ᠢᠳᠡᠰᠢᠨ ᠨᠤᠭᠤᠭ᠎ᠠ ᠶᠢᠨ ᠤᠯᠠᠭᠠᠯᠵᠢ ᠶᠢᠨ ᠬᠦᠨᠦᠭᠡᠯ ᠢ ᠰᠡᠷᠭᠡᠶᠢᠯᠡᠨ ᠵᠠᠰᠠᠬᠤ
ᠨᠡᠶᠢᠲᠡᠯᠡᠭᠰᠡᠨ ᠴᠠᠭ᠄
2021/9/2
    ᠤᠯᠠᠭᠠᠯᠵᠢ ᠪᠤᠯ ᠭᠤᠤᠯ ᠨᠢ ᠬᠠᠰᠢ᠂ ᠯᠠᠵᠤᠤ᠂ ᠲᠦᠮᠤᠰᠤ᠂ ᠭᠤᠸᠠ ᠶᠢᠨ ᠲᠦᠷᠦᠯ ᠪᠤᠯᠤᠨ ᠪᠤᠷᠴᠠᠭ ᠤᠨ ᠲᠦᠷᠦᠯ ᠤᠨ ᠲᠠᠷᠢᠮᠠᠯ ᠢ ᠭᠦᠨᠦᠭᠡᠳᠡᠭ᠂ ᠪᠡᠶᠡᠯᠡᠭᠰᠡᠨ ᠬᠤᠷᠤᠬᠠᠢ ᠨᠢ ᠲᠠᠷᠢᠮᠠᠯ ᠤᠨ ᠨᠢᠯᠬ᠎ᠠ ᠨᠠᠭᠢᠶ᠎ᠠ᠂ ᠨᠢᠯᠬ᠎ᠠ ᠨᠠᠪᠴᠢ᠂ ᠴᠡᠴᠡᠭ᠂ ᠨᠢᠯᠬ᠎ᠠ ᠴᠢᠭᠢ ᠵᠡᠷᠭᠡ ᠲᠡᠭᠡᠷ᠎ᠡ ᠲᠦᠪᠯᠡᠷᠡᠵᠤ ᠰᠢᠭᠦᠰᠤ ᠶᠢ ᠨᠢ ᠬᠠᠳᠬᠤᠨ ᠰᠤᠷᠤᠵᠤ᠂ ᠭᠦᠨᠦᠭᠡᠯ ᠳᠤ ᠤᠴᠠᠷᠬᠠᠰᠠᠨ ᠨᠠᠪᠴᠢᠨ ᠤ ᠠᠷᠤ ᠲᠠᠯ᠎ᠠ ᠳᠤᠨᠢ ᠰᠠᠭᠠᠷᠠᠯ ᠪᠤᠶᠤ ᠬᠠᠷ᠎ᠠ ᠭᠦᠷᠡᠩ ᠦᠡᠭᠭᠡ ᠰᠠᠭᠤᠵᠤ᠂ ᠲᠤᠰᠤᠨ ᠳᠤ ᠲᠠᠪᠳᠦᠭᠰᠡᠨ ᠭᠡᠯᠪᠡᠷᠢ ᠲᠠᠢ ᠪᠤᠯᠵᠤ᠂ ᠨᠤᠭᠤᠭᠠᠨ ᠨᠠᠪᠴᠢ ᠨᠢ ᠲᠤᠷᠤᠠᠠᠰᠢ ᠪᠠᠨ ᠮᠢᠳᠠᠷᠠᠳᠠᠭ᠃ ᠭᠦᠨᠦᠭᠡᠯ ᠳᠤ ᠤᠴᠠᠷᠬᠠᠰᠠᠨ ᠨᠢᠯᠬ᠎ᠠ ᠡᠰᠢ ᠨᠢᠯᠬ᠎ᠠ ᠰᠠᠯᠠᠭ᠎ᠠ ᠨᠢ ᠰᠢᠷᠭᠠᠯ ᠭᠦᠷᠡᠩ ᠪᠤᠯᠵᠤ ᠰᠤᠨᠢᠨ ᠵᠢᠭᠳᠡᠢ ᠮᠤᠷᠦ᠋ᠢᠵᠤ᠂ ᠭᠦᠨᠳᠤ ᠨᠤᠴᠢᠳᠡᠢ ᠨᠢ ᠤᠷᠭᠤᠮᠠᠯ ᠤᠨ ᠤᠷᠤᠢ ᠶᠢᠨ ᠭᠡᠰᠡᠭ ᠨᠢ ᠬᠠᠳᠠᠳᠠᠭ᠃ ᠭᠦᠨᠦᠭᠡᠯ ᠳᠤ ᠤᠴᠠᠷᠬᠠᠰᠠᠨ ᠴᠤᠮᠤᠷᠯᠢᠭ ᠪᠤᠯᠤᠨ ᠴᠡᠴᠡᠭ ᠨᠢ ᠬᠤᠸᠠᠷ ᠲᠡᠯᠭᠡᠷᠡᠵᠤ ᠦᠷᠡᠯᠡᠵᠤ ᠵᠢᠮᠢᠰᠯᠡᠭᠦ ᠪᠠᠨ ᠪᠤᠯᠢᠳᠠᠭ ᠪᠠᠶᠢᠨ᠎ᠠ᠃ ᠵᠢᠮᠢᠰ ᠨᠢ ᠭᠦᠨᠦᠭᠡᠯ ᠳᠤ ᠤᠴᠠᠷᠠᠪᠠᠯ᠂ ᠵᠢᠮᠢᠰ ᠤᠨ ᠪᠠᠷᠢᠭᠤᠯ᠂ ᠴᠠᠴᠡᠭ ᠤᠨ ᠲᠤᠠᠠᠳᠤᠢ ᠵᠢᠴᠢ ᠵᠢᠮᠢᠰ ᠤᠨ ᠬᠠᠯᠢᠰᠤ ᠨᠢ ᠰᠢᠷᠭᠠᠯ ᠦᠡᠭᠭᠡ ᠲᠠᠢ ᠪᠤᠯᠵᠤ ᠮᠤᠳᠤᠴᠢᠯᠠᠳᠠᠭ ᠪᠠᠶᠢᠨ᠎ᠠ᠃ ᠬᠠᠰᠢ ᠨᠢ ᠭᠦᠨᠦᠭᠡᠯ ᠳᠤ ᠤᠴᠠᠷᠬᠠᠰᠠᠨ ᠤ ᠰᠡᠭᠦᠯᠡᠷ ᠬᠠᠭᠠᠷᠬᠠᠰᠠᠨ ᠮᠡᠨᠳᠠᠤ ᠰᠢᠭ᠋ ᠪᠤᠯᠵᠤ᠂ ᠠᠮᠳᠠ ᠨᠢ ᠭᠠᠰᠢᠭᠤᠨ ᠪᠤᠯᠵᠤ᠂ ᠢᠳᠡᠵᠤ ᠪᠤᠯᠳᠠᠭ ᠦᠭᠡᠢ᠃ ᠴᠢᠩᠵᠢᠶᠤᠤ ᠭᠦᠨᠳᠤ ᠨᠤᠴᠢᠳᠡᠢ ᠭᠦᠨᠦᠭᠡᠭᠳᠡᠪᠡᠯ᠂ ᠨᠠᠪᠴᠢ᠂ ᠴᠡᠴᠡᠭ᠂ ᠵᠢᠮᠢᠰ ᠨᠢ ᠤᠨᠠᠳᠠᠭ︔ ᠲᠦᠪᠡᠳ ᠬᠠᠰᠢ ᠭᠦᠨᠦᠭᠡᠯ ᠳᠤ ᠤᠴᠠᠷᠠᠪᠠᠯ ᠨᠠᠪᠴᠢ ᠨᠢ ᠠᠪᠴᠢᠵᠤ ᠭᠦᠰᠢᠯᠳᠡᠨ ᠬᠠᠳᠠᠭᠤᠷᠠᠵᠤ᠂ ᠰᠤᠨᠢᠨ ᠵᠢᠭᠳᠡᠢ ᠠᠪᠴᠢᠨ ᠮᠤᠷᠦ᠋ᠢᠵᠤ᠂ ᠡᠴᠦᠰ ᠲᠡᠭᠡᠨ ᠬᠤᠵᠢᠭᠢᠷ ᠪᠤᠯᠳᠠᠭ᠃ ᠲᠦᠮᠦᠰᠤ ᠨᠢ ᠭᠦᠨᠦᠭᠡᠯ ᠳᠤ ᠤᠴᠠᠷᠠᠪᠠᠯ᠂ ᠰᠠᠭᠤᠷᠢ ᠨᠢ ᠪᠤᠭᠤᠨᠢᠰᠬᠤ ᠪᠠ ᠤᠷᠤᠢ ᠶᠢᠨ ᠭᠡᠰᠡᠭ ᠠᠴᠠ ᠪᠠᠨ ᠡᠭᠢᠯᠡᠨ ᠠᠪᠴᠢᠨ ᠬᠤᠷᠪᠤᠶᠢᠵᠤ᠂ ᠴᠢᠨ᠋ᠬᠠᠰᠢᠯᠠᠪᠠᠯ ᠪᠦᠭᠦ ᠰᠠᠭᠤᠷᠢ ᠪᠠᠷ ᠢᠶᠠᠨ ᠬᠠᠳᠠᠨ ᠦᠭᠦᠵᠤ᠂ ᠤᠷᠭᠤᠮᠠᠯ ᠤᠨ ᠰᠠᠭᠤᠷᠢᠨ ᠭᠡᠰᠡᠭ ᠲᠤᠨᠢ ᠲᠤᠠᠠᠳᠠᠪᠤᠷᠢ ᠦᠭᠡᠢ ᠤᠯᠠᠨ ᠨᠠᠭᠢᠶ᠎ᠠ ᠭᠠᠷᠳᠠᠭ ᠲᠤᠯᠠ ᠭᠡᠵᠢᠶᠡᠳᠡ ᠪᠢᠤᠯᠤᠭᠢ ᠶᠢᠨ ᠭᠡᠮ ᠤᠨ ᠭᠦᠨᠦᠭᠡᠯ ᠪᠤᠶᠤ ᠡᠪᠡᠳᠴᠢᠨ ᠤ ᠬᠤᠤᠷ ᠤᠨ ᠭᠦᠨᠦᠭᠡᠯ ᠭᠡᠵᠤ ᠠᠮᠠᠷᠬᠠᠨ ᠠᠠᠳᠤᠭᠤᠷᠠᠬᠤ ᠳᠤ ᠭᠦᠷᠳᠡᠭ ᠪᠠᠶᠢᠨ᠎ᠠ᠃     ᠤᠯᠠᠭᠠᠯᠵᠢ ᠶᠢ ᠰᠡᠷᠭᠡᠶᠢᠯᠡᠨ ᠵᠠᠰᠠᠬᠤ ᠠᠷᠭ᠎ᠠ ᠭᠡᠪᠡᠯ     ︵1︶ ᠲᠠᠷᠢᠶᠠᠨ ᠭᠠᠵᠠᠷ᠂ ᠲᠠᠷᠢᠶᠠᠨ ᠵᠠᠬ᠎ᠠ ᠶᠢᠨ ᠰᠤᠯᠠ ᠡᠪᠡᠰᠤ ᠵᠢᠴᠢ ᠦᠯᠡᠳᠡᠭᠳᠡᠯ ᠤᠷᠭᠤᠮᠠᠯ ᠢ ᠠᠷᠢᠯᠭᠠᠨ ᠴᠠᠪᠡᠷᠯᠡᠵᠤ᠂ ᠡᠪᠤᠯ ᠤᠨ ᠤᠯᠠᠷᠢᠯ ᠤᠨ ᠬᠠᠮᠠᠭᠠᠯᠠᠯᠳᠠ ᠶᠢᠨ ᠲᠠᠷᠢᠶᠠᠨ ᠤ ᠰᠡᠷᠭᠡᠶᠢᠯᠡᠨ ᠵᠠᠰᠠᠬᠤ ᠠᠵᠢᠯ ᠢ ᠰᠠᠶᠢᠳᠤᠷ ᠠᠳᠬᠤᠵᠤ᠂ ᠡᠪᠤᠯᠵᠢᠭᠦ ᠬᠤᠷᠤᠬᠠᠢ ᠶᠢᠨ ᠢᠷᠠᠯᠳᠠ ᠶᠢ ᠣᠰᠠᠳᠬᠠᠬᠤ ᠭᠡᠷᠡᠭᠳᠡᠢ᠃     ︵2︶ ᠬᠤᠷᠤᠬᠠᠢ ᠡᠭᠦᠰᠭᠦ ᠡᠭᠢᠨ ᠤ ᠬᠤᠭᠤᠴᠠᠭᠠᠨ ᠳᠤ ᠲᠠᠷᠦ᠋ᠢᠬᠠᠨ ᠡᠮ ᠢᠶᠠᠷ ᠵᠠᠰᠠᠬᠤ ᠭᠡᠷᠡᠭᠳᠡᠢ᠃ ᠡᠮ ᠢᠶᠠᠷ ᠵᠠᠰᠠᠬᠤ ᠳᠠᠭᠠᠨ 73% ᠺᠧ ᠮᠠᠨ ᠲᠧ ︵克螨特︶ ᠲᠤᠰᠤᠨ ᠡᠮ ᠤᠨ 2000 ᠲᠠᠭᠢᠨ ᠤ ᠰᠢᠩᠭᠡᠨ᠂ 20% ᠶᠢᠨ ᠨᠡᠶᠢᠯᠡᠮᠡᠯ ᠵᠤᠷ ᠤᠨ ᠯᠢᠤ ᠶᠠᠩ ᠮᠸᠢ ᠰᠤ᠋ ︵浏阳霉︶ ᠲᠤᠰᠤᠨ ᠡᠮ ᠤᠨ 1000 ᠲᠠᠭᠢᠨ ᠤ ᠰᠢᠩᠭᠡᠨ᠂ 20% ᠶᠢᠨ ᠮᠢᠶᠧ ᠰᠤᠤ ᠯᠢ ︵灭扫利︶ ᠲᠤᠰᠤᠨ ᠡᠮ ᠤᠨ 3000 ᠲᠠᠭᠢᠨ ᠤ ᠰᠢᠩᠭᠡᠨ᠂ 20% ᠶᠢᠨ ᠱᠤᠸᠠᠩ ᠵᠢᠶᠠ ᠮᠢ ︵双甲脒︶ ᠲᠤᠰᠤᠨ ᠡᠮ ᠪᠤᠶᠤ 35% ᠶᠢᠨ ᠱᠠ ᠮᠠᠨ ᠲᠧ ︵杀螨 特︶ ᠲᠤᠰᠤᠨ ᠡᠮ ᠤᠨ 1000 ᠲᠡᠭᠢᠨ ᠤ ᠰᠢᠩᠭᠡᠨ ᠪᠤᠶᠤ 25% ᠶᠢᠨ ᠫᠦ᠋ ᠱᠢ ᠯᠢᠩ ︵扑虱灵︶ ᠨᠤᠠᠳᠠᠭ ᠡᠮ ᠤᠨ 2000 ᠲᠠᠭᠢᠨ ᠤ ᠰᠢᠩᠭᠡᠨ ᠢ ᠰᠤᠩᠭᠤᠨ ᠰᠦᠷᠴᠢᠵᠤ ᠪᠤᠯᠤᠨ᠎ᠠ᠃ ᠪᠠᠶᠢᠡᠭᠭᠤ ᠭᠡᠷᠡᠭᠯᠡᠭᠦ ᠡᠮ ᠳᠤ ᠺᠧ ᠮᠠᠨ ᠲᠧ ︵克螨特︶᠂ ᠮᠢᠶᠧ ᠰᠤ᠋ ᠯᠢ ︵灭扫利︶᠂ ᠱᠠ ᠮᠠᠨ ᠲᠧ ︵杀螨特︶᠂ ᠱᠤᠸᠠᠩ ᠵᠢᠶ᠋ᠨ ᠮᠢ ︵双甲脒︶᠂ ᠫᠦ᠋ ᠱᠢ ᠯᠢᠩ ︵扑虱灵︶ ᠵᠡᠷᠭᠡ ᠡᠮ ᠪᠠᠶᠢᠨ᠎ᠠ᠃  
 
ᠢᠷᠡᠯᠲᠡ᠄ ᠠᠯᠠᠱᠨ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠲᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号