ᠮᠠᠯ ᠡᠮᠨᠡᠯᠬᠡ ᠵᠢᠴᠢ ᠮᠡᠯᠵᠢᠬᠤ ᠦᠢᠯᠡᠳᠪᠦᠷᠢᠯᠡᠯ ᠤᠨ ᠮᠡᠳᠡᠯᠬᠡ ᠲᠤᠷᠰᠢᠯᠭ᠎ᠠ ︵ᠨᠢᠭᠡ︶
ᠨᠡᠶᠢᠲᠡᠯᠡᠭᠰᠡᠨ ᠴᠠᠭ᠄
2021/9/14
    ᠪᠤᠭ ᠮᠠᠯ ᠢ ᠬᠠᠰᠢᠶᠠᠯᠠᠨ ᠲᠡᠵᠢᠬᠡᠬᠦ ᠰᠠᠶᠢᠨ ᠠᠷᠭ᠎ᠠ     ᠮᠠᠯ ᠢ ᠬᠠᠰᠢᠶᠠᠯᠠᠨ ᠲᠡᠵᠢᠬᠡᠬᠦ ᠦᠶ᠎ᠡ ᠳᠤ ᠵᠠᠪᠠᠯ ᠠᠩᠬᠠᠷᠬᠤ ᠬᠡᠳᠦᠨ ᠵᠦᠢᠯ ᠭᠡᠪᠠᠯ᠄     1. ᠬᠠᠰᠢᠶ᠎ᠠ ᠬᠦᠷᠢᠶᠡᠨ ᠤ ᠶᠡᠭᠡ ᠪᠠᠭ᠎ᠠ ᠶᠢ ᠮᠠᠯ ᠪᠦᠷᠢ ᠶᠢᠨ ᠡᠵᠡᠯᠡᠬᠦ ᠲᠡᠯᠡᠪᠡᠢ ᠨᠢ 0.8 — 1 ᠲᠡᠭᠰᠢ ᠲᠦᠷᠪᠡᠯᠵᠢᠨ ᠮᠧᠳ᠋ᠷ ᠤᠨ ᠪᠠᠷᠢᠮᠵᠢᠶ᠎ᠡ ᠪᠠᠷ ᠪᠡᠯᠡᠳᠬᠡᠵᠦ ᠪᠡᠷᠢᠨ ᠡᠬᠦᠨ ᠠᠴᠠ ᠠᠭᠤᠵᠢᠭᠤ ᠪᠤᠯ ᠨᠠᠩ ᠰᠠᠶᠢᠨ᠃ ᠮᠠᠯ ᠲᠡᠵᠢᠬᠡᠬᠦ ᠪᠡ ᠬᠤᠨᠤᠬᠤ ᠬᠠᠰᠢᠶ᠎ᠠ ᠶᠢ ᠠᠰ ᠠᠰ ᠲᠤᠨᠢ ᠪᠠᠯᠡᠳᠬᠡᠪᠡᠯ ᠰᠠᠶᠢᠨ ᠪᠠᠶᠢᠳᠠᠭ᠃     2. ᠮᠠᠯ ᠲᠡᠵᠢᠬᠡᠬᠦ ᠬᠠᠰᠢᠶᠠᠨ ᠳᠠᠭᠠᠨ ᠡᠪᠡᠰᠦ ᠲᠡᠵᠢᠬᠡᠬᠦ ᠤᠩᠭᠤᠴᠠ᠂ ᠤᠰᠤᠨ ᠤᠩᠭᠤᠴᠠ᠂ ᠪᠤᠷᠳᠤᠭᠠᠨ ᠤ ᠤᠩᠭᠤᠴᠠ ᠶᠢ ᠲᠤᠰ ᠲᠤᠰ ᠲᠤᠨᠢ ᠪᠡᠯᠡᠳᠬᠡᠵᠦ ᠲᠡᠯᠪᠢᠪᠡᠯ ᠡᠪᠡᠰᠦ ᠪᠤᠷᠳᠤᠭ᠎ᠠ ᠳᠤ ᠭᠠᠮᠳᠠᠢ ᠮᠦᠷᠳᠡᠬᠡᠨ ᠴᠡᠪᠡᠷᠬᠡᠨ ᠲᠤᠬᠢᠯᠢᠭ ᠲᠡᠵᠢᠬᠡᠵᠦ ᠴᠢᠳᠠᠳᠠᠭ᠃     3. ᠮᠠᠯ ᠲᠡᠵᠢᠬᠡᠬᠦ ᠬᠠᠰᠢᠶ᠎ᠠ ᠨᠢ ᠵᠠᠪᠠᠯ ᠰᠠᠷᠠᠪᠴᠢ ᠲᠠᠢ ᠪᠠᠶᠢᠪᠠᠯ ᠬᠦᠢᠳᠡᠨ ᠨᠦᠢᠳᠡᠨ ᠴᠠᠰᠦ ᠪᠤᠷᠤᠭᠠᠨ ᠲᠠᠢ ᠦᠶ᠎ᠡ ᠳᠤ ᠡᠪᠡᠰᠦ ᠲᠠᠵᠢᠬᠡᠯ ᠢᠶᠠᠨ ᠰᠦᠢᠳᠬᠡᠬᠦ ᠦᠬᠡᠢ ᠪᠠᠶᠢᠳᠠᠭ᠃     4. ᠮᠠᠯ ᠬᠤᠨᠤᠬᠤ ᠬᠠᠰᠢᠶ᠎ᠠ ᠶᠢ ᠵᠠᠳᠠᠭᠠᠢ ᠰᠠᠷᠠᠪᠴᠢ ᠦᠬᠡᠢ ᠪᠠᠷᠢᠬᠰᠠᠨ ᠴᠦ ᠪᠤᠯᠳᠠᠭ᠃ ᠨᠦᠬᠦᠴᠡᠯ ᠲᠠᠢ ᠪᠤᠯ ᠰᠠᠷᠠᠪᠴᠢ ᠲᠤᠬᠢᠷᠠᠭᠤᠯᠵᠦ ᠪᠤᠯᠤᠨ᠎ᠠ᠃ ᠶᠡᠷᠦᠳᠡᠬᠡᠨ ᠵᠠᠳᠠᠭᠠᠢ ᠬᠠᠰᠢᠶᠠᠨ ᠳᠤ ᠮᠠᠯ ᠬᠤᠨᠤᠬᠤ ᠳᠠᠭᠠᠨ ᠰᠢᠬᠠᠯᠳᠤᠵᠦ ᠪᠦᠬᠡᠮᠨᠡᠷᠡᠯᠳᠦᠬᠦ ᠦᠬᠡᠢ ᠰᠠᠶᠢᠨ ᠪᠠᠶᠢᠳᠠᠭ᠃     5. ᠬᠠᠰᠢᠶ᠎ᠠ ᠰᠠᠷᠠᠪᠴᠢ ᠪᠠᠨ ᠦᠷᠭᠦᠯᠵᠢ ᠠᠷᠢᠭᠤᠨ ᠴᠡᠪᠡᠷ ᠪᠠᠶᠢᠯᠭᠠᠵᠦ ᠮᠠᠯ ᠤᠨ ᠡᠷᠡᠬᠦᠯ ᠮᠡᠨᠳᠦ ᠶᠢ ᠪᠠᠳᠤᠯᠠᠬᠤ ᠬᠡᠷᠡᠭᠳᠡᠢ᠃     6. ᠮᠠᠯ ᠤᠨ ᠪᠦᠬᠡᠰᠦ ᠪᠠ ᠬᠠᠯᠠᠭᠤ ᠶᠢ ᠲᠠᠷᠤᠬᠤ ᠡᠮ ᠢ ᠪᠦᠷᠢᠨ ᠪᠠᠯᠡᠳᠬᠡᠬᠦ ᠬᠡᠷᠡᠭᠳᠡᠢ᠃ ᠶᠡᠷᠦ ᠶᠢᠨ ᠪᠡᠯᠡᠳᠬᠡᠬᠦ ᠡᠮ ᠳᠤ ᠴᠢᠤᠢ ᠴᠦᠡᠭ ᠸᠠᠩ᠂ ᠴᠢᠩ ᠹᠦ᠋ ᠱᠠᠨ᠂ ᠰᠢᠶᠤᠤ ᠬᠤᠸᠡᠩ ᠰᠡᠨ᠂ ᠵᠢᠶᠡᠨ ᠸᠧᠢ ᠰᠡᠨ᠃ ᠪᠦᠬᠡᠰᠦᠨ ᠤ ᠡᠮ ᠳᠤ᠂ ᠢ ᠸᠧᠢ ᠵᠢᠶᠦ᠋ᠨ ᠰᠥ᠂ ᠾᠸᠢ ᠮᠸᠢ ᠰᠥ ᠪᠠᠶᠢᠳᠠᠭ᠃    ᠲᠡᠵᠢᠬᠡᠵᠦ ᠪᠠᠶᠢᠭ᠎ᠠ ᠮᠠᠯ ᠳᠠᠭᠠᠨ ᠴᠠᠭᠠᠨ ᠰᠢᠬᠢᠷ ᠲᠠᠢ ᠤᠰᠤ ᠪᠤᠶᠤ ᠮᠠᠷᠭᠠᠨᠵᠠᠪ ᠲᠠᠢ ᠤᠰᠤ ᠪᠠᠷ ᠦᠷᠬᠦᠯᠵᠢ ᠤᠰᠤᠯᠠᠪᠠᠯ ᠮᠠᠯ ᠤᠨ ᠬᠦᠴᠦ ᠲᠠᠷᠭᠤ ᠠᠪᠬᠤ ᠨᠢ ᠲᠦᠷᠭᠡᠰᠴᠤ ᠪᠠᠷᠤᠬᠳᠠᠢ ᠳᠤ ᠡᠪᠡᠳᠴᠢᠨ ᠬᠠᠯᠳᠠᠬᠤ ᠦᠬᠡᠢ ᠪᠠᠶᠢᠳᠠᠭ᠃  
 
ᠢᠷᠡᠯᠲᠡ᠄ ᠡᠵᠡᠨ᠎ᠡ ᠬᠤᠰᠢᠭᠤᠨ ᠤ ᠠᠷᠠᠳ ᠤᠨ ᠵᠠᠰᠠᠭ ᠤᠨ ᠤᠷᠲᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号