ᠨᠠᠰᠤᠨ ᠤ ᠪᠠᠨ ᠭᠡᠷᠡᠯ ᠭᠢᠯᠪᠠᠭ᠎ᠠ ᠪᠠᠨ ᠬᠤᠲᠠ ᠵᠡᠭᠡᠯᠢ ᠶᠢᠨ ᠠᠷᠢᠭᠤᠨ ᠴᠡᠪᠡᠷ ᠲᠤ ᠵᠣᠷᠢᠭᠤᠯᠤᠭᠰᠠᠨ ᠸᠠᠩ ᠴᠦᠨ ᠱᠧᠩ
ᠨᠡᠶᠢᠲᠡᠯᠡᠭᠰᠡᠨ ᠴᠠᠭ᠄
2021/9/7
    ᠠᠯᠠᠱᠠ ᠵᠡᠬᠦᠨ ᠬᠤᠰᠢᠭᠤᠨ ᠤ ᠬᠤᠲᠠ ᠶᠢᠨ ᠣᠷᠴᠢᠨ ᠲᠤᠭᠤᠷᠢᠨ ᠤ ᠠᠷᠢᠭᠤᠨ ᠴᠡᠪᠡᠷ ᠤᠨ ᠬᠠᠮᠢᠶᠠᠷᠤᠯᠲᠠ ᠶᠢᠨ ᠲᠤᠪᠴᠢᠶ᠎ᠠ ᠳᠤ ᠡᠶᠢᠮᠦ ᠨᠢᠭᠡᠨ ᠠᠵᠢᠯᠲᠠᠨ ᠪᠠᠶᠢᠳᠠᠭ᠃ ᠲᠡᠷᠡ ᠪᠠᠶᠠᠨᠬᠤᠲᠠ ᠶᠢᠨ ᠣᠷᠴᠢᠨ ᠲᠤᠭᠤᠷᠢᠨ ᠤ ᠠᠷᠢᠭᠤᠨ ᠴᠡᠪᠡᠷ ᠤᠨ ᠠᠵᠢᠯ ᠦᠢᠯᠡᠰ ᠲᠤ ᠭᠠᠪᠰᠢᠭᠠᠶᠢᠯᠠᠵᠤ᠂ ︽ᠠᠷᠠᠳ ᠲᠦᠮᠡᠨ ᠳᠤ ᠦᠢᠯᠡᠴᠢᠯᠡᠬᠦ︾ ᠤᠭ ᠰᠠᠨᠠᠭ᠎ᠠ ᠪᠠᠨ ᠪᠠᠷᠢᠮᠲᠠᠯᠠᠨ᠂ ᠡᠪ ᠬᠠᠮᠲᠤ ᠨᠠᠮ ᠤᠨ ᠬᠡᠰᠢᠭᠦᠨ ᠤ ᠬᠠᠷᠠᠮ ᠦᠭᠡᠢ ᠬᠤᠪᠢ ᠨᠡᠮᠡᠷᠢ ᠦᠵᠡᠭᠦᠯᠭᠦ ᠳᠠᠭᠤᠷᠢᠶᠠᠯ ᠪᠣᠯᠤᠭᠰᠠᠨ ᠪᠠᠶᠢᠨ᠎ᠠ᠃     ᠲᠡᠷᠡ ᠠᠩᠬ᠎ᠠ ᠨᠡᠶᠢᠬᠡᠮ ᠳᠡᠭᠡᠷ᠎ᠡ ᠭᠠᠷᠤᠭᠰᠠᠨ ᠴᠠᠭ ᠠᠴᠠ ᠪᠠᠨ ᠵᠢᠷᠠᠨ ᠨᠠᠰᠤ ᠬᠦᠷᠲᠡᠯ᠎ᠡ ᠪᠠᠨ ᠵᠣᠷᠯᠤᠩ ᠴᠡᠪᠡᠷᠯᠡᠬᠦ ᠠᠵᠢᠯ ᠢ ᠪᠤᠵᠠᠷ ᠪᠤᠷᠲᠠᠭ ᠭᠡᠵᠤ ᠵᠢᠭᠰᠢᠭᠡ ᠦᠭᠡᠢ᠂ ᠬᠤᠭ ᠯᠠᠭ ᠴᠡᠪᠡᠷᠯᠡᠬᠦ ᠠᠵᠢᠯ ᠢ ᠶᠠᠳᠠᠷᠠᠯᠲᠠᠢ ᠭᠡᠳ ᠬᠠᠶᠠᠭᠰᠠᠨ ᠦᠭᠡᠢ᠂ ᠰᠢᠷᠦᠢ ᠶᠢᠨ ᠵᠠᠮ ᠰᠠᠶᠢᠷᠭᠠᠯ ᠵᠠᠮ ᠠᠴᠠ ᠦᠭᠰᠦᠭᠦᠯᠦᠨ ᠲᠣᠰᠤᠨ ᠵᠠᠮ ᠬᠦᠷᠲᠡᠯ᠎ᠡ ᠢᠯᠭᠠᠯ ᠦᠭᠡᠢ ᠱᠦᠭᠦᠷᠳᠡᠵᠦ ᠴᠡᠪᠡᠷ ᠲᠣᠬᠢᠯᠢᠭ ᠬᠤᠲᠠ ᠶᠢᠨ ᠠᠲᠠᠯ ᠦᠢᠯᠡᠰ ᠲᠤ ᠭᠤᠴᠢ ᠭᠠᠷᠦᠢ ᠵᠢᠯ ᠭᠠᠷᠮᠠᠭᠠᠢ ᠦᠢᠯᠡᠴᠢᠯᠡᠵᠦ᠂ ᠪᠦᠬᠦ ᠣᠷᠤᠨ ᠤ ᠰᠢᠯᠢᠳᠡᠭ ᠡᠪ ᠬᠠᠮᠲᠤ ᠨᠠᠮ ᠤᠨ ᠬᠡᠰᠢᠭᠦᠨ ᠤ ᠢᠷᠠᠭᠤ ᠠᠯᠳᠠᠷ ᠢ ᠠᠵᠢᠯᠴᠢ ᠬᠤᠶᠠᠷ ᠭᠠᠷ ᠢᠶᠠᠷ ᠢᠶᠠᠨ ᠰᠣᠯᠢᠵᠤ ᠠᠪᠴᠢᠷᠠᠭᠰᠠᠨ ᠪᠢᠯᠡ᠂ ᠡᠨᠡ ᠬᠦᠮᠦᠨ ᠪᠣᠯ ᠳᠠᠷᠦᠢ ᠣᠷᠴᠢᠨ ᠲᠤᠭᠤᠷᠢᠨ ᠤ ᠠᠷᠢᠭᠤᠨ ᠴᠡᠪᠡᠷ ᠤᠨ ᠠᠵᠢᠯᠲᠠᠨ ᠸᠠᠩ ᠴᠦᠨ ᠱᠧᠩ ᠪᠣᠯᠤᠨ᠎ᠠ᠃     ᠠᠯᠠᠱᠠ ᠵᠡᠬᠦᠨ ᠬᠤᠰᠢᠭᠤᠨ ᠤ ᠡᠯᠡᠰᠦᠨ ᠭᠤᠪᠢ ᠬᠠᠴᠢᠨ ᠴᠢᠯᠠᠭᠤᠨ ᠤ ᠬᠦᠷᠢᠶᠡᠯᠡᠩ ᠵᠢᠯ ᠪᠣᠯᠭᠠᠨ ᠨᠢᠭᠡᠳᠦᠭᠡᠷ ᠪᠦᠯᠦᠭ ᠵᠣᠭᠠᠴᠠᠭᠰᠠᠳ ᠢᠶᠠᠨ ᠤᠭᠲᠤᠬᠤ ᠴᠠᠭ ᠠᠴᠠ ᠡᠬᠢᠯᠡᠨ ᠵᠤᠭᠠᠴᠠᠭᠰᠠᠳ ᠲᠤ ᠴᠡᠪᠡᠷ ᠲᠣᠬᠢᠲᠠᠢ ᠣᠷᠴᠢᠨ ᠲᠤᠭᠤᠷᠢᠨ ᠬᠠᠩᠭᠠᠬᠤ ᠶᠢᠨ ᠲᠦᠯᠦᠭᠡ ᠸᠠᠩ ᠴᠦᠨ ᠱᠧᠩ ᠬᠠᠮᠲᠤ ᠠᠵᠢᠯᠲᠠᠳ ᠢᠶᠠᠨ ᠳᠠᠭᠠᠭᠤᠯᠤᠨ ᠨᠢᠭᠡ ᠡᠳᠦᠷ ᠤᠨ ᠴᠡᠪᠡᠷᠯᠡᠭᠡ ᠶᠢᠨ ᠠᠵᠢᠯ ᠢᠶᠠᠨ ᠡᠬᠢᠯᠡᠭᠦᠯᠳᠡᠭ ᠪᠠᠶᠢᠯ᠎ᠠ᠃ ᠬᠦᠮᠦᠨ ᠤ ᠬᠦᠴᠦ ᠪᠠᠷ ᠮᠠᠯᠲᠠᠭᠰᠠᠨ ᠨᠠᠭᠤᠷ ᠲᠤᠲᠤᠷᠠᠬᠢ ᠬᠤᠭ ᠯᠠᠭ ᠢ ᠴᠡᠪᠡᠷᠯᠡᠬᠦ ᠨᠢ ᠬᠠᠮᠤᠭ ᠬᠦᠴᠢᠷᠳᠡᠯᠳᠡᠢ ᠠᠵᠢᠯ ᠴᠤ ᠸᠠᠩ ᠴᠦᠨ ᠱᠧᠩ ᠦᠨᠴᠦᠭ ᠪᠣᠯᠤᠩ ᠢ ᠦᠯᠡᠳᠡᠭᠡᠯ ᠦᠭᠡᠢ ᠪᠠᠷ ᠨᠠᠷᠢᠯᠢᠭ ᠴᠡᠪᠡᠷᠯᠡᠳᠡᠭ ᠶᠤᠮ᠃ ᠲᠠᠷᠨ᠂ ᠨᠠᠮ ᠤᠨ ᠬᠡᠰᠢᠭᠦᠨ ᠪᠣᠯᠤᠭᠰᠠᠨ ᠤ ᠬᠤᠪᠢ ᠳᠤ ᠥᠭᠡᠷ᠎ᠡ ᠪᠤᠰᠤᠳ ᠤᠨ ᠠᠮᠤᠷ ᠲᠥᠪᠰᠢᠨ ᠢ ᠪᠤᠳᠤᠯᠬᠢᠯᠠᠵᠤ᠂ ᠠᠯᠢ ᠬᠦᠴᠢᠷ ᠠᠵᠢᠯ ᠢ ᠪᠤᠰᠤᠳ ᠠᠴᠠ ᠤᠷᠢᠳᠴᠢᠯᠠᠨ ᠭᠠᠪᠰᠢᠭᠠᠶᠢᠯᠠᠨ ᠬᠢᠬᠦ ᠬᠡᠷᠡᠭᠲᠡᠢ ᠭᠡᠵᠦ ᠶᠠᠷᠢᠵᠤ ᠪᠠᠶᠢᠯ᠎ᠠ᠃     ᠵᠢᠷᠠ ᠶᠢᠨ ᠪᠠᠷ᠎ᠠ ᠶᠢ ᠬᠠᠷᠠᠭᠰᠠᠨ ᠸᠠᠩ ᠴᠦᠨ ᠱᠧᠩ ᠣᠷᠴᠢᠨ ᠲᠤᠭᠤᠷᠢᠨ ᠤ ᠴᠡᠪᠡᠷᠯᠡᠭᠴᠢ ᠶᠢᠨ ᠠᠵᠢᠯ ᠤᠨ ᠪᠠᠶᠢᠷᠢᠨ ᠳᠤ ᠨᠢᠭᠡᠨᠲᠡ 36 ᠵᠢᠯ ᠪᠣᠯᠵᠠᠢ᠃ 1985 ᠣᠨ ᠳᠤ 23 ᠨᠠᠰᠤᠲᠠᠢ ᠸᠠᠩ ᠴᠦᠨ ᠱᠧᠩ ᠨᠢᠩᠰᠢᠶᠠ ᠠᠴᠠ ᠠᠯᠠᠱᠠ ᠳᠤ ᠢᠷᠡᠵᠤ ᠬᠤᠭ ᠯᠠᠭ ᠲᠡᠭᠡᠭᠡᠬᠦ ᠲᠡᠷᠭᠡ ᠶᠢᠨ ᠵᠢᠯᠤᠭᠤᠴᠢ᠂ ᠵᠣᠷᠯᠤᠩ ᠴᠡᠪᠡᠷᠯᠡᠭᠴᠢ ᠶᠢᠨ ᠠᠵᠢᠯ ᠢ ᠬᠢᠵᠦ᠂ ᠡᠳᠦᠷ ᠪᠤᠯᠭᠠᠨ ᠦᠨᠡᠭᠡᠨ ᠬᠠᠷᠠᠩᠭᠤᠢ ᠪᠠᠷ ᠪᠣᠰᠴᠣ᠂ ᠵᠡᠭᠡᠯᠢ ᠭᠤᠳᠤᠮᠵᠢ ᠪᠣᠯᠭᠠᠨ ᠢᠶᠠᠷ ᠬᠡᠳᠦᠨ ᠠᠷᠪᠠᠨ ᠵᠢᠯ ᠶᠠᠪᠤᠭᠰᠠᠨ ᠴᠤ ᠪᠤᠵᠠᠷ ᠪᠤᠷᠲᠠᠭ ᠭᠡᠵᠦ ᠵᠢᠭᠰᠢᠭᠰᠡᠨ ᠦᠭᠡᠢ᠃ ᠦᠭᠡᠷ᠎ᠡ ᠬᠦᠮᠦᠨ ᠲᠡᠭᠦᠨ ᠢ ᠪᠣᠵᠠᠷ ᠥᠮᠡᠬᠡᠢ ᠭᠡᠵᠦ ᠵᠠᠶᠢᠳᠠᠭᠰᠠᠨ ᠴᠤ ᠪᠣᠯᠤᠭ᠂ ᠭᠡᠷ ᠤᠨ ᠬᠦᠮᠦᠰ ᠨᠢ ᠠᠵᠢᠯ ᠢᠶᠠᠨ ᠰᠣᠯᠢ ᠭᠡᠵᠦ ᠢᠳᠬᠠᠭᠰᠠᠨ ᠴᠤ ᠪᠣᠯᠤᠭ ᠲᠡᠷᠡ ︽ᠡᠨᠡ ᠠᠵᠢᠯ ᠢ ᠶᠠᠭᠠᠬᠢᠯ᠎ᠠ ᠴᠤ ᠭᠡᠰᠡᠨ ᠬᠢᠬᠦ ᠬᠦᠮᠤᠨ ᠪᠠᠶᠢᠬᠤ ᠬᠡᠷᠡᠭᠲᠡᠢ︾ ᠭᠡᠵᠦ ᠪᠠᠶᠢᠩᠭᠤ ᠶᠠᠷᠢᠳᠠᠭ᠃     ᠸᠠᠩ ᠴᠦᠨ ᠱᠧᠩ ᠠᠵᠢᠯ ᠳᠠᠭᠠᠨ ᠠᠵᠢᠯᠴᠢ ᠬᠢᠴᠢᠶᠡᠩᠭᠦᠢ ᠰᠢᠷᠭᠠᠭᠤ ᠬᠦᠳᠡᠯᠮᠦᠷᠢᠯᠡᠳᠡᠭ ᠢᠶᠠᠷ ᠪᠠᠷᠠᠬᠤ ᠦᠭᠡᠢ ᠂ ᠰᠡᠳᠬᠢᠨ ᠪᠣᠳᠤᠯᠬᠢᠯᠠᠵᠤ ᠰᠢᠨ᠎ᠡ ᠶᠢ ᠡᠭᠦᠳᠬᠦ ᠳᠡᠭᠡᠨ ᠴᠤ ᠴᠢᠳᠠᠮᠠᠭᠠᠢ ᠪᠠᠶᠢᠵᠤ᠂ ᠠᠯᠠᠱᠠ ᠵᠡᠬᠦᠨ ᠬᠤᠰᠢᠭᠤᠨ ᠤ ᠣᠷᠴᠢᠨ ᠲᠤᠭᠤᠷᠢᠨ ᠤ ᠬᠠᠮᠢᠶᠠᠷᠤᠯᠲᠠ ᠶᠢᠨ ᠲᠤᠪᠴᠢᠶ᠎ᠠ ᠳᠠᠭᠠᠨ ᠴᠤᠯᠭᠤᠷᠠᠭᠰᠠᠨ ︽ᠴᠢᠳᠠᠪᠤᠷᠢᠲᠠᠨ︾ ᠪᠢᠯᠡ᠃ ᠬᠤᠭ ᠴᠡᠪᠡᠷᠯᠡᠨ ᠲᠡᠭᠡᠭᠡᠪᠦᠷᠢᠯᠡᠬᠦ ᠲᠡᠷᠭᠡᠨ ᠳᠡᠭᠡᠨ ᠬᠠᠪᠲᠠᠰᠤ ᠤᠭᠰᠠᠷᠴᠤ᠂ ᠲᠡᠭᠡᠭᠡᠪᠦᠷᠢᠯᠡᠬᠦ ᠶᠠᠪᠤᠴᠠ ᠳᠠᠬᠢ ᠭᠡᠭᠡᠵᠦ ᠣᠷᠬᠢᠭᠳᠠᠬᠤ ᠠᠰᠠᠭᠤᠳᠠᠯ ᠢ ᠰᠢᠢᠳᠪᠤᠷᠢᠯᠡᠵᠡᠢ᠃ ᠡᠪᠤᠯ ᠴᠠᠰᠤ ᠪᠠᠭᠤᠭᠰᠠᠨ ᠤ ᠳᠠᠷᠠᠭ᠎ᠠ ᠴᠠᠰᠤ ᠬᠠᠶᠢᠯᠤᠭᠤᠯᠬᠤ ᠡᠳ᠋ ᠢ ᠬᠦᠮᠦᠨ ᠤ ᠬᠦᠴᠦ ᠪᠠᠷ ᠰᠠᠴᠤᠬᠤ ᠨᠢ ᠤᠳᠠᠭᠠᠨ ᠮᠥᠷᠲᠡᠭᠡᠨ ᠬᠦᠴᠦ ᠶᠡᠭᠡ ᠵᠠᠷᠤᠴᠠᠭᠤᠯᠬᠤ ᠶᠢ ᠬᠠᠷᠠᠭᠠᠳ ᠲᠡᠷᠡ ᠴᠠᠰᠤ ᠬᠠᠶᠢᠯᠤᠭᠤᠯᠬᠤ ᠡᠳ᠋ ᠢ ᠮᠠᠰᠢᠨ ᠳᠤ ᠤᠭᠰᠠᠷᠠᠬᠤ ᠪᠠᠭᠠᠵᠢ ᠶᠢ ᠡᠭᠦᠳᠦᠨ᠂ ᠠᠵᠢᠯ ᠤᠨ ᠦᠷ᠎ᠡ ᠪᠦᠲᠦᠮᠵᠢ ᠪᠠᠨ ᠶᠡᠭᠡ ᠪᠠᠷ ᠳᠡᠭᠡᠭᠰᠢᠯᠡᠭᠦᠯᠵᠡᠢ᠃     ᠪᠠᠶᠠᠨᠬᠤᠲᠠ ᠶᠢᠨ ᠪᠠᠷᠠᠭᠤᠨ ᠲᠡᠭᠦᠷᠭᠡ ᠶᠢᠨ ᠬᠠᠮᠤᠷᠤᠭᠰᠠᠨ ᠬᠦᠷᠢᠶ᠎ᠡ ᠴᠠᠷᠠᠭ᠎ᠠ ᠦᠷᠭᠡᠨ᠂ ᠠᠯᠠᠱᠠ ᠶᠢᠨ ᠪᠠᠭᠠᠲᠤᠷᠴᠤᠳ ᠤᠨ ᠴᠤᠭᠯᠠᠭᠠᠨ ᠤ ᠲᠠᠯᠠᠪᠠᠢ᠂ ᠮᠣᠷᠢᠨ ᠤᠷᠤᠯᠳᠤᠭᠠᠨ ᠤ ᠲᠠᠯᠠᠪᠠᠢ᠂ ᠬᠠᠴᠢᠨ ᠴᠢᠯᠠᠭᠤᠨ ᠤ ᠮᠥᠽᠸᠢ ᠵᠡᠷᠭᠡ ᠲᠤᠮᠤ ᠬᠡᠯᠪᠡᠷᠢ ᠶᠢᠨ ᠬᠦᠳᠡᠯᠭᠡᠭᠡᠨ ᠤ ᠲᠠᠯᠠᠪᠠᠢ ᠪᠦᠷ ᠠᠳᠡ ᠲᠦᠪᠯᠡᠷᠡᠭᠰᠡᠨ ᠲᠤᠯᠠ ᠣᠷᠴᠢᠨ ᠲᠤᠭᠤᠷᠢᠨ ᠢ ᠬᠠᠮᠠᠭᠠᠯᠠᠬᠤ ᠪᠠ ᠠᠷᠢᠭᠤᠨ ᠴᠡᠪᠡᠷ ᠢ ᠪᠠᠲᠤᠯᠠᠬᠤ ᠡᠭᠦᠷᠭᠡ ᠬᠦᠨᠳᠦ ᠠᠵᠢᠯ ᠶᠡᠭᠡ ᠪᠠᠶᠢᠳᠠᠭ᠃ 2020 ᠣᠨ ᠤ 10 ᠰᠠᠷ᠎ᠠ ᠳᠤ᠂ ᠪᠠᠭᠠᠲᠤᠷᠴᠤᠳ ᠤᠨ ᠴᠤᠭᠯᠠᠭᠠᠨ ᠤ ᠬᠤᠭᠤᠴᠠᠭᠠᠨ ᠳᠤ ᠸᠠᠩ ᠴᠦᠨ ᠱᠧᠩ ᠬᠠᠮᠲᠤ ᠠᠵᠢᠯᠲᠠᠳ ᠢᠶᠠᠨ ᠳᠠᠭᠠᠭᠤᠯᠵᠤ᠂ ᠬᠤᠷᠠᠯ ᠤᠨ ᠲᠠᠯᠠᠪᠠᠢ ᠶᠢᠨ ᠴᠡᠪᠡᠷᠯᠡᠭᠡ ᠶᠢᠨ ᠠᠵᠢᠯ ᠳᠤ ᠭᠦᠨᠵᠡᠭᠡᠶᠢᠷᠡᠵᠦ᠂ ᠠᠷᠤ ᠦᠢᠯᠡᠴᠢᠯᠡᠭᠡᠨ ᠤ ᠠᠵᠢᠯ ᠢ ᠰᠠᠶᠢᠲᠦᠷ ᠪᠠᠲᠤᠯᠠᠬᠤ ᠶᠢᠨ ᠲᠦᠯᠦᠭᠡ᠂ ᠲᠡᠷᠡ ᠬᠤᠷᠠᠯ ᠤᠨ ᠲᠠᠯᠠᠪᠠᠢ ᠳᠤ ᠵᠢᠵᠢᠭᠦᠷᠯᠡᠨ ᠬᠤᠨᠤᠵᠤ᠂ ᠠᠵᠢᠯ ᠤᠨ ᠪᠠᠶᠢᠷᠢ ᠪᠠᠨ ᠪᠠᠲᠤ ᠰᠠᠬᠢᠵᠤ ᠪᠠᠶᠢᠪᠠ᠃ ᠮᠦᠨ ᠲᠡᠷᠡ ᠵᠢᠯ ᠤᠨ 10 ᠰᠠᠷ᠎ᠠ ᠶᠢᠨ 3 ᠤ ᠡᠳᠦᠷ᠂ ᠡᠵᠢ ᠨᠢ ᠢᠷᠭᠠᠢ ᠬᠤᠲᠠ ᠳᠤ ᠡᠪᠡᠳᠴᠢᠨ ᠢᠶᠠᠷ ᠨᠠᠰᠤ ᠪᠠᠷᠠᠭᠰᠠᠨ ᠭᠤᠨᠢᠭᠲᠤ ᠴᠢᠮᠡᠭᠡ ᠶᠢ ᠲᠤᠭᠤᠯᠵᠤ᠂ ᠡᠵᠢ ᠳᠡᠭᠡᠨ ᠣᠴᠢᠵᠤ ᠵᠣᠯᠭᠠᠵᠤ ᠴᠢᠳᠠᠭ᠎ᠠ ᠦᠭᠡᠢ ᠨᠢ ᠲᠡᠭᠦᠨ ᠳᠤ ᠨᠢᠭᠡ ᠨᠠᠰᠤᠨ ᠤ ᠬᠠᠷᠠᠮᠰᠠᠯ ᠪᠤᠯᠤᠨ ᠦᠯᠡᠳᠡᠯ᠎ᠡ᠃ ︽ᠡᠳᠦᠢ ᠣᠯᠠᠨ ᠵᠢᠯ ᠳᠤ ᠡᠵᠢ ᠪᠠᠨ ᠡᠷᠬᠢᠵᠤ ᠦᠵᠡᠬᠦ ᠪᠠᠷ ᠣᠴᠢᠬᠤ ᠨᠢ ᠴᠦᠬᠡᠨ᠂ ᠶᠡᠭᠡ ᠬᠠᠷᠠᠮᠰᠠᠵᠤ ᠪᠠᠶᠢᠨ᠎ᠠ᠂ ᠪᠢ ᠡᠨᠡ ᠭᠡᠷ ᠪᠦᠯᠢ ᠳᠤ ᠬᠠᠷᠢᠭᠤᠴᠠᠯᠭ᠎ᠠ ᠪᠠᠨ ᠭᠦᠢᠴᠡᠳᠭᠡᠵᠣ ᠴᠢᠳᠠᠭᠰᠠᠨ ᠦᠭᠡᠢ᠂ ᠰᠡᠳᠬᠢᠯ ᠲᠤᠲᠤᠷ᠎ᠠ ᠪᠠᠨ ᠲᠤᠩ ᠶᠡᠭᠡ ᠥᠷᠢᠲᠡᠵᠤ ᠪᠠᠶᠢᠨ᠎ᠠ︾ ᠭᠡᠵᠦ ᠸᠠᠩ ᠴᠦᠨ ᠱᠧᠩ ᠰᠡᠳᠬᠢᠯ ᠤᠨ ᠦᠭᠡ ᠪᠠᠨ ᠶᠠᠷᠢᠯ᠎ᠠ᠃     ᠵᠠᠯᠠᠭᠤ ᠽᠠᠨᠳᠠᠨ ᠨᠠᠰᠤ ᠠᠴᠠ ᠵᠠᠵᠢᠨ ᠦᠰᠦ ᠪᠠᠨ ᠴᠠᠶᠢᠲᠠᠯ᠎ᠠ ᠴᠢᠷᠮᠠᠶᠢᠭᠰᠠᠨ ᠤ ᠬᠠᠷᠢᠭᠤ ᠳᠤ ᠤᠷᠢᠳ ᠬᠤᠵᠢᠳ ᠬᠤᠰᠢᠭᠤ᠂ ᠠᠶᠢᠮᠠᠭ᠂ ᠤᠷᠤᠨ ᠡᠯ᠎ᠡ ᠱᠠᠲᠤᠨ ᠤ ᠬᠤᠷᠢᠭᠠᠳ ᠲᠦᠷᠦᠯ ᠤᠨ ᠰᠠᠶᠢᠰᠢᠶᠠᠯ ᠮᠠᠭᠲᠠᠭᠠᠯ ᠤᠨ ᠲᠡᠮᠳᠡᠭ ᠢ ᠬᠦᠷᠲᠡᠵᠡᠢ᠃ ᠳᠠᠷᠠᠭ᠎ᠠ ᠵᠢᠯ ᠲᠡᠷᠡ ᠳᠠᠷᠦᠢ ᠢᠷᠠᠭᠤ ᠠᠯᠳᠠᠷᠲᠠᠢ ᠪᠠᠷ ᠠᠵᠢᠯ ᠤᠨ ᠠᠮᠠᠷᠠᠯᠲᠠ ᠪᠠᠨ ᠠᠪᠬᠤ ᠪᠣᠯᠤᠨ᠎ᠠ᠃ ᠭᠡᠪᠡᠴᠤ ᠲᠡᠷᠡ᠄ ︽ᠬᠡᠳᠦ᠋ᠢᠪᠡᠷ ᠠᠵᠢᠯ ᠤᠨ ᠠᠮᠠᠷᠠᠯᠲᠠ ᠪᠠᠨ ᠠᠪᠤᠭᠰᠠᠨ ᠴᠤ ᠠᠯᠠᠱᠠ ᠵᠡᠬᠦᠨ ᠬᠤᠰᠢᠭᠤᠨ ᠤ ᠬᠤᠲᠠ ᠶᠢᠨ ᠠᠷᠢᠭᠤᠨ ᠴᠡᠪᠡᠷ ᠢ ᠡᠭᠦᠷᠢᠳᠡ ᠬᠠᠮᠠᠭᠠᠯᠠᠵᠤ᠂ ᠲᠤᠰᠢᠶᠠᠯ ᠠᠴᠠ ᠪᠠᠨ ᠠᠮᠠᠷᠠᠭᠰᠠᠨ ᠴᠤ ᠠᠵᠢᠯ ᠤᠨ ᠪᠠᠶᠢᠷᠢ ᠪᠠᠨ ᠡᠭᠦᠷᠢᠳᠡ ᠰᠠᠬᠢᠨ᠎ᠠ︾ ᠭᠡᠵᠦ ᠪᠠᠶᠢᠯ᠎ᠠ᠃ ᠠᠯᠠᠱᠠ ᠵᠡᠬᠦᠨ ᠬᠤᠰᠢᠭᠤᠨ ᠤ ᠬᠤᠲᠠ ᠶᠢᠨ ᠣᠷᠴᠢᠨ ᠲᠤᠭᠤᠷᠢᠨ ᠤ ᠠᠷᠢᠭᠤᠨ ᠴᠡᠪᠡᠷ ᠤᠨ ᠬᠠᠮᠢᠶᠠᠷᠤᠯᠲᠠ ᠶᠢᠨ ᠲᠤᠪᠴᠢᠶ᠎ᠠ ᠶᠢᠨ ᠲᠣᠪᠴᠢᠶᠠᠨ ᠳᠠᠷᠤᠭ᠎ᠠ ᠸᠠᠩ ᠵᠦᠩ᠄ ︽ᠲᠡᠷᠡ ᠠᠵᠢᠯ ᠳᠤ ᠭᠠᠷᠤᠭᠰᠠᠨ ᠴᠠᠭ ᠠᠴᠠ ᠣᠷᠴᠢᠨ ᠲᠣᠭᠤᠷᠢᠨ ᠤ ᠠᠷᠢᠭᠤᠨ ᠴᠡᠪᠡᠷ ᠤᠨ ᠠᠵᠢᠯ ᠢ 36 ᠵᠢᠯ ᠬᠢᠭᠰᠡᠭᠡᠷ ᠢᠷᠡᠭᠰᠡᠨ᠂ ᠠᠵᠢᠯ ᠳᠠᠭᠠᠨ ᠯᠠᠪᠳᠠᠭᠤᠨ ᠨᠠᠷᠢᠯᠢᠭ᠂ ᠲᠡᠰᠪᠤᠷᠢᠲᠡᠢ ᠬᠠᠳᠠᠭᠤᠵᠢᠯᠲᠠᠢ ᠪᠠᠶᠢᠳᠠᠭ᠂ ᠲᠡᠬᠦᠨ ᠤ ᠠᠯᠢᠪᠠ ᠢᠷᠠᠭᠤ ᠠᠯᠳᠠᠷ ᠨᠢ ᠬᠡᠳᠦᠨ ᠠᠷᠪᠠᠨ ᠵᠢᠯ ᠢ ᠨᠢᠭᠡ ᠯᠠ ᠡᠳᠦᠷ ᠰᠢᠭ ᠭᠠᠷᠮᠠᠭᠠᠢ ᠠᠵᠢᠯᠯᠠᠵᠤ᠂ ᠬᠠᠷᠠᠮ ᠦᠭᠡᠢ ᠬᠤᠪᠢ ᠨᠡᠮᠡᠷᠢ ᠪᠠᠨ ᠦᠵᠡᠭᠦᠯᠦᠭᠰᠡᠨ ᠤ ᠦᠷ᠎ᠡ ᠳ᠋ᠦᠩ ᠪᠤᠯᠤᠨ᠎ᠠ︾ ᠭᠡᠪᠡ᠃
 
ᠢᠷᠡᠯᠲᠡ᠄ ᠠᠯᠠᠱᠨ ᠶᠢᠨ ᠡᠲᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号