ᠬᠤᠨᠢ ᠢᠮᠠᠭᠠᠨ ᠤ ᠰᠦᠰᠦ ᠬᠦᠭᠡᠭᠡᠬᠦ ᠡᠪᠡᠳᠴᠢᠨ ᠢ ᠪᠠᠰᠠ ᠰᠦᠰᠦᠨ ᠤ ᠴᠤᠷᠭᠤ ᠶᠢᠨ ᠦᠷᠪᠢᠰᠦᠯ ᠪᠣᠶᠣ | ᠰᠦᠰᠦᠨ ᠤ ᠴᠣᠯᠴᠣᠩ ᠤᠨ ᠦᠷᠪᠢᠰᠦᠯ ᠭᠡᠵᠦ ᠬᠡᠯᠡᠳᠡᠭ᠂ ᠲᠤᠰ ᠡᠪᠡᠳᠴᠢᠨ ᠤᠯᠠᠩᠬᠢ ᠳᠠᠭᠠᠨ ᠡᠪᠦᠯ ᠬᠠᠪᠤᠷ ᠤᠨ | ᠤᠯᠠᠷᠢᠯ ᠳᠤ ᠠᠭᠤᠷ ᠠᠮᠢᠰᠬᠤᠯ ᠬᠠᠬᠢᠷ ᠬᠦᠢᠲᠡᠨ᠂ ᠭᠠᠩ ᠬᠠᠭᠤᠷᠠᠢ᠂ ᠣᠷᠴᠢᠨ ᠲᠤᠭᠤᠷᠢᠨ ᠤ ᠡᠷᠡᠭᠦᠯ ᠬᠠᠮᠠᠭᠠᠯᠠᠯ | ᠪᠠ ᠰᠡᠷᠭᠡᠶᠢᠯᠡᠬᠦ ᠠᠵᠢᠯ ᠢ ᠭᠦᠢᠴᠡᠳ ᠬᠢᠭᠰᠡᠨ ᠦᠭᠡᠢ ᠠᠴᠠ ᠪᠣᠯᠵᠣ ᠳᠡᠯᠭᠡᠷᠡᠨ᠎ᠡ᠃ | ᠲᠤᠰ ᠡᠪᠡᠳᠴᠢᠨ ᠳᠤ ᠨᠡᠷᠪᠡᠭᠳᠡᠪᠡᠯ ᠭᠤᠣᠯᠳᠠᠭᠤ ᠡᠬᠢᠨ ᠳᠡᠭᠡᠨ ᠢᠳᠡᠰᠢᠨ ᠳᠤ ᠳᠤᠷ᠎ᠠ ᠠᠯᠳᠠᠷᠠᠬᠤ ᠪᠣᠶᠣ | ᠢᠳᠡᠰᠢᠨ ᠠᠴᠠ ᠭᠠᠷᠤᠨ᠎ᠠ᠂ ᠠᠭᠠᠵᠢᠮ ᠢᠶᠠᠷ ᠡᠴᠡᠵᠦ᠂ ᠭᠡᠳᠡᠰᠦ ᠨᠢ ᠪᠠᠶᠢᠨ ᠪᠠᠶᠢᠨ ᠬᠦᠭᠡᠭᠡᠵᠦ᠂ ᠰᠦᠷ ᠰᠦᠯᠳᠡ ᠨᠢ | ᠪᠠᠭᠤᠷᠠᠨ᠎ᠠ᠃ ᠦᠰᠦ ᠨᠢ ᠪᠤᠷᠵᠢᠢᠭᠠᠳ ᠦᠩᠭᠡ ᠰᠢᠨᠵᠢ ᠪᠠᠨ ᠠᠯᠳᠠᠨ᠎ᠠ᠂ ᠳᠠᠶᠢᠪᠠᠯᠵᠠᠨ ᠠᠯᠬᠤᠵᠤ᠂ ᠨᠢᠳᠦᠨ ᠤ | ᠰᠠᠯᠢᠰᠤᠲᠤ ᠪᠦᠷᠬᠦᠪᠴᠢ ᠨᠢ ᠣᠯᠠᠶᠢᠵᠤ᠂ ᠰᠢᠭᠡᠰᠦ ᠨᠢ ᠤᠯᠠᠭᠠᠨ ᠪᠣᠯᠵᠣ ᠬᠤᠷᠭᠤᠰᠤᠯᠠᠳᠠᠭ᠃ ᠬᠦᠨᠳᠦᠷᠡᠪᠡᠯ ᠪᠠᠰᠠ | ᠴᠢᠴᠠᠭ᠎ᠠ ᠠᠯᠳᠠᠵᠤ᠂ ᠬᠡᠯᠡ ᠨᠢ ᠤᠯᠠᠶᠢᠨ᠎ᠠ᠂ ᠴᠢᠨᠠᠭᠰᠢᠯᠠᠪᠠᠯ ᠲᠦᠷᠭᠡᠨ ᠴᠢᠨᠠᠷ ᠲᠠᠢ ᠰᠦᠰᠦᠨ ᠤ ᠦᠷᠪᠢᠰᠦᠯ ᠪᠣᠯᠵᠣ | ᠪᠡᠶ᠎ᠡ ᠶᠢᠨ ᠳᠤᠯᠠᠭᠠᠨ ᠨᠢ ᠳᠡᠭᠡᠭᠰᠢᠯᠡᠵᠦ ᠲᠠᠶᠢᠪᠤᠩ ᠠᠯᠳᠠᠨ᠎ᠠ᠃ | ︵ᠢᠷᠡᠯᠲᠡ᠄ ᠰᠠᠨᠠ ᠶᠢᠨ ᠨᠠᠶᠢᠷᠠᠭᠤᠯᠤᠭᠰᠠᠨ ︽ᠮᠠᠯ ᠵᠢᠭᠦᠷᠲᠡᠨ ᠤ ᠡᠪᠡᠳᠴᠢᠨ ᠢ ᠰᠡᠷᠭᠡᠶᠢᠯᠡᠨ ᠵᠠᠰᠠᠬᠤ ᠠᠰᠠᠭᠤᠯᠲᠠ | ᠬᠠᠷᠢᠭᠤᠯᠲᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶ | | |