ᠦᠭᠡᠷ ᠤᠨ ᠰᠠᠴᠤᠷᠠᠬ ᠪᠠᠺᠲ᠋ᠧᠷᠢ ᠶᠢᠨ ᠡᠪᠡᠳᠴᠢᠨ ᠢ ᠭᠡᠷᠬᠢᠨ ᠵᠠᠰᠠᠬᠤ ᠪᠤᠢ
ᠨᠡᠶᠢᠲᠡᠯᠡᠭᠰᠡᠨ ᠴᠠᠭ᠄
2021/9/17
    ᠡᠨᠡ ᠡᠪᠡᠳᠴᠢᠨ ᠢ ᠴᠠᠭᠠᠨ ᠬᠦᠨᠴᠡᠯᠳᠦ ᠴᠠᠭᠠᠰᠤᠨ ᠤᠷᠢᠶᠠᠮᠠᠬ ᠢᠶᠠᠷ ᠡᠮᠨᠡᠵᠦ ᠪᠤᠯᠤᠨ᠎ᠠ᠃     1. 7 ᠰᠠᠨᠲ᠋ᠢᠮᠧᠲᠷ ᠦᠷᠭᠡᠨ᠂ 17  ᠰᠠᠨᠲ᠋ᠢᠮᠧᠲᠷ ᠤᠷᠳᠦ ᠴᠠᠭᠠᠨ ᠮᠤᠤᠳᠦᠦ ᠴᠠᠭᠠᠰᠦ ᠶᠢ ᠳᠡᠯᠭᠡᠭᠡᠳ ᠨᠢᠮᠭᠡᠨ ᠨᠠᠭᠠᠯᠳᠠ ᠲᠦᠷᠬᠢᠵᠦ᠂ ᠨᠠᠭᠠᠯᠳᠠ ᠲᠠᠢ ᠳᠠᠯ᠎ᠠ ᠶᠢ ᠨᠢ ᠳᠤᠳᠤᠬᠰᠢ ᠬᠠᠨᠳᠤᠭᠤᠯᠤᠨ ᠤᠷᠢᠶᠠᠵᠦ ᠴᠠᠭᠠᠰᠤᠨ ᠤᠷᠢᠶᠠᠮᠠᠬ ᠪᠤᠯᠭᠠᠨ᠎ᠠ᠃ ᠭᠠᠳᠠᠭᠤᠷ ᠨᠢ ᠪᠠᠰᠠ ᠨᠢᠭᠡ ᠳᠠᠪᠬᠤᠷ ᠨᠠᠭᠠᠯᠳᠠ ᠲᠦᠷᠬᠢᠭᠡᠳ ᠴᠠᠭᠠᠨ ᠬᠦᠨᠴᠡᠯ ᠤᠨ ᠳᠠᠯᠬ᠎ᠠ ᠶᠢ ᠨᠠᠭᠠᠯᠳᠤᠭᠤᠯᠤᠨ᠎ᠠ᠃ ᠡᠨᠡ ᠬᠦ ᠡᠮᠳᠦ ᠤᠷᠢᠶᠠᠮᠠᠬ ᠢᠶᠠᠨ ᠠᠶ᠎ᠠ ᠪᠠᠷ ᠨᠢ ᠬᠠᠳᠠᠭᠠᠨ ᠡᠪᠳᠠᠢ ᠬᠠᠳᠠᠭᠠᠯᠠᠵᠦ ᠳᠠᠯᠪᠢᠨ᠎ᠠ᠃     2. ᠢᠳᠡᠭᠡᠯᠡᠭᠰᠡᠨ ᠡᠪᠡᠳᠴᠢᠨ ᠤ ᠭᠤᠯᠤᠮᠳᠠ ᠶᠢ ᠤᠷᠢᠳ ᠢᠶᠠᠷ ᠦᠰᠦ ᠶᠢ ᠨᠢ ᠬᠢᠷᠭᠠᠵᠦ ᠠᠷᠢᠭᠤᠳᠬᠠᠬᠰᠠᠨ ᠤ ᠳᠠᠷᠠᠭ᠎ᠠ ᠮᠠᠰᠠ ᠵᠠᠰᠠᠯ ᠤᠨ ᠬᠢᠳᠤᠭ᠎ᠠ ᠪᠤᠶᠤ ᠳᠤᠮᠳᠠ ᠦᠷᠭᠡᠨ ᠬᠠᠨᠠᠭᠤᠷ ᠢᠶᠠᠷ ᠬᠠᠪᠤᠳᠠᠷ ᠤᠨ ᠭᠤᠤᠯ ᠢ ᠰᠡᠳᠡᠯᠵᠦ ᠢᠳᠡᠭᠡ ᠶᠢ ᠨᠢ ᠭᠠᠷᠭᠠᠨ᠎ᠠ᠃ ᠡᠪᠡᠳᠴᠢᠨ ᠤ ᠭᠤᠯᠤᠮᠳᠠ ᠨᠢ ᠨᠢᠭᠡᠮᠤᠰᠤᠨ ᠢᠳᠡᠭᠡᠯᠡᠵᠦ ᠬᠦᠢᠴᠡᠭᠡᠳ ᠬᠠᠭᠠᠷᠠᠬᠰᠠᠨ ᠪᠤᠯᠪᠠᠴᠦ ᠨᠦᠭᠡ ᠨᠢ ᠪᠠᠭ᠎ᠠ᠂ ᠢᠳᠡᠭᠡ ᠶᠢ ᠨᠢ ᠭᠠᠷᠭᠠᠵᠦ ᠴᠢᠳᠠᠬᠤ ᠦᠭᠡᠢ ᠪᠤᠶᠤ ᠡᠮᠳᠦ ᠴᠠᠭᠠᠰᠤᠨ ᠤᠷᠢᠶᠠᠮᠠᠬ ᠢ ᠬᠠᠳᠬᠤᠨ ᠤᠷᠤᠭᠤᠯᠬᠤ ᠳᠤ ᠲᠦᠬᠦᠮ ᠦᠭᠡᠢ ᠪᠤᠯ ᠨᠦᠭᠡ ᠶᠢ ᠵᠤᠬᠢᠬᠤ ᠭᠡᠮᠵᠢᠶ᠎ᠠ ᠪᠠᠷ ᠶᠡᠭᠡᠳᠭᠡᠵᠦ ᠪᠤᠯᠤᠨ᠎ᠠ᠃ ᠬᠠᠮᠤᠬ ᠰᠡᠬᠦᠯ ᠳᠤ ᠳᠤ ᠨᠢ ᠡᠮᠳᠦ ᠤᠷᠢᠶᠠᠮᠠᠬ ᠢᠶᠠᠨ ᠨᠦᠭᠡ ᠪᠠᠷ ᠨᠢ ᠬᠠᠳᠬᠤᠨ ᠤᠷᠤᠭᠤᠯᠵᠦ ᠭᠠᠳᠠᠨᠠᠬᠢ ᠦᠵᠦᠬᠦᠷ ᠢ ᠨᠢ ᠬᠠᠶᠢᠴᠢᠯᠠᠵᠦ ᠬᠠᠶᠠᠨ᠎ᠠ᠃ ᠢᠡᠭᠬᠢᠭᠡᠳ ᠨᠢᠭᠡ ᠭᠠᠷᠠᠬ ᠪᠤᠯᠪᠠᠯ ᠡᠪᠡᠳᠴᠢᠨ ᠤ ᠭᠤᠯᠤᠮᠳᠠ ᠪᠤᠯᠤᠨ ᠡᠷᠡᠬᠦᠯ ᠠᠷᠠᠰᠦ ᠬᠤᠶᠠᠷ ᠤᠨ ᠵᠠᠪᠰᠠᠷ ᠴᠠᠭᠠᠷᠢᠬ ᠭᠡᠯᠪᠡᠷᠢ ᠲᠠᠢ ᠵᠠᠪᠰᠠᠷ ᠭᠠᠷᠤᠨ᠎ᠠ᠃ ᠰᠠᠷ᠎ᠠ ᠪᠤᠯᠪᠠᠯ ᠡᠪᠡᠳᠴᠢᠨ ᠤ ᠭᠤᠯᠤᠮᠳᠠ ᠨᠢ ᠰᠠᠭᠤᠷᠢ ᠪᠠᠷ ᠢᠶᠠᠨ ᠪᠤᠯᠳᠠᠷᠠᠵᠦ ᠤᠨᠠᠬᠤ ᠶᠢᠨ ᠬᠠᠮᠳᠦ ᠡᠷᠡᠬᠦᠯ ᠡᠳ᠋ ᠨᠡᠭᠡᠳᠡᠰᠦ ᠤᠷᠭᠤᠵᠦ ᠠᠨᠠᠭᠠᠳ ᠡᠳᠡᠭᠡᠷᠡᠬᠦ ᠪᠤᠯᠤᠨ᠎ᠠ᠃  
 
ᠢᠷᠡᠯᠲᠡ᠄ ᠬᠢᠩᠭᠠᠨ ᠤ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号