ᠮᠠᠯᠴᠢᠨ ᠤᠶᠤᠨᠰᠦ᠋ᠮᠪᠤᠷ ᠦᠨᠳᠦᠷ ᠠᠰᠢᠭᠯᠠᠮᠵᠢᠳᠦ ᠮᠠᠯ ᠳᠡᠵᠢᠬᠡᠬᠦ ᠤᠡᠭᠭᠤᠴᠠ ᠪᠤᠯᠤᠨ ᠪᠤᠳᠠᠭᠠᠠ ᠤ ᠥᠯᠡᠳᠡᠪᠦᠷᠢ ᠶᠢ ᠳᠠᠷᠤᠰᠢᠭᠤᠯᠤᠨ ᠡᠳ᠋ᠰᠢᠬᠦᠯᠬᠦ ᠮᠠᠰᠢᠨ ᠵᠤᠬᠢᠶᠠᠵᠠᠢ
ᠨᠡᠶᠢᠲᠡᠯᠡᠭᠰᠡᠨ ᠴᠠᠭ᠄
2021/9/15
     ᠤᠢᠢᠷ᠎ᠠ ᠳᠤ᠂ ᠠᠯᠠᠱᠠ ᠶᠢᠨ ᠮᠢ ᠨᠸᠡᠭ ᠰᠢᠨ᠎ᠡ ᠡᠨᠧᠷᠬᠢ ᠶᠢᠨ ᠺᠤᠮᠫᠠᠨᠢ ᠶᠢᠨ ᠡᠵᠡᠩᠨᠡᠭᠴᠢ ᠤᠶᠤᠨᠰᠦ᠋ᠮᠪᠦᠷ ᠦᠨᠳᠦᠷ ᠠᠰᠢᠭᠯᠠᠮᠵᠢᠳᠦ ᠮᠠᠯ ᠳᠡᠵᠢᠬᠡᠬᠦ ᠤᠡᠭᠭᠤᠴᠠ ᠪᠤᠯᠤᠨ ᠪᠤᠳᠠᠭᠠᠠ ᠤ ᠥᠯᠡᠳᠡᠪᠦᠷᠢ ᠶᠢ ᠳᠠᠷᠤᠰᠢᠭᠤᠯᠤᠨ ᠡᠳ᠋ᠰᠢᠬᠦᠯᠬᠦ ᠮᠠᠰᠢᠨ ᠵᠤᠬᠢᠶᠠᠵᠦ ᠦᠢᠯᠡᠳᠦᠬᠡᠳ ᠤᠯᠤᠰ ᠤᠨ ᠲᠤᠰᠬᠠᠢ ᠠᠰᠢᠬ ᠤᠨ ᠡᠷᠭᠡ ᠶᠢ ᠤᠯᠤᠬᠰᠠᠠ ᠪᠠᠶᠢᠨ᠎ᠠ᠃      ᠤᠶᠤᠨᠰᠦ᠋ᠮᠪᠤᠷ ᠪᠤᠯ ᠠᠯᠠᠱᠠ ᠵᠡᠬᠦᠨ ᠬᠤᠰᠢᠭᠤᠨ ᠤ ᠲᠡᠭᠷᠢ ᠡᠯᠡᠰᠦ ᠪᠠᠯᠭᠠᠰᠤᠨ ᠤ ᠴᠠᠯᠠᠭᠠᠷ ᠭᠠᠴᠠᠭᠠᠠ ᠤ ᠮᠠᠯᠴᠢᠨ᠃ ᠲᠡᠷᠡᠪᠡᠷ ᠬᠠᠷᠠᠬᠠᠠ ᠪᠠᠭ᠎ᠠ ᠠᠴᠠ ᠪᠠᠨ ᠴᠤᠪᠤᠭᠤ ᠰᠡᠷᠬᠦᠯᠡᠩ ᠪᠤᠯᠪᠠᠴᠦ ᠠᠬ᠎ᠠ ᠲᠡᠬᠦᠦ ᠤᠯᠠᠨ ᠠᠮᠢᠳᠤᠷᠠᠯ ᠬᠦᠴᠢᠷᠳᠡᠯ ᠲᠠᠢ ᠠᠴᠠ ᠪᠤᠯᠵᠤ ᠠᠪᠤ ᠡᠵᠢ ᠪᠠᠨ ᠬᠠᠪᠰᠤᠷᠤᠨ ᠠᠵᠢᠯ ᠬᠦᠳᠡᠯᠮᠦᠷᠢ ᠬᠢᠬᠦ ᠶᠢᠨ ᠳᠦᠯᠦᠬᠡ ᠰᠤᠷᠭᠠᠭᠤᠯᠢ ᠠᠴᠠ ᠭᠠᠷᠴᠦ ᠮᠠᠯᠴᠢᠨ ᠪᠤᠯᠵᠡᠢ᠃ 17 ᠨᠠᠰᠤᠳᠡᠢ ᠪᠠᠶᠢᠬᠤ ᠳᠠᠭᠠᠨ᠂ ᠲᠡᠷᠡ ᠰᠢᠨᠬᠤᠸᠠ ᠲᠤᠯᠢ ᠪᠢᠴᠢᠭ ᠤᠷᠪᠠᠭᠤᠯᠤᠨ ᠬᠢᠳᠡᠳ ᠥᠰᠦᠭ ᠰᠤᠷᠴᠤ᠂ 1989 ᠤᠨ ᠳᠤ ᠠᠯᠠᠱᠠ ᠵᠡᠬᠦᠨ ᠬᠤᠰᠢᠭᠤᠨ ᠤ ᠤᠤᠯ ᠤᠨ ᠲᠡᠭᠷᠢ ᠡᠯᠡᠰᠦ ᠰᠤᠮᠤᠨ ᠤ ᠱᠠᠤ ᠶᠢᠨ ᠤᠢᠢᠯᠡᠳᠪᠦᠷᠢ ᠳᠤ ᠠᠵᠢᠯᠯᠠᠵᠦ ᠪᠠᠶᠢᠭᠰᠠᠨ ᠢᠶᠠᠨ 1996 ᠤᠨ ᠠᠴᠠ ᠡᠬᠢᠯᠡᠡ ᠬᠤᠪᠢ ᠪᠠᠷ ᠢᠶᠠᠨ ᠬᠤᠭᠤᠯᠠᠠ ᠭᠡᠷ ᠡᠷᠬᠢᠯᠡᠬᠡᠳ ᠬᠤᠷᠢᠭᠠᠳ ᠵᠢᠯ ᠪᠤᠯᠵᠠᠢ᠃ 2014 ᠤᠨ ᠳᠤ ᠲᠡᠷᠡ ᠮᠢᠺᠷᠤᠪ ᠤᠨ ᠲᠤᠬᠠᠢ ᠰᠤᠳᠤᠯᠤᠯ ᠬᠢᠵᠤ ᠠᠯᠠᠱᠠ ᠠᠶᠢᠮᠠᠬ ᠤᠨ ᠮᠢ ᠨᠸᠡᠭ ᠰᠢᠨ᠎ᠡ ᠡᠨᠧᠷᠬᠢ ᠶᠢᠨ ᠺᠤᠮᠫᠠᠨᠢ ᠶᠢ ᠪᠠᠶᠢᠭᠤᠯᠵᠡᠢ᠃ 2020 ᠤᠨ ᠳᠤ ᠢᠵᠢ ᠪᠥᠷᠢᠳᠦᠭᠰᠡᠡ ᠦᠨᠳᠦᠷ ᠠᠰᠢᠭᠯᠠᠮᠵᠢᠳᠦ ᠪᠤᠳᠠ ᠮᠠᠯ ᠪᠠ ᠪᠤᠬ ᠮᠠᠯ ᠳᠡᠵᠢᠬᠡᠬᠦ ᠤᠡᠭᠭᠤᠴᠠ᠂ ᠪᠤᠳᠠᠭᠠᠠ ᠤ ᠥᠯᠡᠳᠡᠪᠦᠷᠢ ᠶᠢ ᠳᠠᠷᠤᠰᠢᠭᠤᠯᠤᠨ ᠡᠳ᠋ᠰᠢᠬᠦᠯᠬᠦ ᠮᠠᠰᠢᠨ ᠢ ᠵᠤᠬᠢᠶᠠᠵᠦ ᠭᠠᠷᠭᠠᠬᠰᠠᠠ ᠪᠠᠶᠢᠨ᠎ᠠ᠃        ᠲᠤᠤᠷ ᠲᠠᠢ ᠢᠵᠢ ᠪᠥᠷᠢᠳᠦᠭᠰᠡᠡ ᠪᠤᠳᠠ ᠮᠠᠯ ᠳᠡᠵᠢᠬᠡᠬᠦ ᠤᠡᠭᠭᠤᠴᠠ ᠨᠢ ᠤᠷᠳᠤ ᠪᠠᠷ ᠢᠶᠠᠨ 4 ᠮᠧᠲᠷ᠂ ᠥᠷᠭᠡᠨ ᠢᠶᠠᠷ ᠢᠶᠠᠨ 50 ᠰᠠᠨᠲ᠋ᠢᠮᠧᠲᠷ᠂ ᠲᠤᠤᠷ ᠤᠨ ᠥᠨᠳᠦᠷ ᠨᠢ 2 ᠮᠧᠲᠷ ᠲᠤ ᠬᠦᠷᠴᠦ ᠪᠤᠢ᠃ ᠤᠶᠤᠨᠰᠦ᠋ᠮᠪᠦᠷ ᠤᠨ ᠲᠠᠨᠢᠯᠴᠠᠭᠤᠯᠬᠤ ᠪᠠᠷ᠂ ᠥᠭᠡᠷ ᠲᠡᠮᠡᠭᠡ ᠶᠢ ᠲᠠᠵᠢᠭᠡᠵᠤ ᠠᠷᠠᠴᠢᠯᠠᠬᠤ ᠳᠤ ᠬᠠᠰᠢᠶᠠᠨ ᠳᠤ ᠤᠷᠤᠬᠤ ᠥᠬᠡᠢ ᠪᠠᠷ ᠲᠤᠤᠷ ᠤᠨ ᠭᠠᠳᠠᠨ᠎ᠠ ᠵᠤᠬᠰᠤᠵᠤ ᠪᠠᠶᠢᠭᠠᠳ ᠡᠪᠡᠰᠤ ᠪᠤᠷᠳᠤᠭ᠎ᠠ ᠪᠠᠨ ᠬᠢᠴᠢᠭᠡᠭᠡᠳ ᠤᠡᠭᠭᠤᠴᠠ ᠪᠠᠨ ᠲᠥᠯᠬᠢᠪᠠᠯ ᠴᠠᠭᠠᠨ᠎ᠠ ᠲᠠᠯ᠎ᠠ ᠠᠴᠠ ᠨᠢ ᠥᠭᠡᠷ ᠲᠡᠮᠡᠭᠡ ᠡᠪᠡᠰᠤ ᠪᠤᠷᠳᠤᠭ᠎ᠠ ᠶᠢ ᠢᠳᠡᠵᠤ᠂ ᠲᠡᠵᠢᠭᠡᠵᠤ ᠳᠠᠭᠤᠰᠪᠠᠯ ᠤᠩᠭᠤᠴᠠ ᠪᠠᠨ ᠡᠪᠭᠡᠵᠤ ᠲᠤᠳᠤᠷᠠᠬᠢ ᠥᠯᠡᠳᠡᠭᠰᠡᠡ ᠡᠯᠡᠰᠤ ᠲᠤᠭᠤᠰᠤ ᠶᠢ ᠨᠢ ᠠᠰᠬᠠᠵᠤ ᠴᠢᠳᠠᠬᠤ ᠮᠥᠷᠳᠡᠭᠡᠨ ᠵᠠᠢ ᠡᠵᠡᠯᠡᠬᠦ ᠥᠬᠡᠢ᠃ ᠲᠤᠤᠷ ᠲᠠᠢ ᠢᠵᠢ ᠪᠥᠷᠢᠳᠦᠭᠰᠡᠡ ᠪᠤᠬ ᠮᠠᠯ ᠳᠡᠵᠢᠬᠡᠬᠦ ᠤᠡᠭᠭᠤᠴᠠᠠ ᠤ ᠤᠷᠳᠤ ᠨᠢ 3 ᠮᠧᠲᠷ᠂ ᠲᠤᠤᠷ ᠤᠨ ᠥᠨᠳᠦᠷ ᠨᠢ 1.5 ᠮᠧᠲᠷ᠂ ᠥᠷᠭᠡᠨ ᠨᠢ 36 ᠰᠠᠨᠲ᠋ᠢᠮᠧᠲᠷ᠂ 26 ᠰᠠᠨᠲ᠋ᠢᠮᠧᠲᠷ᠂ 19 ᠰᠠᠨᠲ᠋ᠢᠮᠧᠲᠷ ᠭᠡᠬᠦ ᠮᠡᠳᠤᠴᠢᠯᠠᠠ ᠠᠳᠠᠯᠢ ᠪᠤᠰᠤ ᠬᠡᠮᠵᠢᠶ᠎ᠠ ᠪᠠᠷ ᠵᠤᠬᠢᠶᠠᠵᠦ᠂ ᠬᠤᠨᠢ ᠢᠮᠠᠭᠠᠠ ᠳᠤ ᠳᠦᠯᠬᠢᠭᠳᠡᠵᠦ ᠤᠨᠠᠬᠤ ᠠᠴᠠ ᠰᠠᠷᠭᠡᠶᠢᠯᠡᠬᠦ᠂ ᠠᠵᠢᠯ ᠬᠥᠳᠡᠯᠮᠤᠷᠢ ᠶᠢ ᠪᠠᠭᠠᠰᠬᠠᠬᠤ᠂ ᠴᠠᠪᠠᠷ ᠲᠤᠬᠢᠯᠢᠭ᠂ ᠠᠮᠤᠷ ᠲᠥᠪᠰᠢᠨ ᠵᠡᠷᠬᠡ ᠤᠨᠴᠠᠯᠢᠭ ᠲᠠᠢ᠃ ᠲᠤᠤᠷ ᠲᠠᠢ ᠢᠵᠢ ᠪᠥᠷᠢᠳᠦᠭᠰᠡᠡ ᠪᠤᠳᠠ ᠮᠠᠯ ᠤᠨ ᠤᠡᠭᠭᠤᠴᠠ ᠨᠢ 1100 ᠲᠥᠬᠦᠷᠢᠭ᠂ ᠲᠤᠤᠷ ᠲᠠᠢ ᠢᠵᠢ ᠪᠥᠷᠢᠳᠦᠭᠰᠡᠡ ᠪᠤᠬ ᠮᠠᠯ ᠤᠨ ᠤᠡᠭᠭᠤᠴᠠ ᠨᠢ 650 ᠲᠥᠬᠦᠷᠢᠭ᠂ ᠲᠤᠤᠷ ᠲᠠᠢ ᠢᠵᠢ ᠪᠥᠷᠢᠳᠦᠭᠰᠡᠡ ᠲᠥᠯ ᠤᠨ ᠤᠡᠭᠭᠤᠴᠠ ᠨᠢ 550 ᠲᠥᠬᠦᠷᠢᠭ ᠢᠶᠠᠷ ᠪᠤᠷᠤᠯᠠᠭᠤᠯᠵᠤ ᠪᠤᠢ ᠬᠡᠵᠦ ᠪᠠᠶᠢᠯ᠎ᠠ᠃      ᠪᠤᠳᠠᠭᠠᠠ ᠤ ᠥᠯᠡᠳᠡᠪᠦᠷᠢ ᠶᠢ ᠳᠠᠷᠤᠰᠢᠭᠤᠯᠤᠨ ᠡᠳ᠋ᠰᠢᠬᠦᠯᠬᠦ ᠮᠠᠰᠢᠨ ᠢ ᠴᠠᠬᠢᠯᠭᠠᠠ ᠢᠶᠠᠷ ᠬᠦᠳᠡᠯᠬᠡᠵᠦ᠂ ᠥᠯᠡᠳᠡᠭᠰᠡᠡ ᠬᠤᠭᠤᠯᠠ ᠪᠤᠳᠠᠭ᠎ᠠ ᠶᠠᠰᠤ ᠨᠤᠭᠤᠭ᠎ᠠ ᠶᠢᠨ ᠥᠯᠡᠳᠡᠪᠦᠷᠢ ᠶᠢ ᠮᠠᠰᠢᠨ ᠲᠤᠳᠤᠷ᠎ᠠ ᠪᠠᠨ ᠤᠷᠤᠭᠤᠯᠵᠤ ᠭᠡᠢ ᠪᠤᠯᠭᠠᠠ ᠠᠭᠤᠷᠰᠢᠭᠤᠯᠤᠬᠰᠠᠠ ᠤ ᠳᠠᠷᠠᠭ᠎ᠠ᠂ ᠵᠢᠯ ᠳᠤ ᠨᠢᠭᠡ ᠠᠴᠠ ᠬᠤᠶᠠᠷ ᠤᠳᠠᠭ᠎ᠠ ᠴᠡᠪᠡᠷᠯᠡᠵᠤ ᠥᠯᠡᠳᠡᠪᠤᠷᠢ ᠶᠢ ᠨᠢ ᠲᠠᠷᠢᠶᠠᠨ ᠳᠤ ᠠᠰᠢᠭᠯᠠᠳᠠᠭ᠃ ᠡᠨᠡᠬᠦ ᠮᠠᠰᠢᠨ ᠢ ᠬᠤᠳᠠ ᠬᠥᠳᠡᠭᠡ ᠬᠠᠮᠢᠭ᠎ᠠ ᠴᠤ ᠭᠡᠰᠡᠡ ᠭᠡᠷᠡᠭᠯᠡᠵᠤ ᠪᠤᠯᠤᠨ᠎ᠠ᠃ ᠲᠤᠰ ᠡᠳ᠋ᠰᠢᠬᠦᠯᠬᠦ ᠮᠠᠰᠢᠨ ᠢ 14000 ᠲᠥᠬᠦᠷᠢᠭ ᠢᠶᠠᠷ ᠪᠤᠷᠤᠯᠠᠭᠤᠯᠵᠤ ᠪᠤᠢ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号