ᠢᠳᠡᠰᠢᠨ ᠨᠤᠭᠤᠭ᠎ᠠ ᠶᠢᠨ ᠦᠨᠳᠤᠰᠤᠨ ᠦᠳᠤ ᠶᠢᠨ ᠬᠦᠨᠦᠭᠡᠯ ᠢ ᠰᠡᠷᠭᠡᠶᠢᠯᠡᠨ ᠵᠠᠰᠠᠬᠤ
ᠨᠡᠶᠢᠲᠡᠯᠡᠭᠰᠡᠨ ᠴᠠᠭ᠄
2021/9/3
    ᠦᠨᠳᠤᠰᠤᠨ ᠦᠳᠤ ᠪᠤᠯ ᠭᠤᠤᠯᠳᠠᠭᠤ ᠴᠠᠭᠠᠨ ᠨᠤᠭᠤᠭ᠎ᠠ᠂ ᠪᠦᠭᠡᠷᠡᠩᠭᠡᠢ ᠴᠠᠭᠠᠨ ᠨᠤᠭᠤᠭ᠎ᠠ᠂ ᠯᠤᠤᠪᠠᠨᠭ᠌᠂ ᠰᠤᠩᠭᠢᠨ᠎ᠠ᠂ ᠪᠤᠷᠴᠠᠭ ᠤᠨ ᠲᠦᠷᠦᠯ᠂ ᠭᠤᠸᠠ ᠶᠢᠨ ᠲᠦᠷᠦᠯ ᠤᠨ ᠨᠤᠭᠤᠭ᠎ᠠ ᠶᠢ ᠭᠦᠨᠦᠭᠡᠳᠡᠭ᠃ ᠨᠤᠭᠤᠭ᠎ᠠ ᠶᠢᠨ ᠦᠷ᠎ᠠ ᠶᠢᠨ ᠭᠦᠪᠤᠷᠠᠯ ᠪᠡ ᠦᠷ᠎ᠠ ᠨᠠᠪᠴᠢ ᠨᠢ ᠭᠦᠨᠦᠭᠡᠭᠳᠡᠭᠰᠡᠨ ᠤ ᠰᠡᠭᠦᠯᠡᠷ ᠰᠤᠨᠢᠨ ᠵᠢᠭᠳᠡᠢ ᠰᠤᠶᠤᠭᠠᠯᠠᠬᠤ ᠪᠠ ᠢᠯᠵᠡᠷᠡᠭᠡᠳ ᠴᠢᠭᠢᠯᠡᠭᠦ ᠪᠠᠨ ᠪᠤᠯᠢᠵᠤ᠂ ᠦᠷ᠎ᠠ ᠶᠢᠨ ᠦᠨᠳᠤᠰᠤ ᠶᠢᠨ ᠭᠡᠰᠡᠭ ᠨᠢ ᠭᠦᠨᠦᠭᠡᠭᠳᠡᠪᠡᠯ᠂ ᠦᠨᠳᠤᠰᠤᠨ ᠡᠰᠢ ᠨᠢ ᠢᠯᠵᠠᠷᠠᠬᠤ ᠪᠠ ᠬᠠᠳᠠᠵᠤ ᠦᠭᠦᠳᠡᠭ ᠪᠠᠶᠢᠨ᠎ᠠ᠃ ᠦᠨᠳᠤᠰᠤᠨ ᠦᠳᠤ ᠨᠢ 2 ~6 ᠦᠶ᠎ᠠ ᠦᠷᠡᠵᠢᠵᠤ᠂ ᠭᠡᠤᠭᠡᠯᠳᠡᠢ ᠨᠢ ᠭᠦᠷᠤᠰᠤᠨ ᠳᠤ ᠡᠪᠤᠯᠵᠢᠵᠤ᠂ ᠲᠠᠷᠠᠭ᠎ᠠ ᠵᠢᠯ ᠤᠨ ᠬᠠᠪᠤᠷ ᠲᠠᠯᠠᠪᠴᠢᠯᠬᠠᠰᠠᠨ ᠪᠠᠶᠡᠯᠡᠭᠰᠡᠨ ᠦᠳᠤ ᠨᠢ ᠮᠦᠯᠵᠢᠭᠳᠡᠭᠴᠢ ᠶᠢᠨ ᠤᠷᠴᠢᠨ ᠳᠠᠬᠢ ᠭᠦᠷᠤᠰᠤᠨ ᠭᠠᠳᠠᠷᠠᠭᠤ ᠪᠤᠶᠤ ᠦᠳᠤᠰᠤᠨ ᠭᠡᠰᠡᠭ ᠲᠤ ᠦᠨᠳᠡᠭᠡᠯᠡᠵᠤ᠂ ᠨᠠᠪᠴᠢᠭ᠍ᠰᠡᠨ ᠠᠪᠠᠭᠠᠯᠳᠠᠢ ᠨᠢ ᠮᠦᠯᠵᠢᠭᠳᠡᠭᠴᠢ ᠶᠢᠨ ᠨᠢᠯᠬ᠎ᠠ ᠡᠰᠢᠨ ᠳᠤ ᠰᠢᠭᠢᠳᠤᠨ ᠤᠷᠤᠵᠤ ᠭᠦᠨᠦᠭᠡᠳᠡᠭ ᠪᠠᠶᠢᠨ᠎ᠠ᠃ ᠮᠦᠯᠵᠢᠳᠡᠭᠴᠢ ᠪᠡᠶ᠎ᠠ ᠨᠢ ᠤᠰᠤ ᠲᠤᠳ᠋ᠬᠠᠳ᠋ᠬᠠᠰᠠᠨ ᠠᠴᠠ ᠪᠤᠯᠵᠤ᠂ ᠬᠤᠷᠪᠤᠶᠢᠨ ᠠᠪᠴᠢᠵᠤ᠂ ᠰᠡᠭᠦᠯᠡᠷ ᠨᠢ ᠦᠨᠳᠤᠰᠤᠨ ᠡᠰᠢ ᠨᠢ ᠠᠯᠭᠤᠷ ᠢᠶᠠᠷ ᠢᠯᠵᠠᠷᠠᠵᠤ᠂ ᠪᠦᠭᠦ ᠰᠠᠭᠤᠷᠢ ᠪᠠᠷ ᠢᠶᠠᠨ ᠬᠠᠳᠠᠵᠤ ᠦᠭᠦᠳᠡᠭ᠃ ᠪᠡᠶᠡᠯᠡᠭᠰᠡᠨ ᠬᠤᠷᠤᠬᠠᠢ ᠨᠢ ᠦᠳᠡ ᠶᠢᠨ ᠡᠮᠦᠨᠡᠭᠦᠷ ᠬᠤᠶᠢᠭᠤᠷ ᠮᠠᠰᠢ ᠭᠦᠭᠵᠢᠶᠠᠨ ᠲᠠᠢ ᠪᠠᠶᠢᠵᠤ᠂ ᠭᠦᠢᠴᠡᠳ ᠢᠯᠵᠠᠷᠬᠠᠰᠠᠨ ᠦᠭᠡᠢ ᠰᠢᠭᠡᠭ ᠪᠤᠷᠳᠤᠭᠤᠷ ᠵᠢᠴᠢ ᠢᠰᠦᠭᠰᠡᠨ ᠪᠤᠷᠳᠤᠭᠤᠷ ᠲᠤ ᠮᠠᠰᠢ ᠲᠤᠷᠠᠳᠠᠢ ᠪᠠᠶᠢᠳᠠᠭ᠃     ᠦᠨᠳᠤᠰᠤᠨ ᠦᠳᠤ ᠶᠢ ᠰᠡᠷᠭᠡᠶᠢᠯᠡᠨ ᠵᠠᠰᠠᠬᠤ ᠠᠷᠭ᠎ᠠ ᠭᠡᠪᠡᠯ᠄     ︵1︶ ᠪᠡᠶᠡᠯᠡᠭᠰᠡᠨ ᠬᠤᠷᠤᠬᠠᠢ ᠶᠢᠨ ᠡᠭᠦᠰᠭᠦ ᠭᠡᠮᠵᠢᠶ᠎ᠠ ᠶᠢ ᠤᠷᠢᠳᠴᠢᠯᠠᠨ ᠲᠦᠰᠦᠭᠡᠯᠡᠵᠤ᠂ ᠦᠳᠤ ᠬᠠᠭᠤᠷᠬᠤ ᠪᠠᠭᠠᠵᠢ ᠪᠠᠷ ᠰᠡᠷᠭᠡᠶᠢᠯᠡᠨ ᠵᠠᠰᠠᠨ᠎ᠠ᠃ ᠲᠤᠬᠠᠶᠢᠯᠠᠪᠠᠯ ᠲᠤᠮᠤ ᠠᠶᠠᠭ᠎ᠠ ᠪᠤᠶᠤ ᠵᠢᠵᠢᠭ ᠭᠠᠳᠤᠷ᠎ᠠ ᠳᠤ ᠪᠠᠭ᠎ᠠ ᠰᠠᠭ᠎ᠠ ᠮᠤᠳᠤᠨ ᠤ ᠦᠷᠦᠪᠳᠡᠰᠤ ᠭᠢᠵᠤ᠂ ᠲᠡᠭᠡᠷ᠎ᠡ ᠨᠢ ᠦᠳᠦᠭᠡᠯᠭᠡ ᠶᠢᠨ ᠡᠮ ᠢᠶᠠᠨ ᠴᠢᠳᠬᠤᠨ᠂ ᠮᠤᠳᠤᠨ ᠤ ᠦᠷᠦᠪᠳᠡᠰᠤ ᠪᠠᠨ ᠲᠠᠪᠳᠦᠭᠡᠵᠤ ᠠᠮᠠᠰᠠᠷ ᠢ ᠨᠢ ᠪᠢᠳᠡᠭᠦᠯᠦᠨ ᠲᠠᠯᠪᠢᠨ᠎ᠠ᠃ ᠦᠳᠦᠭᠡᠯᠭᠡ ᠶᠢᠨ ᠡᠮ ᠢ ᠨᠠᠶᠢᠷᠠᠭᠤᠯᠬᠤ ᠠᠷᠭ᠎ᠠ ᠭᠡᠪᠡᠯ᠄ ᠰᠢᠭᠢᠷ 1 ᠬᠤᠪᠢ᠂ ᠼᠤ᠋ 1 ᠬᠤᠪᠢ᠂ ᠤᠰᠤ 2.5 ᠬᠤᠪᠢ ᠲᠡᠭᠡᠷ᠎ᠡ ᠪᠠᠭ᠎ᠠ ᠰᠠᠭ᠎ᠠ ᠳ᠋ᠢ ᠪᠠᠢ ᠴᠦᠡᠭ ︵敌百虫︶ ᠡᠮ ᠭᠢᠵᠤ ᠬᠤᠳᠬᠤᠨ ᠬᠤᠯᠢᠭᠠᠳ᠂ ᠡᠳᠤᠷ ᠪᠦᠷᠢ ᠪᠡᠶᠡᠯᠡᠭᠰᠡᠨ ᠦᠳᠤ ᠶᠢᠨ ᠭᠦᠳᠡᠯᠭᠡᠭᠡᠨ ᠤ ᠭᠦᠭ ᠦᠶ᠎ᠠ ᠳᠤ ᠠᠮᠠᠰᠠᠷ ᠢ ᠨᠢ ᠨᠡᠭᠡᠭᠡᠨ ᠲᠠᠯᠪᠢᠵᠤ᠂ ᠪᠡᠶᠡᠯᠡᠭᠰᠡᠨ ᠦᠳᠤ ᠶᠢ ᠬᠠᠭᠤᠷᠤᠨ ᠪᠠᠷᠢᠵᠤ ᠤᠰᠠᠳᠬᠠᠨ᠎ᠠ᠃     ︵2︶ ᠪᠠᠭᠠᠰᠤ ᠰᠢᠭᠡᠰᠤ ᠶᠢ ᠭᠡᠷᠡᠭᠯᠡᠵᠤ ᠪᠤᠯᠬᠤ ᠦᠭᠡᠢ᠂ ᠭᠦᠢᠴᠡᠳ ᠢᠯᠵᠠᠷᠠᠭᠤᠯᠤᠠᠠᠰᠠᠨ ᠤᠷᠭᠠᠨᠢᠭ ᠪᠤᠷᠳᠤᠭᠤᠷ ᠢ ᠰᠠᠭᠤᠷᠢ ᠪᠤᠷᠳᠤᠭᠤᠷ ᠢᠶᠠᠷ ᠭᠦᠨ ᠤᠷᠤᠭᠤᠯᠵᠤ᠂ ᠦᠷ᠎ᠡ ᠪᠤᠯᠤᠨ ᠪᠤᠷᠳᠤᠭᠤᠷ ᠢ ᠵᠤᠭᠢᠬᠤ ᠵᠠᠢ ᠲᠠᠢ ᠪᠠᠶᠢᠯᠭᠠᠵᠤ᠂ ᠭᠦᠨᠦᠭᠡᠯ ᠭᠦᠨᠳᠤ ᠨᠤᠴᠢᠳᠡᠢ ᠭᠠᠵᠠᠷ ᠭᠡᠰᠡᠭ ᠲᠤ ᠭᠢᠮᠢ ᠶᠢᠨ ᠪᠤᠷᠳᠤᠭᠤᠷ ᠭᠡᠷᠡᠭᠯᠡᠨ᠎ᠠ᠃ ᠭᠤᠭᠤᠳ ᠢ ᠬᠤᠶᠠᠷᠳᠡᠭᠢ ᠤᠳᠠᠭ᠎ᠠ ᠬᠠᠳᠤᠠᠠᠰᠠᠨ ᠤ ᠪᠠᠨ ᠰᠡᠭᠦᠯᠡᠷ ᠤᠰᠤᠯᠠᠯᠳᠠ ᠲᠠᠢ ᠤᠶᠠᠯᠳᠤᠭᠤᠯᠤᠨ 2 ᠤᠳᠠᠭ᠎ᠠ ᠰᠢᠪᠳᠤᠷᠳᠤ ᠤᠰᠤ ᠨᠦᠭᠦᠨ ᠤᠷᠤᠭᠤᠯᠵᠤ᠂ ᠦᠨᠳᠤᠰᠤᠨ ᠦᠳᠤ ᠡᠭᠦᠰᠦᠭᠰᠡᠨ ᠭᠠᠵᠠᠷ ᠭᠡᠰᠡᠭ ᠢ ᠴᠠᠪᠠᠷ ᠤᠰᠤ ᠪᠠᠷ ᠤᠰᠤᠯᠠᠵᠤ᠂ ᠦᠳᠤ ᠶᠢᠨ ᠦᠨᠳᠡᠭᠡᠯᠡᠭᠦ ᠶᠢ ᠨᠢ ᠬᠤᠷᠢᠠᠠᠯᠠᠬᠤ ᠪᠠ ᠨᠢᠭᠡ ᠪᠦᠯᠦᠭ ᠠᠪᠠᠭᠠᠯᠳᠠᠢ ᠶᠢ ᠨᠢ ᠴᠢᠴᠠᠭᠠᠨ ᠤᠰᠠᠳᠬᠠᠨ᠎ᠠ᠃ ᠰᠠᠷᠢᠮᠰᠤᠭ ᠲᠠᠷᠢᠬᠤ ᠦᠶᠡᠰ ᠬᠠᠯᠢᠰᠤ ᠶᠢ ᠨᠢ ᠰᠠᠯᠭᠠᠵᠤ᠂ ᠲᠠᠷᠢᠶᠠᠨ ᠳᠤ ᠢᠯᠵᠠᠷᠠᠬᠤ ᠴᠠᠭ ᠶᠢ ᠨᠢ ᠪᠤᠭᠤᠨᠢᠰᠬᠠᠵᠤ᠂ ᠭᠦᠨᠦᠭᠡᠯ ᠳᠤ ᠤᠴᠠᠷᠠᠬᠤ ᠶᠢ ᠨᠢ ᠪᠠᠭᠠᠰᠬᠠᠨ᠎ᠠ᠃     ︵3︶ ᠪᠡᠶᠡᠯᠡᠭᠰᠡᠨ ᠬᠤᠷᠤᠬᠠᠢ ᠡᠭᠦᠰᠦᠭᠰᠡᠨ ᠦᠶ᠎ᠠ ᠳᠤ 25% ᠶᠢᠨ ᠮᠢᠶᠧ ᠱᠠ ᠪᠢ ︵灭杀毙︶ ᠡᠮ ᠤᠨ 6000 ᠲᠠᠭᠢᠨ ᠤ ᠰᠢᠩᠭᠡᠨ ᠡᠰᠡᠭᠦᠯ᠎ᠠ 5% ᠶᠢᠨ ᠰᠤ᠋ ᠮᠢᠶᠧ ᠱᠠ ᠳ᠋ᠢᠩ ︵速灭 杀丁︶ ᠡᠮ ᠤᠨ 3000 ᠲᠠᠭᠢᠨ ᠤ ᠰᠢᠩᠭᠡᠨ᠂ ᠡᠰᠡᠭᠦᠯ᠎ᠠ 20% ᠶᠢᠨ ᠵᠢᠤᠢ ᠮᠡ ᠲᠤᠰᠤᠨ ᠡᠮ ᠤᠨ 3000 ᠲᠠᠭᠢᠨ ᠤ ᠰᠢᠩᠭᠡᠨ ᠢ ᠲᠤᠯᠤᠭᠠᠨ ᠬᠤᠨᠤᠭ ᠠᠯᠤᠰᠯᠠᠭᠠᠳ ᠨᠢᠭᠡ ᠤᠳᠠᠭ᠎ᠠ ᠰᠦᠷᠴᠢᠵᠤ᠂ ᠦᠷᠭᠦᠯᠵᠢᠯᠡᠨ 2 ~3 ᠤᠳᠠᠭ᠎ᠠ ᠰᠦᠷᠴᠢᠨ᠎ᠠ᠃ ᠨᠢᠭᠡᠨᠳᠡ ᠭᠦᠨᠦᠭᠡᠯ ᠡᠭᠦᠰᠭᠰᠡᠨ ᠭᠠᠵᠠᠷ ᠭᠡᠰᠡᠭ ᠲᠤ 25% ᠶᠢᠨ ᠪᠦᠷᠢᠨ ᠦᠢᠯᠡᠳᠦᠯᠳᠤ ᠺᠦᠢ ᠯᠢᠤ ᠯᠢᠨ ︵喹硫磷︶ ᠲᠤᠰᠤᠨ ᠡᠮ ᠤᠨ 1000 ᠲᠠᠭᠢᠨ ᠤ ᠰᠢᠩᠭᠡᠨ᠂ ᠡᠰᠡᠭᠦᠯ᠎ᠠ 50% ᠶᠢᠨ ᠰᠢᠨ ᠯᠢᠤ ᠯᠢᠨ ︵辛硫磷︶ ᠡᠮ ᠤᠨ 800 ᠲᠠᠭᠢᠨ ᠤ ᠰᠢᠩᠭᠡᠨ ᠡᠰᠡᠭᠦᠯ᠎ᠠ 90% ᠶᠢᠨ ᠳ᠋ᠢ ᠪᠠᠢ ᠴᠦᠡᠭ ᠡᠮ ᠤᠨ 1000 ᠲᠠᠭᠢᠨ ᠤ ᠰᠢᠩᠭᠡᠨ ᠢ ᠦᠨᠳᠤᠰᠤᠨ ᠳᠤᠨᠢ ᠴᠢᠳᠬᠤᠨ ᠰᠡᠷᠭᠡᠶᠢᠯᠡᠨ᠎ᠡ᠃ ᠪᠠᠶᠢᠡᠭᠭᠤ ᠭᠡᠷᠡᠭᠯᠡᠳᠡᠭ ᠡᠮ ᠳᠤ ᠮᠢᠶᠧ ᠱᠠ ᠪᠢ ︵灭杀毙︶ ᠰᠤ᠋ ᠮᠢᠶᠧ ᠱᠠ ᠳ᠋ᠢᠩ ︵速灭杀丁︶᠂ ᠵᠢᠤᠢ ᠮᠠ ︵菊马 ︶᠂ ᠰᠢᠨ ᠯᠢᠤ ᠯᠢᠨ ︵辛硫磷︶᠂ ᠳ᠋ᠢ ᠪᠠᠢ ᠴᠦᠡᠭ ︵敌百虫︶ ᠵᠡᠷᠭᠡ ᠡᠮ ᠤᠳ ᠪᠠᠶᠢᠨ᠎ᠠ᠃
 
ᠢᠷᠡᠯᠲᠡ᠄ ᠠᠯᠠᠱᠨ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠲᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号