︽ᠡᠨᠡ ᠪᠣᠯ ᠮᠠᠨ ᠤ ᠮᠠᠯᠳᠠᠬᠰᠠᠠ ᠳᠥᠷᠪᠡᠳᠡᠬᠢ ᠬᠤᠳᠳᠤᠭ᠂ 269 ᠮᠧᠲᠷ ᠭᠦᠨ ᠮᠠᠯᠳᠠᠵᠦ ᠪᠠᠶᠢᠮᠠᠨ ᠰᠠᠶ᠋ᠢ | ᠤᠰᠤ ᠭᠠᠷᠤᠭᠰᠠᠨ ᠰᠢᠤ︾ ᠭᠡᠵᠦ ᠲᠡᠮᠡᠴᠡᠯ ᠭᠤᠸᠠᠢ ᠶᠠᠷᠢᠨ᠎ᠠ᠃ ᠳᠡᠷᠡ ᠨᠤᠳᠤᠭ ᠤᠰᠤ ᠪᠠᠨ ᠨᠤᠭᠤᠭᠠᠷᠠᠭᠤᠯᠬᠤ | ᠬᠡᠵᠦ ᠤᠷᠢᠳ ᠬᠤᠵᠢᠳ ᠬᠡᠳᠦᠨ ᠤᠳᠠᠭ᠎ᠠ ᠬᠤᠳᠳᠤᠭ ᠮᠠᠯᠳᠠᠵᠦ ᠨᠠᠶᠢᠳᠠ 40 ᠲᠦᠮᠡᠨ ᠲᠥᠬᠦᠷᠢᠭ ᠣᠷᠴᠢᠮ | ᠪᠡᠯᠡ ᠮᠥᠩᠬᠦ ᠵᠠᠷᠤᠴᠠᠭᠤᠯᠤᠭᠰᠠᠨ ᠪᠠᠶᠢᠪᠠ᠃ | ᠲᠡᠷᠡ ᠬᠤᠷᠢᠭᠠᠳ ᠵᠢᠯ ᠤᠨ ᠡᠮᠤᠨ᠎ᠡ ᠬᠦᠮᠦᠰ ᠲᠤ ︽ᠣᠯᠣᠭᠰᠠᠨ ᠬᠡᠳᠤᠨ ᠵᠣᠭᠤᠰ ᠢᠶᠠᠨ ᠡᠯᠡᠰᠤᠨ ᠳᠤ ᠵᠠᠷᠤᠵᠤ | ᠶᠠᠭᠤ ᠣᠯᠣᠨ᠎ᠠ ᠳ᠋ᠠ︾ ᠭᠡᠮᠡᠨ ᠵᠢᠮᠡᠯᠡᠭᠳᠡᠵᠦ ᠪᠠᠶᠢᠭᠰᠠᠠ ᠪᠤᠯ ᠣᠳᠣ 5000 ᠮᠤ᠋ ᠨᠤᠳᠤᠭ ᠪᠡᠯᠴᠢᠭᠡᠷ ᠢ | ᠲᠦᠷᠢᠶᠡᠰᠦᠯᠡᠨ ᠣᠢ ᠮᠣᠳᠣ ᠲᠠᠷᠢᠵᠤ ᠨᠣᠭᠤᠭᠠᠷᠠᠭᠤᠯᠤᠨ᠂ ᠤᠯᠠᠭᠠᠨ ᠭᠤᠶᠣᠣ ᠴᠠᠭᠠᠨ ᠭᠤᠶᠣᠣ ᠤᠷᠭᠤᠭᠤᠯᠵᠤ | ᠵᠢᠯ ᠤᠨ ᠠᠷᠪᠠᠭᠠᠳ ᠲᠦᠮᠡᠨ ᠲᠥᠬᠦᠷᠢᠭ ᠤᠨ ᠴᠡᠪᠡᠷ ᠣᠷᠣᠯᠭ᠎ᠠ ᠤᠯᠤᠭ᠎ᠠ ᠴᠢᠨᠡᠭᠡᠯᠢᠭ ᠮᠠᠯᠴᠢᠨ ᠤ ᠨᠢᠭᠡ ᠪᠤᠯᠤᠭᠠᠳ | ᠪᠠᠶᠢᠨ᠎ᠠ᠃ | ᠲᠡᠬᠦᠨ ᠤ ᠣᠢ ᠮᠣᠳᠣ ᠲᠠᠷᠢᠵᠤ᠂ ᠨᠣᠳᠤᠭ ᠢᠶᠠᠨ ᠨᠣᠭᠤᠭᠠᠷᠠᠭᠤᠯᠤᠨ ᠪᠦᠳᠦᠭᠡᠨ ᠪᠠᠶᠢᠭᠤᠯᠵᠤ ᠣᠯᠠᠨ ᠳᠤ | ᠭᠠᠶᠢᠬᠠᠭᠳᠠᠭᠰᠠᠨ ᠢ ᠨᠢ ᠬᠤᠷᠢᠭᠠᠳ ᠵᠢᠯ ᠤᠨ ᠤᠷᠢᠳ ᠠᠴᠠ ᠤᠴᠢᠷᠯᠠᠭᠤᠰᠢᠳᠠᠢ᠃ | ᠲᠡᠮᠡᠴᠡᠯ ᠤᠨ ᠬᠢ ᠪᠣᠯ ᠲᠡᠭᠷᠢ ᠡᠯᠡᠰᠦ ᠪᠠᠯᠭᠠᠰᠤᠨ ᠤ ᠲᠡᠮᠡᠭᠡᠨ ᠠᠭᠤᠯᠠ ᠭᠠᠴᠠᠭᠠᠨ ᠤ ᠴᠢᠯᠠᠭᠤᠨ ᠬᠠᠰᠢᠶᠠᠨ ᠳᠤ | ᠨᠤᠳᠤᠭᠰᠢᠨ ᠰᠠᠭᠤᠭ᠎ᠠ ᠠᠶᠢᠯ᠃ ᠳᠡᠷᠡ 1976 ᠤᠨ ᠳᠤ ᠴᠡᠷᠢᠭ ᠲᠤ ᠤᠷᠤᠵᠦ᠂ 1999 ᠣᠨ ᠳᠤ ᠠᠯᠠᠱᠠ | ᠵᠡᠬᠦᠨ ᠬᠤᠰᠢᠭᠤᠨ ᠤ ᠬᠢᠯᠢ ᠶᠢᠨ ᠬᠠᠮᠠᠭᠠᠯᠠᠯᠳᠠ ᠶᠢᠨ ᠶᠡᠭᠡ ᠠᠩᠬᠢ ᠶᠢᠨ ᠳᠠᠷᠤᠭ᠎ᠠ ᠪᠠᠶᠢᠭᠰᠠᠨ ᠠᠴᠠ ᠪᠠᠨ ᠬᠠᠯᠠᠭᠳᠠᠵᠤ | ᠨᠤᠳᠤᠭ ᠲᠤ ᠪᠠᠨ ᠪᠤᠴᠠᠨ ᠡᠩ ᠤᠨ ᠨᠢᠭᠡ ᠮᠠᠯᠴᠢᠨ ᠪᠣᠯᠵᠡᠢ᠃ ᠲᠤᠬᠠᠢ ᠶᠢᠨ ᠦᠶ᠎ᠡ ᠳᠤ ᠲᠡᠷᠡ ᠣᠢ ᠮᠣᠳᠣ ᠲᠠᠷᠢᠵᠤ | ᠂ ᠨᠣᠳᠤᠭ ᠢᠶᠠᠨ ᠪᠦᠳᠦᠭᠡᠨ ᠪᠠᠶᠢᠭᠤᠯᠬᠤ ᠬᠦᠮᠦᠰ ᠤᠨ ᠡᠩᠨᠡᠭᠡᠨ ᠳᠤ ᠣᠷᠣᠵᠤ᠂ 2001 ᠣᠨ ᠳᠤ ᠠᠯᠠᠱᠠ ᠵᠡᠬᠦᠨ | ᠬᠤᠰᠢᠭᠤᠨ ᠤ ᠦᠯᠵᠡᠢ ᠰᠣᠮᠣᠨ ᠤ ᠱᠢᠷᠽᠠ ᠭᠠᠴᠠᠭᠠᠨ ᠤ ᠨᠡᠶᠢᠲᠡ ᠶᠢᠨ ᠨᠤᠳᠤᠭ ᠪᠡᠯᠴᠢᠭᠡᠷ ᠠᠴᠠ 4600 ᠮᠤ᠋ | ᠪᠡᠯᠴᠢᠭᠡᠷ ᠢ ᠲᠦᠷᠢᠶᠡᠰᠦᠯᠡᠨ ᠠᠪᠴᠦ 100 ᠭᠠᠷᠤᠢ ᠲᠦᠮᠡᠨ ᠲᠥᠬᠦᠷᠢᠭ ᠤᠨ ᠪᠡᠯᠡ ᠮᠥᠩᠬᠦ ᠵᠠᠷᠤᠴᠠᠭᠤᠯᠤᠠ᠂ | ᠤᠤᠯ ᠤᠨ ᠪᠠᠶᠢᠭᠠᠯᠢ ᠶᠢᠨ ᠵᠠᠭ ᠤᠨ ᠰᠠᠭᠤᠷᠢᠨ ᠳᠤ ᠰᠢᠨ᠎ᠡ ᠵᠠᠭ ᠲᠠᠷᠢᠬᠤ᠂ ᠲᠣᠣᠷ ᠲᠠᠳᠠᠬᠤ᠂ 200 ᠭᠠᠷᠤᠢ | ᠲᠡᠭᠰᠢ ᠲᠥᠷᠪᠡᠯᠵᠢᠨ ᠮᠧᠲᠷ ᠲᠠᠯᠠᠪᠠᠢ ᠲᠠᠢ ᠭᠡᠷ ᠪᠠᠶᠢᠰᠢᠩ ᠬᠦᠷᠢᠶ᠎ᠡ ᠬᠠᠰᠢᠶ᠎ᠠ ᠪᠠᠷᠢᠬᠤ᠂ ᠭᠤᠶᠣᠣ ᠬᠠᠳᠠᠭᠠᠬᠤ | ᠵᠢᠶᠠᠰᠠ ᠪᠡᠯᠡᠳᠭᠡᠬᠦ ᠵᠡᠷᠭᠡ ᠠᠩᠬᠠᠨ ᠤ ᠪᠦᠳᠦᠭᠡᠨ ᠪᠠᠶᠢᠭᠤᠯᠤᠯᠲᠠ ᠶᠢᠨ ᠠᠵᠢᠯ ᠢᠶᠠᠨ ᠬᠢᠵᠡᠢ᠃ 2009 ᠣᠨ | ᠪᠤᠯᠬᠤ ᠳᠤ ᠠᠯᠠᠱᠠ ᠵᠡᠬᠦᠨ ᠬᠤᠰᠢᠭᠤᠨ ᠤ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠲᠣᠪᠴᠢᠶ᠎ᠠ ᠵᠡᠷᠭᠡ ᠬᠠᠮᠢᠶ᠎ᠠ | ᠪᠦᠬᠦᠢ ᠪᠠᠶᠢᠭᠤᠯᠭ᠎ᠠ ᠨᠢᠬᠡᠴᠢ ᠶᠢᠨ ᠵᠢᠭᠠᠨ ᠵᠢᠯᠤᠭᠤᠳᠤᠯᠭ᠎ᠠ ᠲᠣᠣᠷ᠎ᠠ ᠭᠤᠶᠣᠣ ᠲᠠᠷᠢᠬᠤ ᠮᠡᠷᠭᠡᠵᠢᠯ ᠢ ᠡᠵᠡᠮᠰᠢᠨ | ᠴᠠᠭᠠᠨ ᠭᠤᠶᠣᠣ ᠤᠯᠠᠭᠠᠨ ᠭᠤᠶᠣᠣ ᠲᠠᠷᠢᠵᠤ᠂ ᠪᠡᠯᠴᠢᠭᠡᠷ ᠤᠨ ᠲᠠᠪᠠᠭᠤᠯᠢᠭ ᠪᠠ ᠠᠰᠢᠭ ᠣᠷᠣᠯᠭ᠎ᠠ ᠪᠠᠨ | ᠨᠡᠮᠡᠭᠳᠡᠭᠦᠯᠬᠦ ᠶᠢ ᠤᠶᠠᠯᠳᠤᠭᠤᠯᠵᠠᠢ᠃ ︽ᠴᠠᠭᠠᠨ ᠭᠤᠶᠣᠣ ᠲᠠᠷᠢᠬᠤ ᠳᠤ ᠵᠠᠭ ᠠᠴᠠ 0.8 — 1.2 ᠮᠧᠲᠷ | ᠵᠠᠶᠢᠳᠠᠢ᠂ ᠵᠠᠭ ᠤᠨ ᠲᠣᠭᠤᠷᠢᠨ ᠳᠤ ᠰᠠᠷᠠᠨ ᠤ ᠬᠡᠯᠪᠡᠷᠢ ᠲᠠᠢ 0.6 ᠮᠧᠲᠷ ᠭᠦᠨ ᠨᠥᠬᠡ ᠮᠠᠯᠳᠠᠵᠦ ᠲᠠᠷᠢᠪᠠᠯ | ᠭᠤᠶᠣᠣ ᠶᠢᠨ ᠤᠷᠭᠤᠴᠠ ᠳᠤ ᠰᠠᠶᠢᠨ︾ ᠭᠡᠮᠡᠨ ᠤᠳᠠᠭᠠᠨ ᠵᠢᠯ ᠤᠨ ᠭᠤᠶᠣᠣ ᠲᠠᠷᠢᠵᠤ ᠠᠮᠵᠢᠯᠲᠠ ᠤᠯᠤᠭᠰᠠᠨ | ᠲᠤᠷᠰᠢᠯᠭ᠎ᠠ ᠪᠠᠨ ᠪᠢᠳᠡᠨ ᠳᠤ ᠶᠠᠷᠢᠵᠤ ᠪᠠᠶᠢᠯ᠎ᠠ᠃ | ᠲᠡᠮᠡᠴᠡᠯ 2012 ᠣᠨ ᠳᠤ ᠲᠡᠮᠡᠭᠡᠨ ᠠᠭᠤᠯᠠ ᠭᠠᠴᠠᠭᠠᠨ ᠤ ᠨᠡᠶᠢᠲᠡ ᠶᠢᠨ ᠪᠡᠯᠴᠢᠭᠡᠷ ᠤᠨ ᠰᠡᠲᠡᠷ ᠨᠠᠭᠤᠷ ᠤᠨ | 400 ᠭᠠᠷᠤᠢ ᠮᠤ᠋ ᠪᠡᠯᠴᠢᠭᠡᠷ ᠢ ᠲᠦᠷᠢᠶᠡᠰᠦᠯᠡᠨ ᠪᠦᠷ ᠵᠠᠭ ᠲᠠᠷᠢᠵᠤ ᠨᠣᠭᠤᠭᠠᠷᠠᠭᠤᠯᠤᠯᠲᠠ ᠬᠢᠭᠰᠡᠨ ᠪᠦᠭᠡᠳ | ᠥᠪᠡᠷ ᠤᠨ ᠪᠡᠯᠴᠢᠭᠡᠷ ᠤᠨ 180 ᠮᠤ᠋ ᠭᠠᠵᠠᠷ ᠲᠤ ᠵᠠᠭ᠂ ᠴᠢᠪᠠᠭ᠎ᠠ᠂ ᠲᠣᠭᠤᠷ᠂ ᠰᠢᠨᠵᠢᠶᠠᠩ ᠤᠨ ᠵᠢᠭᠳᠡ᠂ ᠦᠵᠦᠮ | ᠵᠡᠷᠭᠡ ᠣᠯᠠᠨ ᠲᠥᠷᠥᠯ ᠤᠨ ᠵᠢᠮᠢᠰ ᠤᠨ ᠮᠣᠳᠣ ᠳᠠᠷᠢᠭᠰᠠᠨ ᠪᠠᠶᠢᠨ᠎ᠠ᠃ ᠬᠤᠵᠢᠮ ᠨᠢ ᠬᠦᠮᠦᠰ ᠳᠡᠬᠦᠨ ᠢ ︽ᠲᠡᠷᠡ | ᠦᠶ᠎ᠡ ᠳᠤ ᠲᠠ ᠶᠠᠭᠠᠬᠢᠭᠠᠳ ᠵᠠᠭ ᠲᠠᠷᠢᠬᠤ᠂ ᠭᠤᠶᠣᠣ ᠲᠠᠷᠢᠬᠤ ᠶᠢ ᠪᠣᠳᠣᠵᠤ ᠣᠯᠣᠭᠰᠠᠨ ᠪᠣᠢ᠂ ᠦᠨᠡᠭᠡᠷ ᠰᠦᠷᠡᠬᠡᠢ | ᠳ᠋ᠠ︾ ᠭᠡᠮᠡᠨ ᠭᠠᠶᠢᠬᠠᠨ ᠮᠠᠭᠲᠠᠬᠤ ᠪᠣᠯᠵᠡᠢ᠃ ᠲᠡᠮᠡᠴᠡᠯ ᠤᠨ ᠳᠤᠬᠠᠢ ᠶᠢᠨ ᠦᠶ᠎ᠠ ᠳᠤ ᠲᠤᠯᠭᠠᠷᠠᠵᠤ ᠪᠠᠶᠢᠭᠰᠠᠨ | ᠣᠯᠠᠨ ᠬᠦᠴᠢᠷ ᠵᠣᠪᠠᠯᠡᠩ ᠢ ᠵᠦᠪᠬᠡᠨ ᠭᠡᠷ ᠤᠨ ᠬᠦᠮᠦᠰ ᠨᠢ ᠯᠡ ᠮᠠᠳᠠᠨ᠎ᠠ᠃ ᠠᠩᠬ᠎ᠠ ᠴᠡᠷᠢᠭ ᠠᠴᠠ ᠬᠠᠯᠠᠭᠳᠠᠠ | ᠮᠠᠯᠴᠢᠨ ᠪᠣᠯᠬᠤ ᠳᠤ ᠬᠡᠤᠬᠡᠨ ᠨᠢ ︽ᠠᠪᠤ ᠡᠳᠤᠢ ᠣᠯᠠᠨ ᠵᠢᠯ ᠠᠵᠢᠯᠯᠠᠵᠤ ᠣᠳᠣ ᠥᠪᠡᠷ ᠤᠨ ᠢᠶᠠᠨ ᠵᠣᠷᠢᠭᠰᠠᠨ ᠢᠶᠠᠨ | ᠬᠢᠬᠦ ᠨᠢ ᠵᠥᠪ︾ ᠭᠡᠮᠡᠨ ᠲᠡᠮᠵᠢᠵᠦ ᠪᠠᠶᠢᠭᠰᠠᠨ ᠪᠦᠬᠡᠳ ᠣᠢ ᠮᠤᠳᠤ ᠲᠠᠷᠢᠬᠤ ᠳᠤ ᠵᠣᠭᠤᠰ ᠮᠥᠩᠬᠦ ᠳᠤᠳᠠᠵᠦ | ᠭᠠᠴᠢᠭᠳᠠᠬᠤ ᠳᠤ ᠡᠭᠡᠨᠡᠷ ᠱᠠᠳᠠᠷᠮᠠ ᠨᠢ ︽ᠪᠡᠩᠬᠢ ᠠᠴᠠ ᠵᠢᠭᠡᠯᠡᠯᠭᠡ ᠠᠪᠴᠤ ᠶᠠᠭᠤᠮ᠎ᠠ ᠪᠠᠨ ᠪᠦᠲᠦᠭᠡ᠂ ᠪᠢᠳᠡ | ᠬᠠᠮᠢᠶ᠎ᠠ ᠦᠬᠡᠢ ᠵᠠᠷᠤᠬᠤ ᠦᠬᠡᠢ︾ ᠭᠡᠮᠡᠨ ᠰᠡᠳᠬᠢᠯ ᠢ ᠨᠢ ᠲᠠᠶᠢᠳᠬᠤᠷᠠᠭᠤᠯᠵᠤ ᠪᠠᠶᠢᠪᠠ᠃ ᠬᠦᠤ ᠬᠡᠤᠭᠡᠨ ᠨᠢ ᠵᠠᠷᠢᠮ | ᠦᠶ᠎ᠡ ᠳᠤ ᠪᠡᠩᠬᠢ ᠶᠢᠨ ᠵᠢᠭᠡᠯᠡᠯᠭᠡ ᠶᠢᠨ ᠬᠦᠤ ᠮᠥᠩᠭᠦ ᠶᠢ ᠨᠢ ᠲᠥᠯᠥᠵᠦ ᠥᠭᠴᠦ ᠪᠠᠶᠢᠭᠰᠠᠨ ᠭᠡᠨ᠎ᠡ᠃ | ᠲᠡᠮᠡᠴᠡᠯ ᠳᠤ ᠵᠣᠭᠤᠰ ᠮᠦᠩᠬᠦᠨ ᠤ ᠬᠦᠴᠢᠷᠳᠡᠯ ᠠᠴᠠ ᠭᠠᠳᠠᠨ᠎ᠠ ᠬᠤᠳᠳᠤᠭ ᠮᠠᠯᠳᠠᠭᠠᠳ ᠤᠰᠤ ᠭᠠᠷᠬᠤ ᠦᠬᠡᠢ | ᠶᠠᠪᠤᠳᠠᠯ ᠨᠢ ᠬᠠᠮᠤᠭ ᠠᠷᠭ᠎ᠠ ᠮᠤᠬᠤᠷᠳᠠᠭᠤᠯᠤᠭᠰᠠᠨ ᠶᠠᠪᠤᠳᠠᠯ ᠪᠠᠶᠢᠪᠠ᠃ ᠲᠡᠭᠡᠷ᠎ᠡ ᠵᠠᠭᠤᠨ ᠤ ᠨᠠᠶᠠᠭᠠᠳ ᠣᠨ ᠳᠤ | ᠲᠡᠮᠡᠴᠡᠯ ᠤᠨ ᠠᠪᠤ ᠨᠢ ᠬᠦᠮᠦᠨ ᠵᠠᠯᠠᠵᠤ ᠬᠤᠳᠳᠤᠭ ᠮᠠᠯᠳᠠᠵᠦ 70 ᠮᠧᠲᠷ ᠭᠦᠨ ᠬᠦᠷᠦᠭᠡᠳ ᠬᠦᠴᠢᠯᠲᠥ᠋ᠷᠥᠭᠴᠢ | ᠳᠤᠲᠠᠵᠤ ᠯᠠ ᠴᠦᠢᠳᠡᠩ ᠠᠰᠠᠭᠠᠭᠠᠳ ᠪᠦᠷ ᠠᠰᠠᠬᠤ ᠠᠷᠭ᠎ᠠ ᠦᠬᠡᠢ ᠠᠴᠠ ᠮᠠᠯᠲᠠᠬᠤ ᠪᠠᠨ ᠵᠣᠭᠰᠤᠵᠤ ᠬᠤᠷᠢᠨ ᠤ | ᠭᠠᠵᠠᠷ ᠠᠴᠠ ᠣᠰᠤ ᠠᠴᠢᠵᠤ ᠪᠠᠶᠢᠭᠰᠠᠨ ᠭᠡᠨ᠎ᠡ᠃ ᠰᠡᠭᠦᠯᠡᠷ ᠨᠢ ᠲᠡᠮᠡᠴᠡᠯ ᠨᠤᠳᠤᠭ ᠲᠤ ᠪᠠᠨ ᠪᠤᠴᠠᠭᠰᠠᠨ ᠬᠤᠶᠢᠨ᠎ᠠ | 2010 ᠣᠨ ᠤ ᠦᠶ᠎ᠡ ᠪᠠᠷ 108 ᠮᠧᠲᠷ ᠭᠦᠨ ᠬᠤᠳᠳᠤᠭ᠂ 2017 ᠣᠨ ᠳᠤ 199 ᠮᠧᠲᠷ ᠭᠦᠨ | ᠬᠤᠳᠳᠤᠭ ᠮᠠᠯᠳᠠᠭᠠᠳ ᠤᠰᠤᠨ ᠤ ᠬᠡᠮᠵᠢᠶ᠎ᠡ ᠨᠢ ᠬᠡᠳᠦ᠋ᠢᠪᠡᠷ ᠪᠠᠭ᠎ᠠ ᠰᠢᠭ᠋ ᠪᠣᠯᠪᠠᠴᠤ ᠡᠳᠤᠷ ᠲᠣᠳᠤᠮ ᠤᠨ ᠤᠰᠤᠨ ᠤ | ᠬᠡᠷᠡᠭᠴᠡᠭᠡ ᠶᠢ ᠬᠠᠩᠭᠠᠵᠦ ᠪᠠᠶᠢᠭᠰᠠᠨ ᠬᠡᠨ᠎ᠠ᠃ ᠬᠡᠪᠡᠴᠦ ᠬᠤᠳᠳᠤᠭ ᠨᠢ ᠬᠤᠶᠠᠷᠬᠠᠨ ᠵᠢᠯ ᠤᠨ ᠬᠤᠭᠤᠴᠠᠭᠠᠨ ᠳᠤ | ᠨᠤᠷᠠᠭᠰᠠᠨ ᠨᠢ ᠬᠠᠷᠠᠮᠰᠠᠯᠲᠠᠢ᠃ ᠤᠰᠤ ᠦᠬᠡᠢ ᠪᠣᠯ ᠮᠣᠳᠣ ᠤᠰᠤᠯᠠᠬᠤ ᠳᠤ ᠵᠠᠷᠤᠯᠭ᠎ᠠ ᠦᠨᠳᠦᠷ᠂ ᠪᠦᠬᠦ ᠮᠣᠳᠣᠨ ᠤ | ᠬᠠᠭᠠᠰ ᠢ ᠨᠢ ᠵᠥᠪᠬᠡᠨ ᠨᠢᠭᠡ ᠤᠳᠠᠭ᠎ᠠ ᠤᠰᠤᠯᠠᠬᠤ ᠳᠤ 3000 ᠭᠠᠷᠤᠢ ᠲᠥᠬᠦᠷᠢᠭ ᠤᠨ ᠮᠠᠰᠢᠨ ᠲᠡᠷᠭᠡᠨ ᠤ | ᠬᠦᠯᠦᠰᠦᠨ ᠵᠣᠭᠤᠰ ᠵᠠᠷᠤᠴᠠᠭᠤᠯᠬᠤ ᠪᠣᠯᠬᠤᠷ ᠲᠡᠮᠡᠴᠡᠯ ᠤᠰᠤᠨ ᠤ ᠠᠰᠠᠭᠤᠳᠠᠯ ᠢ ᠰᠢᠢᠳᠪᠦᠷᠢᠯᠡᠬᠦ ᠨᠢ ᠶᠠᠭᠤᠨ ᠠᠴᠠ | ᠴᠦ ᠴᠢᠬᠤᠯᠡ ᠭᠡᠳᠡᠭ ᠢ ᠣᠶᠢᠯᠠᠭᠠᠵᠤ᠂ 2021 ᠣᠨ ᠤ 3 ᠰᠠᠷ᠎ᠠ ᠳᠤ 16 ᠲᠦᠮᠡᠨ ᠲᠥᠬᠦᠷᠢᠭ ᠭᠠᠷᠤᠢ ᠶᠢᠨ | ᠪᠡᠯᠡ ᠮᠥᠩᠬᠦ ᠵᠠᠷᠤᠴᠠᠭᠤᠯᠵᠤ ᠲᠠᠬᠢᠨ ᠨᠢᠭᠡ ᠬᠤᠳᠳᠤᠭ ᠮᠠᠯᠳᠠᠨ 269 ᠮᠧᠲᠷ ᠭᠦᠨ ᠬᠦᠷᠦᠭᠡᠳ ᠤᠰᠤ | ᠭᠠᠷᠤᠭᠰᠠᠨ ᠨᠢ ᠲᠡᠮᠡᠴᠡᠯ ᠤᠨ ᠬᠢᠨ ᠢ ᠬᠠᠮᠤᠭ ᠪᠠᠶᠠᠷᠯᠠᠭᠤᠯᠤᠭᠰᠠᠨ ᠨᠢᠭᠡᠨ ᠶᠠᠪᠤᠳᠠᠯ ᠪᠤᠯᠪᠠ᠃ ᠡᠬᠦᠨ ᠳᠤ ᠲᠡᠳᠡᠨ ᠤ | ᠬᠤᠳᠳᠤᠭ ᠮᠠᠯᠳᠠᠵᠦ ᠵᠣᠭᠤᠰ ᠮᠥᠩᠬᠦ ᠵᠠᠷᠤᠴᠠᠭᠤᠯᠤᠭᠰᠠᠨ ᠢᠶᠠᠷ ᠪᠠᠷᠠᠬᠤ ᠦᠬᠡᠢ ᠤᠰᠤ ᠦᠬᠡᠢ ᠭᠠᠴᠢᠭᠳᠠᠵᠤ | ᠪᠠᠶᠢᠭᠰᠠᠨ ᠢ ᠰᠣᠮᠣᠨ ᠤ ᠵᠠᠰᠠᠭ ᠤᠨ ᠲᠠᠯ᠎ᠠ ᠠᠴᠠ ᠰᠠᠶᠢᠨ ᠣᠶᠢᠯᠠᠭᠠᠵᠤ ᠬᠤᠳᠳᠤᠭ ᠮᠠᠯᠳᠠᠬᠤ ᠳᠤᠨᠢ ᠲᠡᠮᠵᠢᠯᠭᠡ | ᠥᠭᠴᠦ ᠨᠥᠬᠦᠪᠦᠷᠢ ᠥᠭᠴᠡᠢ᠃ ︽ᠮᠠᠨ ᠤ 110 ᠲᠤᠨ ᠤᠰᠤᠨ ᠤ ᠵᠣᠭᠤᠷᠢ ᠶᠢ ᠦᠩᠭᠡᠷᠡᠭᠰᠡᠨ ᠳᠤ ᠤᠤᠯ ᠤᠨ | ᠮᠠᠯᠳᠠᠭᠰᠠᠨ ᠬᠤᠳᠳᠤᠭ ᠠᠴᠠ ᠨᠢᠭᠡ ᠰᠠᠷ᠎ᠠ ᠲᠠᠲᠠᠭᠠᠳ ᠳᠦᠭᠦᠷᠭᠡᠳᠡᠭ ᠪᠣᠯ ᠣᠳᠣ ᠶᠢᠨ ᠡᠨᠡ ᠬᠤᠳᠳᠤᠭ ᠠᠴᠠ | ᠵᠦᠪᠬᠡᠨ ᠨᠢᠭᠡ ᠡᠳᠤᠷ ᠨᠢᠭᠡ ᠰᠦᠨᠢ ᠲᠠᠲᠠᠪᠠᠯ ᠳᠦᠬᠦᠷᠬᠡᠴᠢᠬᠡᠳᠡᠭ ᠪᠤᠯᠤᠭᠰᠠᠨ︾ ᠭᠡᠵᠦ ᠳᠡᠮᠡᠴᠡᠯ ᠭᠤᠸᠠᠢ ᠪᠠᠶᠠᠷᠳᠠᠢ | ᠶᠠᠷᠢᠨ᠎ᠠ᠃ | ᠴᠢᠷᠮᠠᠶᠢᠯᠭ᠎ᠠ ᠬᠦᠮᠦᠨ ᠢ ᠭᠤᠮᠣᠳᠠᠭᠠᠬᠤ ᠦᠬᠡᠢ᠃ ᠲᠡᠮᠡᠴᠡᠯ ᠤᠨ ᠰᠢᠷᠭᠠᠭᠤ ᠬᠥᠳᠡᠯᠮᠦᠷᠢ ᠵᠠᠷᠣᠴᠠᠭᠤᠯᠵᠦ | ᠠᠷᠠᠴᠢᠯᠠᠨ ᠲᠣᠳᠣᠮᠳᠠᠭᠰᠠᠨ ᠵᠠᠭ ᠤᠨ ᠣᠢ ᠨᠢ ᠢᠭᠴᠤ ᠰᠠᠬᠤᠯᠢᠭ ᠮᠥᠷᠳᠡᠭᠡᠨ ᠨᠢᠭᠲᠠ ᠤᠷᠭᠤᠵᠤ᠂ ᠦᠯᠵᠡᠢ | ᠰᠣᠮᠣᠨ ᠤ ᠱᠢᠷᠽᠠ ᠭᠠᠴᠠᠭᠠᠨ ᠤ ᠵᠠᠭ ᠨᠢ ᠪᠠᠶᠢᠰᠢᠩ ᠠᠴᠠ ᠦᠨᠳᠦᠷ ᠪᠤᠯᠵᠤ ᠬᠦᠮᠦᠨ ᠣᠷᠣᠪᠠᠯ ᠦᠵᠡᠭᠳᠡᠬᠦ ᠦᠬᠡᠢ | ᠪᠤᠯᠤᠭᠰᠠᠨ ᠪᠠᠶᠢᠨ᠎ᠠ᠃ ᠳᠡᠭᠡᠭᠡᠳ ᠳᠡᠷᠡ᠂ ᠵᠠᠭ ᠲᠠᠭᠠᠨ ᠲᠠᠭᠠᠳᠬᠠᠯ ᠠᠪᠤᠭᠰᠠᠨ ᠪᠠᠶᠢᠨ᠎ᠠ᠃ ᠣᠳᠣ ᠲᠡᠷᠡ ᠠᠮᠢ | ᠠᠬᠤᠢ ᠶᠢᠨ ᠳᠡᠩᠴᠡᠬᠦᠷᠢ ᠶᠢ ᠪᠠᠳᠤᠯᠠᠬᠤ ᠶᠢᠨ ᠲᠥᠯᠥᠭᠡ ᠵᠡᠬᠦᠨᠳᠡᠢ ᠡᠯᠡᠰᠦᠨ ᠲᠠᠯ᠎ᠠ ᠶᠢᠨ ᠲᠣᠣᠷ ᠢ ᠨᠢ ᠲᠤᠰᠬᠠᠢ | ᠠᠪᠴᠤ ᠬᠠᠶᠠᠨ ᠲᠡᠮᠡᠭᠡ ᠣᠷᠣᠭᠤᠯᠵᠤ ᠢᠳᠡᠭᠦᠯᠬᠦ ᠠᠷᠭ᠎ᠠ ᠶᠢ ᠭᠡᠷᠡᠭᠯᠡᠵᠦ ᠪᠠᠶᠢᠬᠤ ᠪᠥᠭᠡᠳ ᠵᠠᠭ ᠠᠴᠠ ᠵᠠᠮᠪᠠᠭ᠎ᠠ | ᠦᠷᠡᠯᠡᠵᠦ ᠤᠨᠠᠭᠠᠳ ᠠᠶᠠᠨᠳᠠᠭᠠᠨ ᠤᠷᠭᠤᠭᠰᠠᠨ ᠨᠢᠯᠬ᠎ᠠ ᠵᠠᠭ ᠢ ᠨᠢ ᠠᠪᠴᠤ ᠪᠤᠰᠣᠳ ᠭᠠᠵᠠᠷ ᠲᠤ ᠰᠢᠯᠵᠢᠭᠦᠯᠦᠨ | ᠲᠠᠷᠢᠵᠤ᠂ ᠵᠠᠭ ᠤᠨ ᠤᠷᠭᠤᠯᠲᠠ ᠶᠢ ᠪᠠᠳᠤᠯᠠᠭᠰᠠᠨ ᠢᠶᠠᠷ ᠪᠠᠷᠠᠬᠤ ᠦᠬᠡᠢ᠂ ᠮᠣᠳᠣᠨ ᠤ ᠨᠠᠬᠢᠶ᠎ᠠ ᠬᠤᠳᠠᠯᠳᠤᠨ ᠠᠪᠬᠤ | ᠥᠷᠳᠡᠭ ᠢᠶᠠᠨ ᠠᠷᠪᠢᠯᠠᠭᠰᠠᠨ ᠪᠠᠶᠢᠨ᠎ᠠ᠃ | ᠲᠡᠮᠡᠴᠡᠯ ︽ᠮᠢᠨᠦ ᠠᠪᠤ ᠨᠠᠮ ᠤᠨ ᠭᠡᠰᠢᠬᠦᠨ ᠮᠥᠷᠳᠡᠭᠡᠨ ᠭᠠᠴᠠᠭᠠᠨ ᠲᠠᠷᠤᠭ᠎ᠠ ᠱᠦᠵᠢ ᠪᠠᠶᠢᠭᠰᠠᠨ᠂ ᠪᠢ | ᠦᠪᠡᠷ ᠲᠡᠭᠡᠨ ᠴᠦ ᠨᠠᠮ ᠤᠨ ᠭᠡᠰᠢᠬᠦᠨ᠂ ᠬᠡᠳᠦ᠋ᠢᠪᠡᠷ ᠣᠢ ᠮᠣᠳᠣ ᠲᠠᠷᠢᠬᠤ᠂ ᠭᠤᠶᠣᠣ ᠲᠠᠷᠢᠬᠤ ᠳᠤ ᠵᠠᠭ ᠨᠢ | ᠦᠬᠦᠬᠦ᠂ ᠤᠰᠤ ᠳᠤᠲᠠᠭᠳᠠᠬᠤ ᠮᠡᠲᠦ ᠶᠢᠨ ᠣᠯᠠᠨ ᠬᠦᠴᠢᠷ ᠪᠠᠶᠢᠭᠰᠠᠨ ᠴᠦ ᠵᠣᠷᠢᠭ ᠮᠤᠬᠤᠭ᠎ᠠ ᠦᠬᠡᠢ᠂ ᠨᠡᠩ ᠴᠦ | ᠣᠳᠣ ᠶᠢᠨ ᠨᠡᠶᠢᠬᠡᠮ ᠤᠨ ᠨᠥᠬᠦᠴᠡᠯ ᠦᠩᠭᠡᠷᠡᠭᠰᠡᠨ ᠤ ᠬᠢ ᠠᠴᠠ ᠰᠠᠶᠢᠨ ᠲᠤᠯᠡ ᠦᠷ᠎ᠡ ᠬᠡᠣᠭᠡᠳ ᠨᠢ ᠪᠣᠯᠣᠭᠰᠠᠨ | ᠪᠢᠳᠡ ᠠᠪᠤ ᠶᠢᠨ ᠦᠶ᠎ᠡ ᠠᠴᠠ ᠪᠠᠨ ᠰᠠᠶᠢᠨ ᠶᠠᠪᠤᠵᠤ᠂ ᠰᠠᠶᠢᠨ ᠢ ᠪᠦᠲᠦᠭᠡᠶ᠎ᠡ ᠭᠡᠵᠦ ᠪᠣᠳᠣᠳᠠᠭ᠂ ᠣᠳᠣ | ᠨᠤᠳᠤᠭ ᠢᠶᠠᠨ ᠪᠦᠳᠦᠭᠡᠨ ᠪᠠᠶᠢᠭᠤᠯᠤᠭᠰᠠᠨ ᠲᠠᠯ᠎ᠠ ᠪᠠᠷ ᠰᠡᠳᠬᠢᠯ ᠬᠠᠨᠤᠮᠵᠢᠲᠠᠢ ᠪᠠᠶᠢᠨ᠎ᠠ︾ ᠬᠡᠵᠦ ᠶᠠᠷᠢᠨ᠎ᠠ᠃ |