︵ 1︶ ᠳᠣᠷᠤᠢ ᠭᠠᠷᠬᠤ ᠦᠶ᠎ᠡ ᠳᠠᠬᠢ ᠲᠡᠵᠢᠭᠡᠯᠭᠡ ᠠᠷᠠᠴᠢᠯᠠᠭ᠎ᠠ᠄ ᠡᠨᠡ ᠬᠤᠭᠤᠴᠠᠭᠠᠨ ᠳᠠᠬᠢ ᠭᠤᠣᠯ ᠡᠭᠦᠷᠭᠡ | ᠪᠣᠯ ᠨᠢᠯᠬ᠎ᠠ ᠳᠣᠷᠤᠢ ᠶᠢ ᠠᠮᠤᠷ ᠲᠦᠪᠰᠢᠨ ᠭᠠᠷᠭᠠᠨ ᠠᠪᠴᠤ᠂ ᠰᠠᠶ᠋ᠢ ᠭᠠᠷᠤᠭᠰᠠᠨ ᠲᠣᠷᠤᠢ ᠶᠢᠨ ᠠᠮᠢᠰᠬᠤᠯ | ᠬᠠᠭᠠᠭᠳᠠᠬᠤ᠂ ᠬᠦᠯᠳᠡᠵᠦ ᠦᠬᠦᠬᠦ ᠶᠢ ᠰᠡᠷᠭᠡᠶᠢᠯᠡᠵᠦ᠂ ᠲᠣᠷᠤᠢ ᠭᠠᠷᠤᠭᠰᠠᠨ ᠤ ᠳᠠᠷᠠᠭᠠᠬᠢ ᠵᠠᠷᠢᠮ ᠬᠢᠵᠢᠭ ᠢ | ᠰᠡᠷᠭᠡᠶᠢᠯᠡᠵᠤ ᠰᠢᠢᠳᠪᠦᠷᠢᠯᠡᠬᠦ ᠠᠵᠢᠯ ᠢ ᠰᠠᠶᠢᠲᠤᠷ ᠬᠢᠨ᠎ᠡ᠃ | ︵2︶ ᠲᠣᠷᠤᠢ ᠭᠠᠷᠤᠭᠰᠠᠨ ᠤ ᠳᠠᠷᠠᠭᠠᠬᠢ 7 ᠬᠤᠨᠤᠭ ᠤᠨ ᠳᠣᠲᠤᠷᠠᠬᠢ ᠲᠡᠵᠢᠭᠡᠯᠭᠡ ᠠᠷᠠᠴᠢᠯᠠᠭ᠎ᠠ᠄ | ᠢᠯᠠᠩᠭᠤᠶ᠎ᠠ ᠲᠣᠷᠤᠢ ᠭᠠᠷᠤᠭᠰᠠᠨ ᠤ ᠳᠠᠷᠠᠭᠠᠬᠢ 3 ᠬᠤᠨᠤᠭ ᠤᠨ ᠳᠣᠲᠤᠷᠠᠬᠢ ᠲᠡᠵᠢᠭᠡᠯᠭᠡ ᠠᠷᠠᠴᠢᠯᠠᠭ᠎ᠠ ᠶᠢ | ᠴᠢᠩᠭᠠᠳᠬᠠᠬᠤ ᠬᠡᠷᠡᠭᠲᠡᠢ᠃ ᠡᠨᠡ ᠬᠤᠭᠤᠴᠠᠭᠠᠨ ᠳᠤ ᠭᠤᠣᠯᠳᠠᠭᠤ ᠬᠦᠬᠦᠨ ᠲᠣᠪᠴᠢ ᠶᠢ ᠨᠢ ᠲᠣᠭᠲᠠᠭᠠᠵᠤ᠂ ᠮᠡᠭᠡᠵᠢ | ᠲᠣᠷᠣᠢ ᠶᠢ ᠳᠠᠷᠤᠬᠤ ᠪᠠ ᠭᠢᠰᠭᠢᠵᠤ ᠠᠯᠠᠬᠤ ᠠᠴᠠ ᠰᠡᠷᠭᠡᠶᠢᠯᠡᠵᠦ᠂ ᠲᠣᠷᠤᠢ ᠶᠢᠨ ᠴᠢᠴᠠᠭ᠎ᠠ ᠠᠯᠳᠠᠬᠤ ᠡᠰᠡᠬᠦ ᠶᠢ ᠨᠢ | ᠰᠠᠶᠢᠲᠤᠷ ᠠᠵᠢᠭᠯᠠᠨ ᠠᠩᠬᠠᠷᠤᠨ᠎ᠠ᠃ | ︵3︶ ᠲᠣᠷᠤᠢ ᠭᠠᠷᠤᠭᠰᠠᠨ ᠠᠴᠠ ᠬᠤᠶᠢᠨᠠᠬᠢ 20 ᠬᠤᠨᠤᠭ ᠣᠷᠴᠢᠮ ᠤᠨ ᠲᠡᠵᠢᠭᠡᠯᠭᠡ ᠠᠷᠠᠴᠢᠯᠠᠭ᠎ᠠ᠄ ᠡᠨᠡ | ᠬᠤᠭᠤᠴᠠᠭ᠎ᠠ ᠨᠢ ᠮᠡᠭᠡᠵᠢ ᠶᠢᠨ ᠰᠦ ᠲᠠᠲᠠᠭᠤᠷᠠᠵᠤ᠂ ᠲᠣᠷᠤᠢ ᠶᠢᠨ ᠦᠰᠦᠯᠲᠡ ᠨᠢ ᠲᠦᠷᠭᠡᠰᠴᠦ᠂ ᠪᠣᠷᠳᠤᠭ᠎ᠠ | ᠨᠦᠬᠦᠬᠦ ᠱᠠᠲᠤ ᠦᠶ᠎ᠡ ᠪᠣᠯᠤᠨ᠎ᠠ᠃ | |