ᠯᠣᠣ ᠷᠦᠩ ᡁᠢ ᠶᠢᠨ ᠬᠡᠷᠡᠭ ᠤᠨ ᠨᠢᠭᠡᠳᠦᠭᠡᠷ ᠰᠢᠭᠦᠯᠲᠡ᠄ ᠵᠣᠷᠢᠭᠤᠳᠠ  ᠬᠥᠮᠦᠨ ᠠᠯᠠᠭᠰᠠᠨ᠂ ᠳᠡᠭᠡᠷᠡᠮᠳᠡᠭᠰᠡᠨ᠂ ᠤᠤᠯᠭᠠᠯᠠᠭᠰᠠᠨ ᠭᠤᠷᠪᠠᠨ ᠶᠠᠯ᠎ᠠ ᠶᠢ  ᠨᠡᠶᠢᠯᠡᠭᠦᠯᠦᠨ ᠰᠢᠳᠬᠡᠵᠦ᠂ ᠠᠯᠠᠬᠤ ᠡᠷᠡᠭᠦᠦ ᠲᠤᠯᠭᠠᠪᠠ
ᠨᠡᠶᠢᠲᠡᠯᠡᠭᠰᠡᠨ ᠴᠠᠭ᠄
2021/9/13
      2021 ᠣᠨ ᠤ 9 ᠰᠠᠷ᠎ᠠ ᠶᠢᠨ  9 ᠤ  ᠡᠳᠦᠷ ᠤᠨ  ᠦᠳᠡ ᠶᠢᠨ  ᠡᠮᠦᠨ᠎ᠡ᠂  ᠵᠢᠶᠠᠩᠰᠢ  ᠮᠤᠵᠢ ᠶᠢᠨ  ᠨᠠᠨᠴᠠᠩ ᠬᠤᠲᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠤᠷᠢᠶ᠎ᠠ ᠵᠠᠭᠠᠯᠳᠤᠭᠳᠠᠭᠴᠢ ᠯᠤᠤ ᠷᠦᠩ ᡁᠢ ᠶᠢᠨ ᠵᠣᠷᠢᠭᠤᠳᠠ  ᠬᠥᠮᠦᠨ ᠠᠯᠠᠭᠰᠠᠨ᠂ ᠳᠡᠭᠡᠷᠡᠮᠳᠡᠭᠰᠡᠨ᠂ ᠤᠤᠯᠭᠠᠯᠠᠭᠰᠠᠨ ᠬᠡᠷᠡᠭ ᠤᠨ ᠨᠢᠭᠡᠳᠦᠭᠡᠷ  ᠰᠢᠭᠦᠯᠲᠡ ᠶᠢᠨ  ᠲᠠᠰᠤᠯᠤᠯᠲᠠ ᠶᠢ  ᠬᠠᠤᠯᠢ  ᠶᠣᠰᠣᠭᠠᠷ ᠢᠯᠡ ᠪᠠᠷ ᠵᠠᠷᠯᠠᠪᠠ᠃ ᠵᠠᠭᠠᠯᠳᠤᠭᠳᠠᠭᠴᠢ ᠯᠣᠣ ᠷᠦᠩ ᡁᠢ ᠶᠢᠨ ᠵᠣᠷᠢᠭᠤᠳᠠ ᠬᠥᠮᠦᠨ ᠠᠯᠠᠭᠰᠠᠨ ᠶᠠᠯ᠎ᠠ᠂ ᠳᠡᠭᠡᠷᠡᠮᠳᠡᠭᠰᠡᠨ  ᠶᠠᠯ᠎ᠠ᠂ ᠤᠤᠯᠭᠠᠯᠠᠭᠰᠠᠨ ᠶᠠᠯ᠎ᠠ ᠵᠡᠷᠭᠡ ᠬᠡᠳᠦᠨ ᠶᠠᠯ᠎ᠠ ᠶᠢ ᠨᠡᠶᠢᠯᠡᠭᠦᠯᠦᠨ ᠰᠢᠳᠬᠡᠵᠦ᠂ ᠠᠯᠠᠬᠤ ᠡᠷᠡᠭᠦᠦ  ᠲᠤᠯᠭᠠᠨ᠂  ᠤᠯᠤᠰ  ᠲᠦᠷᠦ ᠶᠢᠨ ᠡᠷᠬᠡ ᠶᠢ ᠨᠢ ᠨᠠᠰᠤᠨ ᠲᠤᠷᠰᠢ ᠳᠤᠨᠢ ᠬᠠᠰᠤᠬᠤ ᠪᠠᠷ ᠲᠣᠭᠲᠠᠭᠠᠵᠤ᠂ ᠬᠤᠪᠢ ᠬᠥᠮᠦᠨ ᠤ ᠪᠦᠬᠦ  ᠡᠳ᠋  ᠬᠦᠷᠦᠩᠭᠡ ᠶᠢ  ᠬᠤᠷᠢᠶᠠᠨ ᠠᠪᠬᠤ ᠪᠠᠷ ᠨᠡᠶᠢᠯᠡᠭᠦᠯᠦᠨ ᠰᠢᠳᠬᠡᠪᠡ᠃              ᠰᠢᠭᠦᠨ ᠪᠠᠶᠢᠴᠠᠭᠠᠵᠤ ᠳᠣᠲᠣᠯᠠᠭᠰᠠᠨ ᠢᠶᠠᠷ᠂ ᠵᠠᠭᠠᠯᠳᠤᠭᠳᠠᠭᠴᠢ ᠯᠤᠤ ᠷᠦᠩ ᡁᠢ ᠪᠣᠯᠤᠨ ᠹᠠ  ᠽᠢ  ᠶᠢᠩ  ︵ᠨᠢᠭᠡᠨᠲᠡ ᠤᠨᠳᠤᠤ ᠬᠡᠷᠡᠭ ᠢᠶᠠᠷ ᠰᠢᠭᠦᠨ ᠲᠡᠰᠦᠯᠪᠡ︶ ᠪᠣᠯ ᠠᠮᠠᠷᠠᠭ ᠬᠤᠤᠰ ᠤᠨ  ᠬᠠᠷᠢᠴᠠᠭ᠎ᠠ ᠲᠠᠢ᠃  1996  ᠣᠨ ᠠᠴᠠ  1999 ᠣᠨ ᠤ ᠬᠤᠭᠤᠷᠣᠨᠳᠣ᠂ ᠬᠤᠶᠠᠭᠤᠯᠠ ᠬᠤᠤᠪᠢᠯᠳᠤᠨ᠂ ᠯᠤᠤ ᠷᠦᠩ ᡁᠢ ᠵᠤᠭ᠎ᠠ ᠴᠡᠩᠭᠡᠯ ᠤᠨ ᠭᠠᠵᠠᠷ ᠲᠤ  ᠠᠰᠠᠷᠠᠨ  ᠰᠤᠪᠢᠯᠠᠬᠤ ᠦᠢᠯᠡᠴᠢᠯᠡᠭᠡ ᠬᠢᠵᠦ᠂ ᠬᠤᠣᠷ ᠬᠦᠷᠭᠡᠵᠦ ᠪᠣᠯᠬᠤ ᠡᠲᠡᠭᠡᠳ ᠡᠷᠢᠨ᠂ ᠹᠠ ᠽᠢ ᠶᠢᠩ ᠬᠦᠴᠦᠷᠬᠡᠭᠯᠡᠯ ᠶᠠᠪᠤᠭᠤᠯᠬᠤ ᠪᠠᠷ ᠠᠵᠢᠯ ᠢᠶᠠᠨ ᠬᠤᠪᠢᠶᠠᠷᠢᠯᠠᠵᠤ᠂ ᠤᠷᠢᠳ ᠬᠤᠵᠢᠳ ᠵᠢᠶᠠᠩᠰᠢ ᠮᠤᠵᠢ ᠶᠢᠨ ᠨᠠᠨᠴᠠᠩ  ᠬᠤᠲᠠ᠂  ᠵᠧᠵᠢᠶᠠᠩ  ᠮᠤᠵᠢ ᠶᠢᠨ  ᠸᠧᠨᠵᠸᠥ  ᠬᠤᠲᠠ᠂ ᠵᠢᠶᠠᠩᠰᠦ ᠮᠤᠵᠢ ᠶᠢᠨ ᠴᠠᠩᠵᠸᠦ ᠬᠤᠲᠠ᠂ ᠠᠨᠾᠦ᠋ᠢ ᠮᠤᠵᠢ ᠶᠢᠨ  ᠾᠧᠪᠧᠢ  ᠬᠤᠲᠠ ᠳᠤ  ᠳᠡᠭᠡᠷᠡᠮᠳᠡᠭᠰᠡᠨ᠂  ᠤᠤᠯᠭᠠᠯᠠᠭᠰᠠᠨ᠂ ᠵᠣᠷᠢᠭᠤᠳᠠ ᠬᠥᠮᠦᠨ ᠠᠯᠠᠭᠰᠠᠨ ᠬᠡᠷᠡᠭ ᠢ 4 ᠤᠳᠠᠭ᠎ᠠ ᠦᠢᠯᠡᠳᠴᠡᠢ᠃ ᠬᠡᠷᠡᠭ  ᠭᠠᠷᠤᠭᠰᠠᠨ ᠤ  ᠳᠠᠷᠠᠭ᠎ᠠ᠂  ᠯᠤᠤ  ᠷᠦᠩ  ᡁᠢ ︽ᠰᠢᠤᠸᠠᠢ ᠯᠢ︾ ᠵᠡᠷᠭᠡ ᠪᠤᠷᠤᠭᠤᠯᠠᠭᠰᠠᠨ ᠨᠡᠷ᠎ᠡ ᠪᠠᠷ ᠳᠤᠲᠠᠭᠠᠭᠰᠠᠨ ᠪᠥᠭᠡᠳ 2019  ᠣᠨ ᠤ  11  ᠰᠠᠷ᠎ᠠ ᠶᠢᠨ  28 ᠤ ᠡᠳᠦᠷ ᠳᠣᠲᠣᠭᠠᠳᠤ ᠶᠢ ᠬᠠᠮᠠᠭᠠᠯᠠᠬᠤ ᠠᠵᠢᠯᠲᠠᠨ ᠳᠤ ᠪᠠᠷᠢᠪᠴᠢᠯᠠᠭᠳᠠᠪᠠ᠃              ᠰᠢᠭᠦᠬᠦ ᠬᠤᠷᠢᠶ᠎ᠠ ᠰᠢᠭᠦᠨ ᠰᠢᠢᠳᠪᠦᠷᠢᠯᠡᠬᠦ ᠪᠠᠷ ᠳᠠᠮᠵᠢᠭᠠᠳ᠂  ᠵᠠᠭᠠᠯᠳᠤᠭᠳᠠᠭᠴᠢ  ᠯᠣᠣ  ᠷᠦᠩ  ᡁᠢ  ᠪᠤᠰᠤᠳ ᠲᠠᠢ ᠬᠠᠮᠲᠤᠷᠠᠨ ᠬᠤᠣᠷᠯᠠᠭᠳᠠᠭᠴᠢ ᠶᠢᠨ ᠠᠮᠢ ᠨᠠᠰᠤ ᠶᠢ ᠵᠣᠷᠢᠭᠤᠳᠠ ᠬᠠᠤᠯᠢ ᠪᠤᠰᠤ ᠪᠠᠷ ᠬᠦᠨᠦᠭᠡᠭᠰᠡᠨ  ᠪᠥᠭᠡᠳ  ᠲᠡᠭᠦᠨ ᠤ  ᠦᠢᠯᠡ ᠠᠵᠢᠯᠯᠠᠭ᠎ᠠ ᠨᠢ ᠨᠢᠭᠡᠨᠲᠡ ᠵᠣᠷᠢᠭᠤᠳᠠ ᠬᠥᠮᠦᠨ ᠠᠯᠠᠭᠰᠠᠨ ᠶᠠᠯ᠎ᠠ ᠪᠤᠯᠵᠤ ᠪᠦᠷᠢᠯᠳᠦᠪᠡ ᠭᠡᠵᠦ  ᠦᠵᠡᠪᠡ︔  ᠬᠠᠤᠯᠢ  ᠪᠤᠰᠤ ᠪᠠᠷ ᠡᠵᠡᠯᠡᠬᠦ ᠪᠠᠷ ᠵᠣᠷᠢᠯᠭ᠎ᠠ ᠪᠣᠯᠭᠠᠵᠤ᠂ ᠬᠦᠴᠦᠷᠬᠡᠭᠯᠡᠯ᠂ ᠰᠦᠷᠳᠡᠭᠦᠯᠦᠯ ᠤᠨ  ᠠᠷᠭ᠎ᠠ  ᠪᠠᠷᠢᠯ ᠢᠶᠠᠷ  ᠬᠤᠣᠷᠯᠠᠭᠳᠠᠭᠴᠢ ᠶᠢᠨ  ᠵᠣᠭᠤᠰ ᠮᠥᠩᠭᠦ ᠡᠳ᠋ ᠪᠣᠳᠠᠰ ᠢ ᠳᠡᠭᠡᠷᠡᠮᠳᠡᠭᠰᠡᠨ ᠦᠢᠯᠡ  ᠠᠵᠢᠯᠯᠠᠭ᠎ᠠ ᠨᠢ  ᠨᠢᠭᠡᠨᠲᠡ  ᠳᠡᠭᠡᠷᠡᠮᠳᠡᠭᠰᠡᠨ  ᠶᠠᠯ᠎ᠠ  ᠪᠤᠯᠵᠤ  ᠪᠦᠷᠢᠯᠳᠦᠵᠡᠢ︔ ᠵᠣᠭᠤᠰ ᠮᠥᠩᠭᠦ ᠡᠳ᠋ ᠪᠣᠳᠠᠰ ᠬᠢᠬᠠᠨ ᠠᠪᠬᠤ ᠵᠣᠷᠢᠯᠭ᠎ᠠ ᠪᠠᠷ  ᠬᠤᠣᠷᠯᠠᠭᠳᠠᠭᠴᠢ ᠶᠢ  ᠤᠤᠯᠭᠠᠯᠠᠭᠰᠠᠨ  ᠦᠢᠯᠡ  ᠠᠵᠢᠯᠯᠠᠭ᠎ᠠ ᠨᠢ ᠨᠢᠭᠡᠨᠲᠡ ᠤᠤᠯᠭᠠᠯᠠᠭᠰᠠᠨ ᠶᠠᠯ᠎ᠠ ᠪᠤᠯᠵᠤ ᠪᠦᠷᠢᠯᠳᠦᠪᠡ᠃ ᠯᠣᠣ ᠷᠦᠡᠭ ᡁᠢ ᠪᠣᠰᠣᠳ ᠲᠠᠢ  ᠬᠠᠮᠲᠤ ᠪᠠᠷ  ᠶᠠᠯ᠎ᠠ  ᠬᠢᠬᠦ  ᠳᠤᠮᠳᠠ ᠭᠤᠣᠯ  ᠦᠢᠯᠡᠳᠦᠯ  ᠦᠵᠡᠭᠦᠯᠵᠦ᠂  ᠭᠤᠣᠯ  ᠭᠡᠷᠡᠭᠳᠡᠠ  ᠪᠣᠯᠬᠤ  ᠲᠤᠯᠠ  ᠲᠡᠭᠦᠨ ᠤ  ᠣᠷᠣᠯᠴᠠᠭᠰᠠᠨ  ᠪᠦᠬᠦ  ᠶᠠᠯ᠎ᠠ ᠶᠢ ᠨᠢ ᠦᠨᠳᠦᠰᠦᠯᠡᠵᠦ ᠰᠢᠳᠬᠡᠬᠦ ᠬᠡᠷᠡᠭᠲᠡᠢ᠃ ᠯᠣᠣ ᠷᠦᠡᠭ ᡁᠢ  ᠪᠠᠷᠢᠭᠳᠠᠭᠰᠠᠨ ᠤ ᠪᠠᠨ  ᠲᠡᠷᠠᠭ᠎ᠠ᠂  ᠴᠠᠩᠵᠸᠦ ᠳᠤ  ᠤᠤᠯᠭᠠᠯᠠᠭᠰᠠᠨ ᠬᠡᠷᠡᠭ ᠢᠶᠠᠨ ᠦᠨᠡᠨ ᠢᠶᠠᠷ ᠨᠢ ᠥᠴᠢᠭᠯᠡᠭᠰᠡᠨ ᠪᠣᠳᠠᠲᠤ ᠬᠡᠷᠡᠭ ᠨᠢ ᠬᠡᠷᠡᠭ ᠢᠶᠠᠨ ᠴᠠᠭᠠᠪᠤᠷᠯᠠᠭᠰᠠᠨ ᠳᠤ  ᠲᠣᠭᠠᠴᠠᠭᠳᠠᠨ᠎ᠠ᠃  ᠯᠤᠤ ᠷᠦᠩ ᡁᠢ ᠵᠣᠷᠢᠭᠤᠳᠠ ᠬᠥᠮᠦᠨ ᠠᠯᠠᠵᠤ ᠲᠠᠪᠤᠨ ᠬᠥᠮᠦᠨ ᠢ ᠦᠬᠦᠭᠦᠯᠪᠡ︔ ᠳᠡᠭᠡᠷᠡᠮᠳᠡᠭᠰᠡᠨ ᠠᠴᠠ  ᠪᠤᠯᠵᠤ  ᠨᠢᠭᠡ  ᠬᠥᠮᠦᠨ ᠢ ᠦᠬᠦᠭᠦᠯᠦᠭᠰᠡᠨ ᠢᠶᠠᠷ ᠪᠠᠷᠠᠬᠤ ᠦᠭᠡᠢ᠂ ᠳᠡᠭᠡᠷᠡᠮᠳᠡᠭᠰᠡᠨ ᠲᠤᠭ᠎ᠠ ᠬᠡᠮᠵᠢᠶ᠎ᠡ ᠨᠢ ᠯᠤᠲᠤ ᠶᠡᠭᠡ ᠪᠥᠭᠡᠳ ᠭᠡᠷ ᠡᠷᠦᠭᠡ ᠳᠤ  ᠣᠷᠣᠵᠤ ᠳᠡᠭᠡᠷᠡᠮᠳᠡᠭᠰᠡᠨ ᠦᠢᠯᠡ ᠪᠠᠶᠢᠳᠠᠯ ᠲᠠᠢ︔ ᠤᠤᠯᠭᠠᠯᠠᠭᠠᠳ ᠨᠢᠭᠡ ᠬᠥᠮᠦᠨ ᠢ  ᠦᠬᠦᠭᠦᠯᠵᠦ᠂  ᠬᠢᠬᠠᠨ  ᠠᠪᠤᠭᠰᠠᠨ  ᠵᠣᠯᠢᠶᠠᠨ ᠤ ᠮᠥᠩᠭᠦ ᠨᠢ 7 ᠲᠦᠮᠡ ᠭᠠᠷᠤᠢ ᠲᠥᠭᠦᠷᠢᠭ ᠲᠤ ᠬᠦᠷᠴᠦ᠂ ᠶᠠᠯ᠎ᠠ ᠬᠢᠭᠰᠡᠨ ᠦᠢᠯᠡ ᠪᠠᠶᠢᠳᠠᠯ ᠨᠢ ᠣᠨᠴᠠᠭᠠᠢ ᠬᠠᠷ᠎ᠠ  ᠬᠤᠣᠷᠲᠠᠢ᠂ ᠠᠷᠭ᠎ᠠ ᠪᠠᠷᠢᠯ ᠨᠢ ᠣᠨᠴᠠᠭᠠᠢ ᠬᠠᠷᠭᠢᠰ ᠬᠡᠷᠴᠡᠭᠡᠢ᠂ ᠪᠡᠶᠡᠴᠢ ᠬᠤᠣᠷᠲᠤ ᠴᠢᠨᠠᠷ ᠨᠢ  ᠲᠦᠢᠯ ᠤᠨ  ᠶᠡᠭᠡ᠂  ᠬᠥᠮᠦᠨ ᠤ  ᠪᠡᠶ᠎ᠡ ᠳᠤ ᠠᠶᠤᠯ ᠬᠥᠨᠥᠭᠡᠯ ᠤᠴᠠᠷᠠᠭᠤᠯᠬᠤ ᠴᠢᠨᠠᠷ ᠪᠠ ᠨᠡᠶᠢᠭᠡᠮ ᠳᠤ ᠤᠴᠠᠷᠠᠭᠤᠯᠬᠤ ᠬᠤᠣᠷ ᠬᠥᠨᠥᠭᠡᠯᠲᠦ ᠴᠢᠨᠠᠷ ᠢᠶᠠᠷ ᠲᠦᠢᠯ ᠤᠨ  ᠶᠡᠭᠡ᠂ ᠦᠷ᠎ᠡ ᠤᠷᠰᠢᠭ ᠪᠠ ᠶᠠᠯᠠᠲᠤ ᠠᠵᠢᠯᠯᠠᠭ᠎ᠠ ᠨᠢ ᠲᠦᠢᠯ ᠤᠨ ᠬᠦᠨᠳᠦ ᠨᠣᠴᠢᠲᠠᠢ ᠪᠣᠯᠬᠤᠷ ᠬᠠᠤᠯᠢ  ᠶᠣᠰᠣᠭᠠᠷ  ᠶᠠᠯᠠᠯᠠᠨ  ᠰᠢᠳᠬᠡᠬᠦ ᠬᠡᠷᠡᠭᠲᠡᠢ᠃ ᠬᠡᠳᠦ᠋ᠢᠪᠡᠷ ᠴᠠᠭᠠᠪᠤᠷᠢᠯᠠᠭᠰᠠᠨ ᠦᠢᠯᠡ ᠪᠠᠶᠢᠳᠠᠯ ᠲᠠᠢ ᠪᠣᠯᠪᠠᠴᠤ ᠬᠦᠩᠭᠡᠨ ᠢᠶᠠᠷ ᠰᠢᠳᠬᠡᠵᠦ ᠪᠣᠯᠬᠤ ᠦᠭᠡᠢ᠃  ᠯᠣᠣ ᠷᠦᠩ ᡁᠢ ᠣᠯᠠᠨ ᠶᠠᠯ᠎ᠠ  ᠬᠢᠭᠰᠡᠨ ᠠᠴᠠ  ᠬᠠᠤᠯᠢ  ᠶᠣᠰᠣᠭᠠᠷ  ᠨᠡᠶᠢᠯᠡᠭᠦᠯᠦᠨ  ᠰᠢᠳᠬᠡᠬᠦ  ᠬᠡᠷᠡᠭᠲᠡᠢ᠃  ᠢᠩᠭᠢᠭᠡᠳ  ᠳᠡᠭᠡᠷ᠎ᠡ ᠳᠤᠷᠠᠳᠤᠭᠰᠠᠨ ᠲᠠᠰᠤᠯᠤᠯᠲᠠ ᠶᠢ ᠭᠠᠷᠭᠠᠪᠠ᠃              ᠨᠢᠭᠡᠳᠦᠭᠡᠷ ᠰᠢᠭᠦᠯᠲᠡ ᠶᠢᠨ ᠲᠠᠰᠤᠯᠤᠯᠲᠠ ᠶᠢ ᠨᠡᠶᠢᠲᠡᠯᠡᠭᠰᠡᠨ ᠤ ᠳᠠᠷᠠᠭ᠎ᠠ ᠵᠠᠭᠠᠯᠳᠤᠭᠳᠠᠭᠴᠢ ᠯᠤᠤ ᠷᠦᠩ ᡁᠢ ᠳᠡᠭᠡᠭᠰᠢ ᠵᠠᠭᠠᠯᠳᠤᠬᠤ ᠪᠠᠨ ᠢᠯᠡᠳᠬᠡᠪᠡ᠃              ᠵᠠᠭᠠᠯᠳᠤᠭᠳᠠᠭᠴᠢ ᠶᠢᠨ ᠲᠥᠷᠥᠯ ᠰᠠᠳᠤᠨ᠂ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ  ᠲᠥᠯᠥᠭᠡᠯᠡᠭᠴᠢ᠂ ᠤᠯᠤᠰ ᠲᠥᠷᠥ ᠶᠢᠨ  ᠵᠥᠪᠯᠡᠯᠭᠡᠨ ᠤ  ᠭᠡᠰᠢᠭᠦᠨ᠂  ᠵᠠᠭᠤᠴᠢᠯᠠᠭᠤᠷ ᠤᠨ  ᠰᠤᠷᠪᠤᠯᠵᠢᠯᠠᠭᠴᠢ  ᠵᠢᠴᠢ  ᠬᠡᠰᠡᠭ  ᠣᠯᠠᠨ  ᠲᠦᠮᠡᠨ ᠲᠠᠰᠤᠯᠤᠯᠲᠠ ᠶᠢ ᠰᠤᠯᠠ ᠰᠣᠨᠣᠰᠪᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号