᠭᠡ ᠪᠠᠷ ᠭᠢᠯᠭᠡᠵᠦ᠂ ︽ᠨᠠᠵᠠᠭᠠᠢ ᠲᠠᠯ᠎ᠠ ᠶᠢᠨ ᠨᠠᠷᠢᠨ ᠲᠠᠩᠰᠠ︾ ᠶᠢᠨ ︽ᠵᠥᠪ ᠲᠠᠯ᠎ᠠ ᠶᠢᠨ ᠦᠢᠯᠡᠳᠦᠯ︾  ᠢ ᠦᠨᠡᠨ ᠬᠦ ᠪᠠᠳᠠᠷᠠᠭᠤᠯᠬᠤ ᠳᠤ ᠪᠠᠶᠢᠨ᠎ᠠ ᠭᠡᠵᠦ ᠬᠡᠯᠡᠪᠡ᠃      ᠠᠰᠠᠭᠤᠳᠠᠯ ᠤᠨ ᠨᠠᠷᠢᠨ ᠲᠠᠩᠰᠠ ᠨᠢ ᠵᠠᠰᠠᠯᠲᠠ ᠶᠢᠨ ᠴᠢᠭᠯᠡᠯ ᠢ ᠲᠣᠳᠣᠷᠬᠠᠶᠢᠯᠠᠵᠤ᠂ ᠶᠣᠰᠣ ᠳᠦᠷᠢᠮ ᠤᠨ ᠤᠬᠠᠮᠰᠠᠷ ᠢ ᠴᠢᠩᠭᠠᠳᠬᠠᠵᠠᠢ᠃ ᠡᠯ᠎ᠡ ᠭᠠᠵᠠᠷ ᠣᠷᠣᠨ ᠡᠯ᠎ᠡ ᠪᠠᠶᠢᠭᠤᠯᠭ᠎ᠠ ᠨᠢᠭᠡᠴᠢ ᠶᠢᠨ ᠨᠠᠮ ᠤᠨ ᠭᠡᠰᠢᠭᠦᠨ ᠺᠠᠳ᠋ᠷᠴᠤᠳ᠂ ᠠᠰᠠᠭᠤᠳᠠᠯ ᠤᠨ ᠨᠠᠷᠢᠨ ᠲᠠᠩᠰᠠ ᠨᠢ ᠪᠣᠯᠭᠢᠴᠢᠯᠠᠭᠰᠠᠨ ᠠᠷᠠᠯᠵᠢᠶᠠᠯᠠᠭᠰᠠᠨ ᠠᠰᠠᠭᠤᠳᠠᠯ ᠤᠨ ︽ᠶᠠᠭᠤ ᠪᠤᠯᠬᠤ︾ ᠳᠤ ᠲᠣᠳᠣᠷᠬᠠᠢ ᠵᠠᠭᠠᠭ ᠲᠣᠭᠲᠠᠭᠠᠭᠰᠠᠨ ᠤ ᠬᠠᠮᠲᠤ᠂ ᠠᠰᠠᠭᠤᠳᠠᠯ ᠤᠨ ᠨᠠᠷᠢᠨ ᠲᠠᠩᠰᠠ ᠶᠢᠨ 11 ᠦᠵᠡᠭᠳᠡᠯ ᠳᠤ ᠬᠠᠷᠠᠭᠠᠯᠵᠠᠭᠤᠯᠵᠤ᠂︽ᠠᠷᠪᠠᠨ ᠨᠢᠭᠡᠨ ᠴᠢᠩᠭ᠎ᠠ ᠴᠠᠭᠠᠵᠠᠯᠠᠯ︾ ᠤᠨ ᠱᠠᠭᠠᠷᠳᠠᠯᠭ᠎ᠠ ᠶᠢ ᠲᠣᠳᠣᠷᠬᠠᠶᠢᠯᠠᠵᠤ᠂ ᠴᠠᠭ ᠲᠤᠬᠠᠢ ᠳᠤᠨᠢ ᠠᠪᠴᠤ ᠭᠠᠷᠭᠠᠭᠰᠠᠨ︽ᠤᠯᠠᠭᠠᠨ ᠰᠢᠷ᠎ᠠ ᠫᠠᠶᠢᠰᠠ︾ ᠪᠤᠯᠬᠤ ᠪᠥᠭᠡᠳ ᠪᠠᠰᠠ ᠴᠦ ᠲᠥᠪᠯᠡᠷᠡᠭᠦᠯᠦᠨ ᠵᠠᠰᠠᠬᠤ ︽ᠡᠭᠦᠷᠭᠡ ᠶᠢᠨ ᠪᠢᠴᠢᠭ︾ ᠪᠠᠶᠢᠵᠤ᠂ ᠡᠯ᠎ᠡ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠪᠣᠯᠣᠨ ᠨᠠᠮ ᠤᠨ ᠭᠡᠰᠢᠭᠦᠨ ᠺᠠᠳ᠋ᠷ ᠲᠤ ᠲᠥᠪᠯᠡᠷᠡᠭᠦᠯᠦᠨ ᠵᠠᠰᠠᠬᠤ ᠭᠤᠣᠯᠳᠠᠯᠭ᠎ᠠ ᠪᠣᠯᠣᠨ ᠵᠠᠩᠭᠢᠯᠠᠭ᠎ᠠ ᠶᠢ ᠨᠡᠩ ᠵᠥᠪ ᠤᠨᠤᠪᠴᠢᠳᠠᠢ ᠡᠵᠡᠮᠰᠢᠭᠦᠯᠵᠦ᠂ ᠵᠣᠷᠢᠯᠲᠠ ᠲᠣᠳᠣᠷᠬᠠᠢ ᠪᠠᠷ ᠬᠦᠴᠦᠯᠡᠵᠦ᠂ ᠤᠨᠢᠨ ᠳᠡᠭᠡᠷ᠎ᠡ ᠨᠢ ᠵᠠᠰᠠᠭ ᠶᠠᠪᠤᠭᠤᠯᠵᠤ᠂ ᠲᠥᠪᠯᠡᠷᠡᠭᠰᠡᠨ ᠵᠠᠰᠠᠯᠲᠠ ᠶᠢᠨ ᠦᠷ᠎ᠡ ᠪᠦᠳᠦᠮᠵᠢ ᠶᠢ ᠪᠠᠲᠤᠯᠠᠪᠠ ᠭᠡᠵᠦ ᠢᠯᠡᠳᠬᠡᠵᠡᠭᠡᠪᠡ᠃ ᠰᠢᠯᠢ ᠶᠢᠨ ᠭᠤᠣᠯ ᠠᠶᠢᠮᠠᠭ ᠤᠨ ᠵᠠᠷᠢᠮ ᠨᠠᠮ ᠤᠨ ᠵᠣᠬᠢᠶᠠᠨ ᠪᠠᠶᠢᠭᠤᠯᠤᠯᠲᠠ ᠪᠣᠯᠣᠨ ᠨᠠᠮ ᠤᠨ ᠭᠡᠰᠢᠭᠦᠨ ᠺᠠᠳ᠋ᠷᠴᠤᠳ᠂ ᠠᠰᠠᠭᠤᠳᠠᠯ ᠤᠨ ᠨᠠᠷᠢᠨ ᠲᠠᠩᠰᠠ ᠨᠢ ︽ᠬᠤᠷᠢᠭ᠎ᠠ ᠱᠤᠭᠤᠮ᠂ ᠤᠯᠠᠭᠠᠨ ᠱᠤᠭᠤᠮ᠂ ᠥᠨᠳᠥᠷ ᠳᠠᠷᠤᠯᠲᠠ ᠶᠢᠨ ᠱᠤᠭᠤᠮ︾ ᠢ ᠲᠣᠳᠣᠷᠬᠠᠢ ᠵᠢᠷᠤᠵᠤ ᠲᠣᠭᠲᠠᠭᠠᠵᠤ᠂ ᠠᠰᠠᠭᠤᠳᠠᠯ ᠢ ᠣᠨᠢᠯᠠᠵᠤ ᠶᠠᠪᠤᠬᠤ᠂ ᠠᠰᠠᠭᠤᠳᠠᠯ ᠢ ᠡᠷᠢᠵᠦ ᠶᠠᠪᠤᠬᠤ᠂ ᠠᠰᠠᠭᠤᠳᠠᠯ ᠳᠤ ᠠᠩᠬᠠᠷᠤᠯ  ᠢᠶᠠᠨ ᠲᠥᠪᠯᠡᠷᠡᠭᠦᠯᠦᠨ ᠵᠠᠰᠠᠵᠤ᠂ ᠦᠪᠡᠰᠦᠪᠡᠨ ᠪᠠᠶᠢᠴᠠᠭᠠᠵᠤ ᠦᠪᠡᠰᠦᠪᠡᠨ ᠵᠠᠯᠠᠷᠠᠭᠤᠯᠬᠤ ᠶᠢ ᠪᠦᠭᠦ ᠲᠠᠯ᠎ᠠ ᠪᠠᠷ ᠥᠷᠨᠢᠭᠦᠯᠵᠦ᠂ ᠢᠮᠠᠭᠲᠠ ᠰᠡᠳᠬᠢᠯ ᠳᠡᠭᠡᠨ ᠴᠡᠭᠡᠷ ᠲᠠᠢ᠂ ᠠᠵᠢᠯᠯᠠᠭᠠᠨ ᠳᠠᠭᠠᠨ ᠬᠤᠷᠢᠭ᠎ᠠ ᠲᠠᠢ ᠪᠠᠶᠢᠬᠤ ᠶᠢ ᠪᠡᠶᠡᠯᠡᠭᠦᠯᠵᠡᠢ ᠭᠡᠵᠦ ᠶᠠᠷᠢᠪᠠ᠃ ᠣᠷᠳᠣᠰ ᠬᠤᠳᠠ ᠶᠢᠨ ᠭᠢᠶ᠎ᠠ ᠪᠠᠭᠰᠢ  ᠲᠣᠭᠤᠷᠢᠭ ᠤᠨ ᠵᠠᠷᠢᠮ ᠨᠠᠮ ᠤᠨ ᠭᠡᠰᠢᠭᠦᠨ ᠺᠠᠳ᠋ᠷᠴᠤᠳ᠂ ᠨᠠᠮ ᠤᠨ ᠭᠡᠰᠢᠭᠦᠨ ᠤ ᠤᠯᠤᠰ ᠲᠦᠷᠦ ᠶᠢᠨ ᠠᠮᠢᠳᠤᠷᠠᠯ ᠤᠨ ᠣᠷᠳᠣᠨ ᠳᠤ ᠲᠦᠰᠢᠭᠯᠡᠵᠦ᠂ ᠠᠰᠠᠭᠤᠳᠠᠯ  ᠤᠨ ᠨᠠᠷᠢᠨ ᠲᠠᠩᠰᠠᠨ ᠳᠠᠬᠢ ᠣᠶᠢᠯᠠᠭᠠᠯᠲᠠ ᠪᠣᠯᠣᠨ ᠲᠠᠨᠢᠯᠲᠠ ᠪᠠᠨ ᠴᠢᠨᠠᠭᠰᠢᠳᠠ ᠭᠦᠨᠵᠡᠭᠡᠶᠢᠷᠡᠭᠦᠯᠵᠦ᠂ ᠰᠡᠷᠡᠮᠵᠢᠯᠡᠭᠦᠯᠭᠦ ᠬᠥᠮᠦᠵᠢᠯ ᠤᠨ ᠳᠤᠮᠳᠠ ᠦᠵᠡᠯ ᠰᠠᠨᠠᠭ᠎ᠠ ᠪᠠᠨ ᠠᠷᠢᠭᠤᠳᠬᠠᠨ᠂ ᠲᠤᠷᠰᠢᠯᠭ᠎ᠠ ᠰᠤᠷᠭᠠᠮᠵᠢ ᠠᠪᠴᠤ᠂ ᠨᠠᠮᠴᠢ ᠴᠢᠨᠠᠷ ᠢᠶᠠᠨ ᠳᠠᠪᠲᠠᠨ ᠪᠤᠯᠪᠠᠰᠤᠷᠠᠭᠤᠯᠵᠤ᠂ ᠨᠠᠮ ᠤᠨ ᠳᠣᠲᠣᠭᠠᠳᠤ ᠶᠢᠨ ᠤᠯᠤᠰ ᠲᠦᠷᠦ ᠶᠢᠨ ᠠᠮᠢᠳᠤᠷᠠᠯ  ᠢᠶᠠᠨ ᠴᠢᠩᠳᠠᠯᠠᠬᠤ ᠤᠯᠤᠰ ᠲᠦᠷᠦ ᠶᠢᠨ ᠤᠬᠠᠮᠰᠠᠷ᠂ ᠦᠵᠡᠯ ᠰᠠᠨᠠᠭᠠᠨ ᠤ ᠤᠬᠠᠮᠰᠠᠷ ᠪᠣᠯᠣᠨ ᠠᠵᠢᠯᠯᠠᠭᠠᠨ ᠤ ᠤᠬᠠᠮᠰᠠᠷ ᠢᠶᠠᠨ ᠲᠠᠰᠤᠷᠠᠯ ᠦᠭᠡᠢ ᠴᠢᠩᠭᠠᠳᠬᠠᠨ᠎ᠠ ᠭᠡᠵᠦ ᠢᠯᠡᠳᠬᠡᠵᠡᠭᠡᠪᠡ᠃ ᠥᠪᠡᠷᠲᠡᠭᠡᠨ ᠵᠠᠰᠠᠬᠤ ᠣᠷᠣᠨ ᠤ ᠰᠢᠭᠤᠳ ᠬᠠᠷᠢᠶ᠎ᠠ ᠪᠠᠶᠢᠭᠤᠯᠭ᠎ᠠ ᠶᠢᠨ ᠵᠠᠷᠢᠮ ᠨᠠᠮ ᠤᠨ ᠭᠡᠰᠢᠭᠦᠨ ᠺᠠᠳ᠋ᠷᠴᠤᠳ᠂ ᠶᠡᠷᠦᠩᠬᠡᠢ ᠱᠦᠵᠢ ᠰᠢ ᠶᠢᠨ ᠫᠢᠩ  ᠤᠨ ᠨᠠᠮ ᠤᠨ ᠳᠣᠲᠣᠭᠠᠳᠤ ᠶᠢᠨ ᠤᠯᠤᠰ ᠲᠦᠷᠦ ᠶᠢᠨ ᠠᠮᠢᠳᠤᠷᠠᠯ ᠢ ᠴᠢᠩᠳᠠᠯᠠᠬᠤ ᠲᠤᠬᠠᠢ ᠴᠢᠬᠤᠯᠠ ᠥᠭᠦᠯᠡᠮᠵᠢ ᠶᠢ ᠨᠠᠷᠢᠨ ᠬᠢᠨᠠᠮᠠᠭᠠᠢ ᠰᠤᠷᠤᠯᠴᠠᠵᠤ᠂ ︽ᠰᠢᠨ᠎ᠡ ᠭᠡᠯᠪᠡᠷᠢ ᠪᠠᠶᠢᠳᠠᠯ ᠳᠣᠣᠷᠠᠬᠢ ᠨᠠᠮ ᠤᠨ ᠳᠣᠲᠣᠭᠠᠳᠤ ᠶᠢᠨ ᠤᠯᠤᠰ ᠲᠦᠷᠦ  ᠶᠢᠨ ᠠᠮᠢᠳᠤᠷᠠᠯ ᠤᠨ ᠲᠤᠬᠠᠢ ᠳᠦᠷᠢᠮ  ᠤᠳ︾ ᠢ ᠭᠦᠨᠵᠡᠭᠡᠢ ᠰᠤᠷᠤᠯᠴᠠᠨ ᠣᠶᠢᠯᠠᠭᠠᠵᠤ᠂ ᠠᠰᠠᠭᠤᠳᠠᠯ ᠤᠨ ᠨᠠᠷᠢᠨ ᠲᠠᠩᠰᠠᠨ ᠳᠤ ᠬᠠᠷᠠᠭᠠᠯᠵᠠᠭᠤᠯᠵᠤ᠂ ᠭᠦᠨᠵᠡᠭᠡᠢ ᠦᠪᠡᠰᠦᠪᠡᠨ ᠪᠠᠶᠢᠴᠠᠭᠠᠵᠤ ᠦᠪᠡᠰᠦᠪᠡᠨ ᠵᠠᠯᠠᠷᠠᠭᠤᠯᠵᠤ᠂ ᠰᠠᠨᠠᠭᠠᠴᠢᠯᠠᠭ᠎ᠠ ᠠᠴᠠ ᠪᠠᠨ ᠠᠮᠠᠯᠳᠠᠵᠤ ᠠᠮᠠᠯᠠᠯᠲᠠ ᠪᠠᠨ ᠦᠢᠯᠡᠳᠦᠯᠭᠡᠵᠢᠭᠦᠯᠵᠦ᠂ ᠠᠷᠢᠭᠤᠨ ᠴᠡᠪᠡᠷ ᠨᠥᠬᠦᠷ ᠤᠨ ᠬᠠᠷᠢᠴᠠᠭ᠎ᠠ ᠪᠣᠯᠣᠨ ᠳᠦᠷᠢᠮ ᠭᠤᠷᠢᠮ ᠲᠠᠢ ᠳᠡᠭᠡᠳᠦ ᠳᠣᠣᠷᠠᠳᠤ ᠱᠠᠲᠤ ᠶᠢᠨ ᠬᠠᠷᠢᠴᠠᠭ᠎ᠠ ᠶᠢ ᠢᠳᠡᠪᠬᠢᠲᠡᠢ ᠪᠠᠷ ᠰᠠᠨᠠᠭᠠᠴᠢᠯᠠᠨ ᠰᠡᠳᠦᠵᠦ᠂ ᠪᠦᠭᠦ ᠣᠷᠣᠨ ᠤ ᠨᠠᠮ ᠤᠨ ᠳᠣᠲᠣᠭᠠᠳᠤ ᠶᠢᠨ ᠤᠯᠤᠰ ᠲᠦᠷᠦ ᠶᠢᠨ ᠠᠮᠢᠳᠤᠷᠠᠯ ᠢ ᠪᠦᠭᠦ ᠲᠠᠯ᠎ᠠ ᠪᠠᠷ ᠲᠠᠭᠢᠨ ᠱᠤᠭᠤᠬᠤ᠂ ᠦᠨᠳᠦᠰᠦᠨ ᠠᠴᠠ ᠨᠢ ᠰᠠᠶᠢᠵᠢᠷᠠᠭᠤᠯᠬᠤ ᠶᠢ ᠴᠢᠷᠮᠠᠶᠢᠨ ᠠᠬᠢᠭᠤᠯᠵᠤ᠂ ᠨᠠᠮ ᠤᠨ ᠬᠤᠷᠢᠳᠤᠭᠠᠷ ᠶᠡᠭᠡ ᠬᠤᠷᠠᠯ ᠤᠨ ᠠᠮᠵᠢᠯᠲᠠ ᠲᠠᠢ ᠬᠤᠷᠠᠯᠳᠤᠬᠤ ᠳᠤ ᠰᠤᠷᠲᠠᠯ ᠴᠢᠬᠡᠴᠢ ᠣᠪᠣᠷ ᠲᠥᠪ ᠤᠯᠤᠰ ᠲᠦᠷᠦ ᠶᠢᠨ ᠣᠷᠴᠢᠨ ᠲᠣᠭᠤᠷᠢᠨ ᠢ ᠪᠤᠢ ᠪᠤᠯᠭᠠᠵᠤ ᠥᠭᠭᠦᠨ᠎ᠡ ᠭᠡᠵᠦ ᠢᠯᠡᠳᠬᠡᠵᠡᠭᠡᠪᠡ᠃
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号