ᠰᠢᠷᠠᠭᠰᠠᠨ ᠪᠦᠬᠦᠯᠢ ᠬᠤᠨᠢ ᠶᠢ ᠬᠢᠬᠦ ᠠᠷᠭ᠎ᠠ
ᠨᠡᠶᠢᠲᠡᠯᠡᠭᠰᠡᠨ ᠴᠠᠭ᠄
2021/9/16
    ᠰᠢᠷᠠᠭᠰᠠᠨ ᠪᠦᠬᠦᠯᠢ ᠬᠤᠨᠢ ᠨᠢ ᠮᠤᠩᠭᠤᠯᠴᠤᠳ ᠤᠨ ᠠᠮᠳᠠᠳᠣ ᠢᠳᠡᠬᠡᠨ ᠤ ᠨᠢᠬᠡ ᠪᠤᠯᠵᠤ᠂ ᠮᠤᠩᠭᠤᠯ ᠨᠤᠲᠤᠭ ᠲᠤ ᠦᠶ᠎ᠡ ᠤᠯᠠᠷᠢᠨ ᠤᠯᠠᠮᠵᠢᠯᠠᠭᠳᠠᠵᠤ ᠢᠷᠡᠵᠠᠢ᠃ ᠤᠯᠠᠨ ᠵᠢᠯ ᠤᠨ ᠨᠠᠷᠢᠯᠢᠭ ᠡᠳ᠋ᠰᠢᠬᠦᠯᠦᠯᠳᠡ ᠪᠠᠷ ᠲᠠᠮᠵᠢᠵᠤ᠂ ᠰᠢᠷᠠᠭᠰᠠᠨ ᠪᠦᠬᠦᠯᠢ ᠬᠤᠨᠢ ᠨᠢ ᠤᠳᠤᠬᠠᠨ ᠳᠤ ᠮᠤᠩᠭᠤᠯ ᠢᠳᠡᠬᠡᠨ ᠤ ᠰᠣᠶᠤᠯ ᠤᠨ ᠤᠮᠤᠭᠰᠢᠯ ᠪᠤᠯᠤᠭᠰᠠᠨ ᠪᠠᠶᠢᠨ᠎ᠠ᠃     ᠲᠦᠭᠦᠬᠡᠢ ᠡᠳ᠋᠄ ᠪᠠᠷᠤᠭ 45 ᠵᠢᠩ ᠤᠨ ᠬᠤᠨᠢ ᠨᠢᠬᠡ᠂ ᠨᠢᠬᠡ ᠪᠠᠭᠰᠤᠷᠭ᠎ᠠ ᠶᠢᠨ ᠪᠠᠭᠯᠠᠭ᠎ᠠ᠂ ᠲᠤᠳᠤᠷ᠎ᠠ ᠨᠢ ᠰᠤᠩᠬᠢᠨ᠎ᠠ᠂ ᠭᠠ᠂ ᠰᠠᠷᠢᠮᠰᠠᠭ᠂ ᠬᠤᠤ ᠯᠤᠤᠪᠠᠩ ᠵᠤᠷᠭᠤᠳᠠᠰᠣ᠂ ᠶᠠᠷᠮ᠎ᠠ᠂ ᠵᠢᠭᠠᠷᠳᠣ ᠭᠠᠪᠢᠷ᠎ᠠ ᠶᠢᠨ ᠬᠠᠯᠢᠰᠤ᠂ ᠬᠠᠭᠤᠷᠠᠢ ᠤᠯᠠᠭᠠᠨ ᠯᠠᠵᠤᠤ ᠵᠡᠷᠬᠡ ᠪᠠᠭᠳᠠᠨ᠎ᠠ᠃ 100kg ᠲᠠᠪᠤᠰᠤ᠂ 2 ᠵᠢᠩ ᠴᠠᠭᠠᠨ ᠰᠢᠬᠢᠷ᠂ 1 ᠵᠢᠩ ᠵᠢᠶᠠᠩᠶ᠋ᠢᠣ᠂ 150g ᠤᠷᠭᠤᠮᠠᠯ ᠤᠨ ᠲᠤᠰᠤ᠃     ᠬᠢᠬᠦ ᠠᠷᠭ᠎ᠠ᠄ ᠬᠤᠨᠢ ᠪᠠᠨ ᠵᠠᠷᠤᠵᠤ᠂ ᠨᠤᠤᠰᠤ ᠶᠢ ᠨᠢ ᠦᠭᠳᠡᠬᠡᠵᠤ᠂ ᠲᠦᠷᠪᠡᠨ ᠮᠦᠴᠢ ᠶᠢ ᠨᠢ ᠤᠭᠳᠤᠯᠤᠭᠰᠠᠨ ᠬᠤᠶᠢᠨ᠎ᠠ᠂ ᠡᠪᠴᠢᠬᠦᠦ ᠶᠢ ᠨᠢ ᠬᠠᠭᠠᠯᠵᠤ᠂ ᠬᠡᠳᠡᠰᠣ ᠲᠤᠳᠤᠷ ᠢ ᠨᠢ ᠭᠠᠷᠭᠠᠵᠤ᠂ ᠡᠪᠴᠢᠬᠦᠦ ᠶᠢᠨ ᠬᠦᠨᠳᠡᠢ ᠶᠢ ᠰᠠᠶᠢᠳᠤᠷ ᠤᠬᠢᠶᠠᠵᠤ᠂ ᠲᠤᠳᠤᠷ᠎ᠠ ᠨᠢ ᠲᠠᠪᠤᠰᠤ ᠦᠷᠡᠨ᠂ ᠪᠠᠭᠰᠤᠷᠭ᠎ᠠ ᠶᠢᠨ ᠪᠠᠭᠯᠠᠭ᠎ᠠ ᠪᠠᠨ ᠲᠠᠯᠪᠢᠵᠤ᠂ ᠬᠢᠳᠤᠭᠠᠨ ᠰᠢᠷᠬ᠎ᠠ ᠲᠠᠢ ᠤᠶᠠᠨ᠎ᠠ᠃ ᠬᠠ᠂ ᠭᠤᠶ᠎ᠠ᠂ ᠬᠦᠵᠦᠬᠦᠦ ᠵᠡᠷᠬᠡ ᠵᠤᠵᠠᠭᠠᠨ ᠮᠢᠬ᠎ᠠ ᠲᠠᠢ ᠭᠠᠵᠠᠷ ᠨᠢ ᠬᠢᠳᠤᠭ᠎ᠠ ᠪᠠᠷ ᠵᠢᠷᠤᠨ ᠡᠰᠬᠡᠵᠤ᠂ ᠡᠰᠬᠡᠭᠰᠡᠨ ᠵᠠᠭᠠᠭ ᠲᠤᠨᠢ ᠵᠤᠬᠢᠬᠤ ᠬᠡᠮᠵᠢᠶᠡᠨ ᠤ ᠪᠠᠭᠰᠤᠷᠭ᠎ᠠ ᠲᠠᠯᠪᠢᠨ᠎ᠠ᠃ ᠰᠢᠬᠢᠷ ᠪᠠ ᠵᠢᠶᠠᠩᠶ᠋ᠢᠣ ᠶᠢ ᠵᠢᠭᠤᠷᠠᠵᠤ ᠴᠢᠨᠠᠭᠠᠳ ᠬᠠᠪ ᠬᠠᠯᠠᠭᠤᠨ ᠪᠤᠯᠭᠠᠭᠰᠠᠨ ᠤ ᠰᠡᠬᠦᠯᠡᠷ᠂ ᠬᠤᠨᠢᠨ ᠤ ᠪᠡᠶᠡᠨ ᠲᠡᠭᠡᠷ᠎ᠡ ᠲᠦᠷᠬᠢᠨ᠎ᠡ᠃ ᠠᠭᠠᠷᠠᠭᠰᠠᠨ ᠤ ᠰᠡᠬᠦᠯᠡᠷ ᠪᠠᠰᠠ ᠨᠢᠬᠡ ᠲᠠᠪᠬᠤᠷᠭ᠎ᠠ ᠤᠷᠭᠤᠮᠠᠯ ᠤᠨ ᠲᠤᠰᠤ ᠲᠦᠷᠬᠢᠵᠤ᠂ ᠬᠤᠨᠢ ᠰᠢᠷᠠᠬᠤ ᠵᠤᠤᠬᠠᠨ ᠳᠤ ᠪᠠᠨ ᠲᠠᠯᠪᠢᠨ᠎ᠠ᠃ ᠵᠤᠤᠬᠠᠨ ᠤ ᠠᠮᠠᠰᠠᠷ ᠢ ᠲᠠᠷᠤᠵᠤ᠂ 3 ᠠᠴᠠ 4 ᠴᠠᠭ ᠰᠢᠷᠠᠪᠠᠯ ᠪᠤᠯᠴᠢᠬᠠᠨ᠎ᠠ᠃ ᠰᠢᠷᠠᠵᠤ ᠪᠤᠯᠭᠤᠭᠰᠠᠨ ᠤ ᠰᠡᠬᠦᠯᠡᠷ᠂ ᠪᠦᠬᠦᠯᠢ ᠬᠤᠨᠢᠨ ᠤ ᠦᠩᠭᠡ ᠨᠢ ᠭᠤᠶᠤ᠂ ᠠᠮᠳᠠ ᠨᠢ ᠰᠤᠷᠭᠤᠭ᠂ ᠬᠡᠯᠪᠡᠷᠢ ᠨᠢ ᠰᠠᠶᠢᠬᠠᠨ᠂ ᠪᠦᠬᠦᠯᠢ ᠬᠤᠨᠢ ᠶᠢ ᠲᠠᠪᠠᠭ ᠲᠤᠳᠤᠷ᠎ᠠ ᠤᠴᠦ᠋ᠢᠯᠭᠠᠨ ᠲᠠᠯᠪᠢᠵᠤ᠂ ᠤᠳᠤᠮᠰᠢᠯᠠᠯᠳᠣ ᠵᠠᠩᠰᠢᠯ ᠢᠶᠠᠷ ᠬᠡᠷᠴᠢᠨ᠂ ᠵᠤᠴᠢᠨ ᠳᠤ ᠪᠡᠯᠡᠳᠭᠡᠨ᠎ᠡ᠃ ᠪᠦᠬᠦᠯᠢ ᠬᠤᠨᠢᠨ ᠤ ᠭᠠᠶᠢᠬᠠᠮᠰᠢᠭᠳᠣ ᠠᠮᠳᠠ ᠶᠢ ᠲᠦᠷᠰᠦᠯᠡᠬᠦ ᠳᠤ ᠪᠡᠷᠬᠡ᠂ ᠲᠡᠬᠦᠨ ᠤ ᠬᠠᠮᠤᠭ ᠶᠡᠭᠡ ᠤᠨᠴᠠᠯᠢᠭ ᠨᠢ ᠲᠤᠰᠤᠯᠢᠭ ᠪᠤᠯᠪᠠᠴᠣ ᠱᠠᠩᠳᠠᠭᠤᠨ ᠪᠢᠰᠢ᠃ ᠰᠢᠷᠡᠬᠡᠨ ᠳᠤ ᠭᠠᠷᠭᠠᠬᠤ ᠦᠶᠡᠰ᠂ ᠰᠤᠩᠭᠢᠨ᠎ᠠ᠂ ᠦᠷᠬᠡᠰᠦᠳᠣ ᠬᠡᠮᠬᠡ᠂ ᠰᠠᠷᠢᠮᠰᠠᠭ ᠲᠠᠢ ᠭᠠᠰᠢᠭᠤᠨ ᠵᠢᠶᠠᠩ ᠂ ᠰᠤᠷᠢᠰᠣ᠂ ᠰᠢᠬᠢᠷᠯᠢᠭ ᠭᠤᠯᠢᠷ ᠲᠠᠢ ᠵᠢᠶᠠᠩ᠂ ᠦᠨᠦᠷᠳᠣ ᠨᠤᠭᠤᠭ᠎ᠠ᠂ ᠯᠢᠩᠬᠤᠸ᠎ᠠ ᠶᠢᠨ ᠨᠠᠪᠴᠢ ᠰᠢᠭ᠋ ᠪᠤᠤᠪᠤ᠃ ᠨᠠᠷᠢᠯᠢᠭ ᠯᠠᠵᠤᠤ ᠲᠠᠢ ᠲᠠᠪᠤᠰᠤ᠂ ᠼᠣᠣ ᠵᠡᠷᠬᠡ ᠶᠢ ᠲᠠᠭᠠᠯᠳᠤᠭᠤᠯᠤᠨ᠎ᠠ᠃  
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号