ᠮᠠᠯᠴᠢᠨ ᠤᠳᠤᠨᠬᠦᠦ ᠬᠢᠭᠡᠳ ᠳᠡᠬᠦᠨ ᠤ ︽ᠮᠢᠩᠭᠠᠠ ᠵᠤᠭᠤᠬ ᠤᠨ ᠥᠷᠦᠭᠡ︾ ᠬᠤᠭᠤᠯᠠᠠ ᠭᠡᠷ
ᠨᠡᠶᠢᠲᠡᠯᠡᠭᠰᠡᠨ ᠴᠠᠭ᠄
2021/9/3
   ᠤᠳᠤᠨᠬᠦᠦ ᠬᠤᠭᠤᠯᠠᠨ ᠭᠡᠷ ᠲᠡᠭᠡᠨ ᠶᠠᠭᠠᠷᠠᠵᠤ ᠪᠠᠶᠢᠨ᠎ᠠ᠃    ︽ᠬᠥᠮᠦᠨ ᠶᠡᠷᠤ ᠨᠢ ᠶᠠᠭᠤᠨ ᠳᠤ ᠴᠠᠭᠠᠷᠠᠬᠰᠠᠠ ᠪᠤᠯ ᠶᠠᠭᠤ ᠪᠠᠨ ᠬᠢᠵᠤ᠂ ᠳᠡᠬᠦᠨ ᠢᠶᠠᠨ ᠪᠠᠷᠢᠮᠳᠠᠯᠠᠪᠠᠯ ᠰᠠᠶ᠋ᠢ ᠠᠮᠵᠢᠯᠳᠠ ᠳᠤ ᠬᠦᠷᠴᠦ ᠴᠢᠳᠠᠳᠠᠭ ᠶᠤᠮ ᠪᠠᠶᠢᠨ᠎ᠠ᠂ ᠬᠠᠮᠤᠭ ᠴᠢᠬᠤᠯᠠ ᠨᠢ ᠦᠪᠡᠷ ᠤᠨ ᠳᠠᠪᠠᠭᠤᠯᠢᠭ ᠢᠶᠠᠨ ᠳᠠᠨᠢᠵᠦ᠂ ᠳᠡᠬᠦᠨ ᠢᠶᠠᠨ ᠬᠦᠭᠵᠢᠬᠦᠯᠵᠦ ᠶᠠᠪᠤᠬᠤ ᠴᠢᠬᠤᠯᠠᠳᠠᠢ︾ ᠬᠡᠵᠦ ᠮᠠᠯᠴᠢᠨ ᠤᠳᠤᠨᠬᠦᠦ ᠦᠪᠡᠷ ᠤᠨ ᠠᠵᠢᠯ ᠠᠮᠢᠳᠤᠷᠠᠯ ᠢᠶᠠᠨ ᠳ᠋ᠦᠩᠨᠡᠨ ᠶᠠᠷᠢᠨ᠎ᠠ᠃ ᠳᠡᠷᠡᠪᠡᠷ ᠵᠠᠯᠠᠭᠤ ᠨᠠᠰᠤᠨ ᠳᠠᠭᠠᠨ ᠤᠯᠠᠨ ᠠᠷᠪᠢᠨ ᠠᠵᠢᠯ ᠳᠦᠷᠦᠯ ᠢ ᠬᠢᠵᠦ ᠪᠠᠶᠢᠭᠰᠠᠨ ᠢᠶᠠᠨ ᠬᠤᠵᠢᠮ ᠨᠢ ᠬᠤᠭᠤᠯᠠᠨ ᠬᠡᠷ ᠡᠷᠬᠢᠯᠡᠨ᠂ ᠠᠵᠢᠯ ᠦᠢᠯᠡᠰ ᠨᠢ ᠵᠠᠮ ᠳᠠᠭᠠᠨ ᠤᠷᠤᠵᠤ ᠤᠯᠵᠠ ᠤᠮᠤᠭ ᠲᠠᠢ ᠬᠢᠯᠠᠷᠠᠭᠤᠯᠵᠤ ᠶᠠᠪᠤᠨ᠎ᠠ᠃    ᠤᠳᠤᠨᠬᠦᠦ ᠪᠤᠯ ᠠᠯᠠᠱᠠ ᠵᠡᠬᠦᠨ ᠬᠤᠰᠢᠭᠤᠨ ᠤ ᠪᠠᠶᠠᠨᠨᠢᠷᠤᠭᠤᠨ ᠰᠤᠮᠤᠨ ᠤ ᠴᠠᠭᠠᠬᠤᠪᠤᠭ᠎ᠠ ᠭᠠᠴᠠᠭᠠᠠ ᠤ ᠤᠤᠭᠠᠯ᠃ ᠡᠨᠡ ᠵᠢᠯ ᠲᠥᠴᠢᠨ ᠭᠤᠷᠪᠠᠨ ᠨᠠᠰᠤᠳᠠᠢ᠃ 1998 ᠤᠨ ᠳᠤ ᠬᠥᠭᠡᠬᠤᠳᠠ ᠶᠢᠨ ᠬᠤᠩ ᠱᠠᠠ ᠺᠸᠤ ᠡᠮᠨᠡᠯᠭᠡ ᠶᠢᠨ ᠰᠤᠷᠭᠠᠭᠤᠯᠢ ᠠᠴᠠ ᠳᠡᠬᠦᠰᠦᠭᠡᠳ᠂ ᠭᠡᠰᠡᠭ ᠬᠤᠭᠤᠴᠠᠭ᠎ᠠ ᠡᠮᠨᠡᠯᠭᠡ ᠶᠢᠨ ᠬᠤᠷᠢᠶᠠᠨ ᠳᠤ ᠳᠠᠳᠤᠯᠭ᠎ᠠ ᠬᠢᠭᠰᠡᠨ ᠪᠤᠯᠪᠠᠴᠦ ᠡᠮ ᠡᠮᠨᠡᠯᠬᠡ ᠶᠢᠨ ᠠᠵᠢᠯ ᠢ ᠦᠷᠬᠦᠯᠵᠢᠯᠡᠨ ᠬᠢᠭᠰᠡᠨ ᠦᠬᠡᠢ ᠬᠠᠷᠢᠨ ᠠᠴᠢᠶᠠᠨ ᠤ ᠮᠠᠰᠢᠨ ᠵᠢᠯᠤᠭᠤᠳᠬᠤ᠂ ᠬᠦᠳᠡᠭᠡ ᠪᠠᠨ ᠮᠠᠯ ᠮᠠᠯᠵᠢᠬᠤ ᠵᠡᠷᠬᠡ ᠠᠵᠢᠯ ᠢ ᠬᠢᠵᠦ ᠶᠠᠪᠤᠵᠡᠢ᠃ ᠰᠡᠬᠦᠯᠡᠷ ᠨᠢ ᠰᠢᠩᠭᠠᠫᠤᠷ ᠤᠯᠤᠰ ᠲᠤ ᠠᠵᠢᠯᠯᠠᠭᠠᠳ ᠭᠤᠷᠪᠠᠨ ᠵᠢᠯ ᠤᠨ ᠳᠠᠷᠠᠭ᠎ᠠ ᠤᠯᠤᠰ ᠲᠠᠭᠠᠨ ᠪᠤᠴᠠᠵᠦ ᠢᠷᠡᠭᠡᠳ᠂ ᠳᠠᠬᠢᠨ ᠬᠤᠶᠠᠷ ᠵᠢᠯ ᠬᠥᠳᠡᠭᠡ ᠳᠡᠭᠡᠨ ᠮᠠᠯ ᠢᠶᠠᠨ ᠬᠠᠷᠢᠭᠤᠯᠵᠤ ᠰᠠᠭᠤᠵᠡᠢ᠃ 2011 ᠤᠨ ᠳᠤ ᠪᠠᠶᠠᠨᠨᠢᠷᠤᠭᠤᠨ ᠰᠤᠮᠤᠨ ᠳᠤ ᠬᠤᠪᠢ ᠪᠠᠷ ᠢᠶᠠᠨ ᠬᠠᠮᠤᠬ ᠠᠩᠬᠠᠠ ᠤ ᠬᠤᠭᠤᠯᠠᠠ ᠭᠡᠷ ᠢᠶᠠᠨ ᠡᠵᠡᠩᠨᠡᠵᠤ ᠢᠳᠡᠬᠡᠨ ᠤᠮᠳᠠᠭᠠᠨ ᠤ ᠠᠵᠢᠯ ᠢ ᠬᠢᠵᠦ ᠡᠬᠢᠯᠡᠵᠡᠢ᠃ 2016 ᠤᠨ ᠪᠤᠯᠬᠤ ᠳᠤ ᠬᠤᠭᠤᠯᠠᠨ ᠬᠡᠷ ᠡᠷᠬᠢᠯᠡᠬᠦ ᠳᠤᠷᠰᠢᠯᠭ᠎ᠠ ᠲᠠᠢ ᠪᠤᠯᠵᠤ᠂ ᠭᠠᠯ ᠳᠤᠭᠤᠭᠠᠨ ᠤ ᠮᠡᠷᠬᠡᠵᠢᠯ ᠨᠢ ᠴᠦ ᠶᠡᠬᠡᠪᠡᠷ ᠳᠡᠭᠡᠭᠰᠢᠯᠡᠵᠡᠢ᠃ ᠳᠡᠬᠡᠬᠡᠳ ᠪᠠᠶᠠᠨᠬᠤᠳᠠ ᠳᠤ ᠢᠷᠡᠵᠦ ᠤᠷᠢᠳ ᠬᠤᠵᠢᠳ ᠥᠷᠯᠦᠭᠡᠨ ᠤ ᠴᠠᠢ ᠶᠢᠨ ᠥᠷᠦᠭᠡ᠂ ᠬᠠᠯᠠᠭᠤᠨ ᠲᠤᠭᠤᠭᠠᠠ ᠤ ᠬᠤᠭᠤᠯᠠᠠ ᠭᠡᠷ ᠭᠡᠬᠦ ᠮᠡᠳᠤ ᠶᠢᠨ ᠬᠤᠭᠤᠯᠠᠠ ᠭᠡᠷ ᠤᠳ ᠢ ᠡᠷᠬᠢᠯᠡᠵᠦ ᠪᠠᠶᠢᠭᠰᠠᠨ ᠢᠶᠠᠨ ᠦᠰᠬᠦ ᠠᠴᠠ ᠢᠳᠡᠵᠦ ᠳᠠᠰᠤᠭᠰᠠᠨ ᠮᠤᠩᠭᠤᠯ ᠬᠤᠭᠤᠯᠠ ᠪᠠᠨ ᠬᠢᠵᠦ ᠬᠤᠳᠠᠯᠳᠤᠬᠤ ᠦᠢᠯᠡᠴᠢᠯᠡᠭᠡ ᠶᠢ ᠡᠬᠢᠯᠡᠬᠦᠯᠦᠭᠰᠡᠨ ᠪᠠᠶᠢᠨ᠎ᠠ᠃    ᠡᠨᠡ ᠵᠢᠯ ᠬᠤᠳᠠ ᠵᠡᠭᠡᠯᠢ ᠶᠢᠨ ᠲᠤᠮᠳᠠᠬᠢ ᠠᠷᠠᠯᠵᠢᠶ᠎ᠠ ᠮᠠᠶᠢᠮᠠᠢ ᠲᠥᠪᠯᠡᠷᠡᠭᠰᠡᠡ ᠲᠤᠬᠢᠯᠢᠬ ᠤᠷᠤᠨ ᠪᠠᠶᠢᠴᠠ ᠶᠢ ᠰᠤᠩᠭᠤᠨ ᠭᠤᠴᠢᠭᠠᠳ ᠲᠥᠮᠡᠡ ᠲᠥᠬᠦᠷᠢᠭ ᠤᠨ ᠪᠡᠯᠡ ᠤᠷᠤᠭᠤᠯᠤᠨ᠂ ᠪᠠᠶᠠᠨᠬᠤᠳᠠ ᠶᠢᠨ ︽ᠵᠢᠷᠠᠳᠠᠢ ᠰᠠᠭᠤᠭᠠᠯᠢ ᠲᠤᠭᠤᠷᠢᠬ︾ ᠤᠨ ᠡᠰᠡᠷᠬᠦ ᠲᠠᠯ᠎ᠠ ᠳᠤ ︽ᠮᠢᠩᠭᠠᠠ ᠵᠤᠭᠤᠬ ᠤᠨ ᠥᠷᠦᠭᠡ︾ ᠭᠡᠬᠦ ᠬᠤᠭᠤᠯᠠᠠ ᠭᠡᠷ ᠢᠶᠠᠨ ᠡᠷᠬᠢᠯᠡᠵᠡᠢ ᠃ ᠦᠷᠯᠦᠬᠡ ᠳᠤᠨᠢ ᠰᠦ ᠲᠠᠢ ᠴᠠᠢ᠂ ᠬᠠᠭᠠᠷᠢᠮᠠᠯ ᠪᠤᠭᠤᠷᠰᠤᠬ᠂ ᠱᠠᠯᠪᠢᠩ ᠵᠡᠷᠭᠡ ᠮᠤᠩᠭᠤᠯ ᠴᠠᠢ ᠶᠢᠨ ᠦᠢᠯᠡᠴᠢᠯᠡᠭᠡ ᠬᠠᠩᠭᠠᠵᠦ᠂ ᠥᠳᠡ ᠤᠷᠤᠢ ᠳᠤᠨᠢ ᠭᠠᠷ ᠢᠶᠠᠷ ᠢᠶᠠᠨ ᠨᠤᠬᠤᠵᠤ ᠰᠤᠩᠭᠠᠬᠰᠠᠠ ᠭᠤᠯᠢᠷ ᠢ ᠵᠢᠷᠭᠤᠭᠠᠠ ᠵᠦᠢᠯ ᠤᠨ ᠬᠠᠭᠤᠷᠤᠬᠰᠠᠠ ᠵᠢᠶᠠᠩ ᠨᠤᠭᠤᠭ᠎ᠠ ᠲᠠᠢ ᠬᠢᠵᠦ ᠬᠤᠳᠠᠯᠳᠤᠵᠤ ᠪᠤᠢ᠃ ᠬᠠᠭᠤᠷᠤᠭᠰᠠᠨ ᠵᠢᠶᠡᠩ ᠨᠤᠭᠤᠭ᠎ᠠ ᠨᠢ ᠭᠤᠷᠪᠠᠨ ᠵᠦᠢᠯ ᠨᠢ ᠮᠢᠬ᠎ᠠ ᠲᠠᠢ᠂ ᠭᠤᠷᠪᠠᠨ ᠵᠦᠢᠯ ᠨᠢ ᠮᠢᠬ᠎ᠠ ᠥᠬᠡᠢ ᠨᠤᠭᠤᠭ᠎ᠠ ᠵᠢᠶᠠᠩ ᠢᠶᠠᠷ ᠪᠡᠯᠡᠳᠬᠡᠵᠦ ᠬᠢᠵᠡᠢ᠃ ᠬᠠᠳᠠᠬᠰᠠᠠ ᠮᠢᠬ᠎ᠠ ᠲᠠᠢ ᠲᠠᠰᠤᠯᠤᠭᠰᠠᠨ ᠭᠤᠯᠢᠷ ᠭᠡᠬᠦ ᠮᠡᠳᠤ ᠶᠢᠨ ᠮᠤᠩᠭᠤᠯ ᠤᠨᠴᠠᠯᠢᠬ ᠲᠠᠢ ᠬᠤᠭᠤᠯᠠ ᠵᠠᠭᠤᠰᠢ ᠴᠢᠨᠡᠬᠰᠢᠯᠠᠠ ᠲᠤᠮᠳᠠᠳᠤ ᠮᠠᠶ᠋ᠢᠭ ᠤᠨ ᠬᠠᠭᠤᠷᠤᠯᠭ᠎ᠠ ᠬᠠᠭᠠᠷᠢᠯᠭ᠎ᠠ ᠶᠢ ᠬᠡᠷᠡᠭᠯᠡᠭᠴᠢᠳ ᠤᠨ ᠱᠠᠭᠠᠷᠳᠠᠯᠭ᠎ᠠ ᠪᠠᠷ ᠬᠢᠵᠦ ᠤᠢᠢᠯᠡᠴᠢᠯᠡᠵᠤ ᠪᠠᠶᠢᠨ᠎ᠠ᠃ ᠳᠡᠬᠦᠨ ᠤ ᠭᠠᠷ ᠢᠶᠠᠷ ᠨᠤᠬᠤᠵᠤ ᠰᠤᠩᠭᠠᠬᠰᠠᠠ ᠭᠤᠯᠢᠷ ᠨᠢ ᠮᠠᠰᠢᠨ ᠢᠶᠠᠷ ᠨᠠᠶᠢᠷᠠᠭᠤᠯᠵᠤ ᠭᠡᠷᠴᠢᠭᠰᠡᠡ ᠭᠤᠯᠢᠷ ᠲᠠᠢ ᠠᠳᠠᠯᠢᠳᠬᠠᠪᠠᠯ ᠥᠨᠤᠷ ᠠᠮᠳᠠ ᠨᠢ ᠡᠷᠡᠰ ᠤᠨᠳᠤᠤ ᠪᠠᠶᠢᠳᠠᠬ ᠶᠤᠮ᠃ ᠭᠠᠷ ᠢᠶᠠᠷ ᠨᠤᠬᠤᠵᠤ ᠰᠤᠩᠭᠠᠬᠰᠠᠠ ᠭᠤᠯᠢᠷ ᠨᠢ ᠭᠡᠳᠤᠨ ᠵᠠᠭᠤᠨ ᠤᠳᠠᠭ᠎ᠠ ᠡᠯᠳᠡᠵᠤ ᠰᠠᠶᠢᠨ ᠨᠠᠶᠢᠷᠠᠭᠤᠯᠤᠬᠰᠠᠠ ᠠᠴᠠ ᠪᠤᠯᠵᠤ ᠵᠠᠵᠢᠯᠠᠭᠤᠷ ᠲᠠᠢ ᠮᠥᠷᠳᠡᠭᠡᠨ ᠦᠯ ᠲᠠᠢ ᠪᠠᠶᠢᠳᠠᠬ᠃ ᠬᠠᠯᠠᠭᠤᠨ ᠠᠭᠤᠷ ᠰᠠᠪᠰᠠᠯᠠᠬᠰᠠᠠ ᠰᠤᠩᠭᠠᠬᠰᠠᠠ ᠭᠤᠯᠢᠷ ᠤᠨ ᠳᠡᠭᠡᠷ᠎ᠠ ᠥᠪᠡᠷ ᠤᠨ ᠲᠤᠷᠠᠳᠠᠢ ᠥᠡᠭᠭᠡ ᠢᠯᠭᠠᠷᠠᠵᠤ ᠰᠢᠯᠦᠰᠤ ᠬᠤᠷᠠᠮᠠᠷ ᠰᠠᠶᠢᠬᠠᠨ ᠵᠢᠶᠡᠩ ᠨᠤᠭᠤᠭ᠎ᠠ ᠶᠢ ᠰᠤᠩᠭᠤᠵᠤ ᠬᠢᠵᠤ ᠬᠤᠳᠬᠤᠭᠠᠳ ᠢᠳᠡᠬᠦ ᠨᠢ ᠡᠨᠡᠬᠦ ᠬᠤᠭᠤᠯᠠᠨ ᠬᠡᠷ ᠤᠨ ᠤᠨᠴᠠᠯᠢᠬᠳᠦ ᠢᠳᠡᠬᠡᠨ ᠪᠠᠶᠢᠭ᠎ᠠ ᠶᠤᠮ᠃    ᠤᠳᠤᠨᠬᠦᠦ᠄ ︽ᠬᠤᠭᠤᠯᠠᠠ ᠭᠡᠷ ᠡᠷᠬᠢᠯᠡᠵᠤ ᠤᠢᠢᠯᠡᠰ ᠪᠤᠰᠠᠬᠨ᠎ᠠ ᠭᠡᠳᠡᠭ ᠨᠢ ᠭᠡᠯᠡᠬᠦ ᠳᠤ ᠠᠮᠠᠷ ᠪᠤᠯᠪᠠᠴᠤ ᠬᠢᠵᠤ ᠪᠠᠶᠠᠯᠠᠬᠦᠯᠬᠦ ᠳᠤ ᠮᠠᠰᠢ ᠬᠥᠴᠢᠷ ᠪᠠᠶᠢᠳᠠᠬ ᠢ ᠭᠡᠨ ᠴᠤ ᠭᠡᠰᠡᠡ ᠮᠡᠳᠡᠨ᠎ᠠ᠃ ᠥᠷᠯᠦᠭᠡ ᠡᠷᠳᠡ ᠡᠷᠳᠡᠯᠡᠡ ᠪᠤᠰᠴᠤ᠂ ᠬᠤᠭᠤᠯᠠᠠ ᠭᠡᠷ ᠲᠤ ᠭᠡᠷᠡᠭᠰᠡᠬᠦ ᠪᠥᠬᠦᠯᠢ ᠨᠢᠭᠡ ᠡᠳᠦᠷ ᠤᠨ ᠲᠥᠬᠦᠭᠡᠢ ᠮᠠᠲ᠋ᠧᠷᠢᠶᠠᠯ ᠢᠶᠠᠨ ᠪᠥᠬᠦᠨ ᠢ ᠳᠢᠬ ᠲᠠᠬ ᠡᠪᠯᠡᠬᠦᠯᠦᠨ ᠪᠡᠯᠡᠳᠬᠡᠳᠡᠭ᠃ ᠳᠠᠷᠠᠭ᠎ᠠ ᠨᠢ ᠪᠥᠳᠦᠨ ᠡᠳᠦᠷ ᠬᠤᠭᠤᠯᠠ ᠤᠮᠳᠠ ᠬᠢᠵᠦ ᠮᠤᠩᠭᠠᠨᠢᠨ᠂ ᠬᠥᠮᠦᠰ ᠠᠮᠠᠷᠠᠬᠰᠠᠠ ᠤ ᠬᠤᠶᠢᠨ᠎ᠠ ᠪᠠᠰᠠ ᠬᠤᠭᠤᠯᠠᠠ ᠭᠡᠷ ᠢᠶᠠᠨ ᠴᠡᠪᠡᠷᠯᠡᠨ ᠤᠬᠢᠶᠠᠵᠤ ᠠᠷᠴᠢᠭᠠᠳ ᠮᠠᠰᠢ ᠤᠷᠤᠢ ᠪᠤᠯᠤᠭᠠᠳ ᠰᠠᠶ᠋ᠢ ᠭᠡᠷ ᠲᠡᠭᠡᠨ ᠬᠠᠷᠢᠳᠠᠬ᠃ ᠲᠤᠭᠤᠭᠠᠴᠢ ᠬᠥᠮᠦᠨ ᠭᠡᠳᠡᠭ ᠴᠢᠨᠢ ᠤᠢᠢᠯᠡ ᠬᠥᠳᠡᠯᠤᠯ ᠨᠢ ᠬᠤᠷᠳᠤᠨ ᠳᠦᠷᠬᠡᠨ᠂ ᠥᠭᠡᠷ᠎ᠠ ᠬᠥᠮᠦᠨ ᠠᠴᠠ ᠢᠯᠡᠬᠦᠦ ᠠᠵᠢᠯᠴᠢ ᠬᠦᠳᠡᠯᠮᠦᠷᠢᠴᠢ ᠪᠠᠶᠢᠮᠠᠨᠵᠢᠨ ᠰᠠᠶ᠋ᠢ ᠠᠰᠢᠬ ᠤᠷᠤᠯᠭ᠎ᠠ ᠤᠯᠳᠠᠬ ᠃ ᠡᠨᠡᠬᠦ ᠠᠵᠢᠯ ᠳᠦᠷᠦᠯ ᠢ ᠰᠤᠩᠭᠤᠭᠰᠠᠨ ᠳᠠᠭᠠᠨ ᠪᠢ ᠭᠤᠮᠤᠳᠠᠳᠠᠭ ᠦᠬᠡᠢ᠃ ᠦᠪᠡᠷ ᠤᠨ ᠬᠢᠵᠦ ᠴᠢᠳᠠᠬᠤ ᠠᠵᠢᠯ ᠢᠶᠠᠨ ᠬᠢᠵᠦ᠂ ᠬᠦᠮᠦᠰ ᠲᠤ ᠮᠡᠳᠡᠷᠡᠭᠳᠡᠨ᠂ ᠠᠰᠢᠭ ᠤᠷᠤᠯᠭ᠎ᠠ ᠲᠠᠢ ᠶᠠᠪᠤᠬᠤ ᠬᠡᠭᠴᠢ ᠶᠠᠳᠠᠷᠠᠵᠦ ᠪᠠᠶᠢᠭᠰᠠᠨ ᠴᠦ ᠵᠢᠷᠭᠠᠯᠳᠠᠢ ᠰᠠᠨᠠᠭᠳᠠᠬᠤ ᠶᠤᠮ︾ ᠬᠡᠵᠦ ᠪᠠᠶᠢᠯ᠎ᠠ᠃    ︽ᠮᠢᠩᠭᠠᠠ ᠵᠤᠭᠤᠬ ᠤᠨ ᠥᠷᠦᠭᠡᠨ︾ ᠤ ᠪᠠᠶᠢᠷᠢᠰᠢᠯ ᠨᠢ ᠰᠤᠷᠭᠠᠭᠤᠯᠢ ᠠᠴᠠ ᠤᠢᠢᠷᠠᠬᠠᠠ ᠪᠠᠶᠢᠳᠠᠬ᠃ ᠭᠠᠷᠠᠬ ᠤᠨ ᠨᠢᠭᠡᠨ ᠠᠴᠠ ᠭᠠᠷᠠᠬ ᠤᠨ ᠲᠠᠪᠤᠨ ᠪᠤᠯᠳᠠᠯ᠎ᠠ ᠤᠶᠢᠷ᠎ᠠ ᠤᠷᠴᠢᠮ ᠤᠨ ᠰᠠᠭᠤᠭᠠᠯᠢ ᠠᠷᠠᠳ ᠮᠠᠰᠢ ᠶᠠᠭᠠᠷᠠᠤ ᠪᠠᠶᠢᠳᠠᠭ ᠪᠤᠯᠬᠤᠷ ᠭᠡᠷ ᠤᠨ ᠠᠬᠠᠮᠠᠳ ᠭᠡᠤᠭᠡᠳ ᠲᠠᠢ ᠪᠠᠨ ᠢᠷᠡᠵᠦ ᠢᠳᠡᠬᠦ ᠨᠢ ᠠᠷᠪᠢᠨ ᠪᠠᠶᠢᠳᠠᠭ ᠶᠤᠮ ᠪᠠᠶᠢᠨ᠎ᠠ᠃ ᠢᠯᠠᠩᠭᠤᠶ᠎ᠠ ᠥᠳᠡ ᠶᠢᠨ ᠬᠤᠭᠤᠯᠠᠠ ᠤ ᠴᠠᠬ ᠢᠶᠠᠷ ᠵᠤᠴᠢᠨ ᠠᠷᠪᠢᠳᠦᠨ ᠪᠥᠷ ᠵᠠᠬᠢᠶᠠᠯᠠᠭ᠎ᠠ ᠪᠠᠷ ᠬᠢᠵᠦ ᠪᠠᠶᠢᠳᠠᠭ ᠬᠡᠨ᠎ᠠ᠃ ᠬᠠᠭᠤᠷᠤᠭᠰᠠᠨ ᠵᠢᠶᠡᠩ ᠲᠠᠢ ᠰᠤᠩᠭᠠᠮᠠᠯ ᠭᠤᠯᠢᠷ ᠨᠢ ᠶᠡᠭᠡ ᠪᠠᠭ᠎ᠠ ᠠᠶᠠᠭ᠎ᠠ ᠶᠢᠨ ᠢᠯᠭᠠᠯ ᠢᠶᠠᠷ 16 — 20 ᠳᠦᠬᠦᠷᠢᠭ ᠤᠨ ᠦᠨ᠎ᠠ ᠪᠠᠷ ᠬᠤᠳᠠᠯᠳᠤᠵᠤ ᠡᠳᠦᠷ ᠲᠤ ᠵᠠᠭᠤ ᠭᠠᠷᠤᠢ ᠠᠶᠠᠭ᠎ᠠ ᠬᠤᠳᠠᠯᠳᠤᠳᠠᠭ᠂ ᠭᠠᠷᠠᠭ ᠤᠨ ᠰᠡᠬᠦᠯᠴᠢ ᠶᠢᠨ ᠨᠢᠬᠡ ᠡᠳᠦᠷ ᠤᠨ ᠤᠷᠤᠯᠭ᠎ᠠ 3000 ᠳᠦᠬᠦᠷᠢᠭ ᠲᠤ ᠬᠦᠷᠳᠡᠭ ᠬᠡᠵᠦ ᠤᠳᠤᠨᠬᠦᠦ ᠳᠠᠨᠢᠯᠴᠠᠭᠤᠯᠤᠨ᠎ᠠ᠃    ᠤᠳᠤᠨᠬᠦᠦ ᠤᠳᠤ᠂ ᠬᠤᠭᠤᠯᠠᠨ ᠬᠡᠷ ᠲᠡᠭᠡᠨ ᠳᠦᠴᠢᠭᠡᠳ ᠬᠦᠮᠦᠨ ᠢ ᠵᠡᠷᠬᠡᠪᠡᠷ ᠵᠤᠴᠢᠯᠠᠬᠤ ᠬᠡᠪᠴᠢᠶ᠎ᠠ ᠲᠠᠢ ᠪᠤᠯᠵᠦ᠂ ᠬᠤᠶᠠᠳᠤᠭᠠᠷ ᠲᠠᠪᠬᠤᠷᠭ᠎ᠠ ᠳᠠᠭᠠᠨ ᠪᠠᠰᠠ ᠭᠤᠴᠢᠨ ᠬᠥᠮᠦᠨ ᠤ ᠲᠤᠮᠤ ᠨᠠᠶᠢᠷ ᠤᠨ ᠰᠢᠷᠡᠭᠡᠨ ᠤ ᠥᠷᠦᠭᠡ ᠭᠠᠷᠭᠠᠵᠤ ᠲᠠᠶᠢᠯᠠᠯᠭ᠎ᠠ ᠶᠢᠨ ᠥᠷᠦᠭᠡ ᠪᠡᠯᠡᠳᠭᠡᠬᠦ ᠪᠠᠷ ᠲᠥᠯᠦᠪᠯᠡᠵᠤ᠂ ᠤᠷᠤᠯᠭ᠎ᠠ ᠪᠠᠨ ᠤᠯᠠᠮ ᠨᠢᠬᠡ ᠠᠯᠬᠤᠮ ᠨᠡᠮᠡᠭᠳᠡᠬᠦᠯᠬᠦ ᠪᠠᠷ ᠴᠢᠷᠮᠠᠶᠢᠵᠦ ᠪᠠᠶᠢᠨ᠎ᠠ᠃
 
ᠢᠷᠡᠯᠲᠡ᠄ ᠠᠯᠠᠱᠠ ᠶᠢᠨ ᠡᠳᠦᠷ ‍ᠤᠨ‌‍ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号