ᠮᠠᠯ ᠡᠮᠨᠡᠯᠬᠡ ᠵᠢᠴᠢ ᠮᠡᠯᠵᠢᠬᠤ ᠦᠢᠯᠡᠳᠪᠦᠷᠢᠯᠡᠯ ᠤᠨ ᠮᠡᠳᠡᠯᠬᠡ ᠲᠤᠷᠰᠢᠯᠭ᠎ᠠ ︵ᠬᠤᠶᠠᠷ︶
ᠨᠡᠶᠢᠲᠡᠯᠡᠭᠰᠡᠨ ᠴᠠᠭ᠄
2021/9/14
   ᠲᠡᠮᠡᠭᠡᠨ ᠤ ᠵᠤᠬᠢᠰᠳᠠᠬᠤ ᠡᠪᠡᠳᠴᠢᠨ    ᠲᠡᠮᠡᠬᠡᠨ ᠤ ᠬᠡᠯᠡ ᠪᠠ ᠬᠡᠯᠡᠨ ᠤ ᠤᠭ ᠲᠤ ᠳᠦᠭᠦᠷᠡᠩ ᠵᠢᠵᠢᠭ ᠵᠢᠵᠢᠭ ᠵᠡᠰ ᠵᠤᠭᠤᠰᠤᠨ ᠬᠡᠯᠪᠡᠷᠢᠲᠠᠢ ᠶᠠᠷ᠎ᠠ ᠭᠠᠷᠳᠠᠭ᠃ ᠡᠨᠡ ᠡᠪᠡᠳᠴᠢᠨ ᠭᠤᠤᠯ ᠨᠢ ᠬᠠᠪᠤᠷ ᠨᠠᠮᠤᠷ ᠤᠨ ᠤᠯᠠᠷᠢᠯ ᠳᠤ ᠲᠤᠷᠠᠩᠬᠠᠢ ᠲᠠᠮᠡᠭᠡ ᠪᠤᠶᠤ ᠲᠤᠳᠤᠷ ᠬᠠᠯᠠᠭᠤ ᠲᠠᠢ ᠲᠠᠮᠠᠭᠡᠨ ᠳᠤ ᠭᠠᠷᠳᠠᠭ᠃ ᠡᠪᠡᠳᠴᠢᠨ ᠨᠢ ᠬᠦᠨᠳᠦᠷᠠᠪᠡᠯ᠂ ᠡᠪᠡᠰᠦ ᠢᠳᠡᠵᠦ ᠤᠰᠤ ᠤᠤᠭᠤᠵᠤ ᠴᠢᠳᠠᠬᠤ ᠦᠭᠡᠢ᠂ ᠠᠮᠠ ᠪᠠᠨ ᠦᠷᠭᠦᠯᠵᠢ ᠠᠩᠭᠠᠶᠢᠯᠭᠠᠬᠤ ᠪᠦᠭᠡᠳ ᠠᠮᠠᠨ ᠠᠴᠠ ᠪᠠᠨ ᠴᠠᠭᠠᠨ ᠭᠦᠭᠡᠰᠦ ᠲᠠᠢ ᠰᠢᠯᠦᠰᠦ ᠭᠤᠭᠤᠵᠢᠭᠤᠯᠳᠠᠭ᠃  ᠵᠠᠰᠠᠬᠤ ᠠᠷᠭ᠎ᠠ᠄    ᠲᠡᠮᠡᠭᠡᠨ ᠤ ᠬᠡᠯᠡ ᠶᠢ ᠠᠮᠠᠨ ᠭᠦᠨᠳᠡᠢ ᠠᠴᠠ ᠨᠢ ᠲᠠᠲᠠᠨ ᠭᠠᠷᠭᠠᠵᠤ ᠳᠤᠭᠤᠢ ᠳᠤᠭᠤᠢ ᠶᠠᠷ᠎ᠠ ᠲᠠᠢ ᠭᠡᠰᠡᠭ ᠢ ᠨᠢ ᠤᠬᠢᠶᠠᠨ ᠴᠡᠪᠡᠷᠯᠡᠭᠰᠡᠨ ᠤ ᠳᠠᠷᠠᠭ᠎ᠠ᠂ ᠪᠦᠳᠦᠭᠦᠨ ᠢᠮᠠᠭᠠᠨ ᠤ ᠡᠪᠡᠷ ᠤᠨ ᠤᠭ ᠤᠨ ᠲᠠᠯ᠎ᠠ ᠪᠠᠷ ᠨᠢ ᠶᠠᠷ᠎ᠠ ᠲᠠᠢ ᠭᠠᠵᠠᠷ ᠢ ᠰᠠᠶᠢᠳᠤᠷ ᠬᠤᠰᠤᠭᠰᠠᠨ ᠤ ᠳᠠᠷᠠᠭ᠎ᠠ᠂ ᠪᠦᠭᠦᠯᠢ ᠳᠠᠪᠣᠰᠤ ᠶᠢ ᠬᠤᠶᠠᠷ ᠭᠤᠷᠪᠠᠨ ᠠᠳᠬᠤ ᠬᠢᠵᠤ ᠦᠭᠭᠦᠨ᠎ᠠ᠃ ᠡᠭᠦᠨ ᠤ ᠳᠠᠷᠠᠭ᠎ᠠ ᠬᠠᠯᠠᠭᠤ ᠶᠢ ᠳᠠᠷᠤᠬᠤ ᠡᠮ ᠢ ᠦᠭᠭᠦᠨ᠎ᠠ᠂ ᠴᠠᠭᠠᠨ ᠰᠢᠭᠢᠷ ᠬᠠᠭᠠᠰ ᠵᠢᠩ᠂ ᠰᠢᠷ᠎ᠠ ᠮᠤᠳᠤ 3 ᠯᠠᠩ ᠢ ᠤᠰᠤᠨ ᠳᠤ ᠬᠤᠯᠢᠵᠤ ᠴᠢᠳᠬᠤᠨ᠎ᠠ᠃ ᠪᠠᠰᠠ ᠬᠠᠭᠠᠰ ᠤᠭᠤᠲᠠ ᠰᠢᠩᠭᠡᠭᠡᠯᠲᠡ ᠶᠢᠨ ᠵᠢᠶᠠᠨ ᠸᠧᠢ ᠰᠠᠨ ︵健 胃散︶ ᠡᠪᠡᠰᠤᠨ ᠡᠮ ᠢ ᠤᠰᠤᠨ ᠳᠤ ᠬᠤᠯᠢᠵᠤ ᠴᠢᠳᠬᠤᠨ᠎ᠠ᠃  
 
ᠢᠷᠡᠯᠲᠡ᠄ ᠡᠵᠠᠨ᠎ᠠ ᠬᠤᠰᠢᠭᠤᠨ ᠤ ᠠᠷᠠᠳ ᠤᠨ ᠵᠠᠰᠠᠭ ᠤᠨ ᠤᠷᠲᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号