ᠡᠷᠳᠡᠨᠢᠪᠡᠶᠠᠷ ᠭᠤᠸᠠᠢ ᠪᠤᠯ ᠨᠠᠰᠦᠨ ᠰᠡᠭᠦᠳᠡᠷ ᠲᠡᠯᠡᠨ ᠲᠠᠪᠤ ᠭᠦᠷᠦᠭᠰᠡᠨ ᠬᠠᠷᠠᠭ᠎ᠠ ᠦᠭᠡᠢ ᠭᠦᠮᠦᠨ ᠶᠤᠮ᠃ | ᠬᠡᠬᠦ ᠳᠡᠭᠡᠨ ᠨᠠᠰᠤᠳᠠᠨ ᠭᠤᠸᠠᠢ ᠳᠦᠪ ᠤᠨ ᠷᠠᠳᠢᠤ᠋ ᠬᠤᠷᠢᠶᠠᠨ ᠤ ᠬᠠᠷᠢᠯᠴᠠᠬᠤ ᠣᠳᠠᠰᠣ᠂ ᠬᠦᠭᠡᠨᠠᠭᠤᠷ ᠤᠨ | ᠴᠠᠶᠢᠳᠠᠮ ᠤᠨ ᠰᠣᠨᠢᠨ ᠤ ᠬᠤᠷᠢᠶᠠᠨ ᠤ ᠰᠣᠷᠪᠣᠯᠵᠢᠯᠠᠭᠴᠢ ᠶᠢᠨ ᠣᠳᠠᠰᠣ ᠬᠡᠳ ᠷᠠᠳᠢᠤ᠋ ᠠᠴᠠ ᠰᠤᠨᠤᠰᠤᠬᠰᠠᠨ | ᠤᠳᠠᠰᠤᠨ ᠤ ᠨᠤᠮᠧᠷ ᠪᠡ ᠣᠶᠢᠷ᠎ᠠ ᠬᠠᠪᠢ ᠶᠢᠨ ᠨᠣᠳᠤᠭ ᠣᠰᠣᠨ ᠤ ᠪᠠᠨ ᠳᠠᠨᠢᠯ ᠳᠠᠰᠣᠯ᠂ ᠰᠠᠳᠣᠨ | ᠳᠦᠷᠦᠯ ᠤᠨ ᠢᠶᠠᠨ ᠤᠳᠠᠰᠤ ᠵᠡᠷᠬᠡ ᠨᠡᠶᠢᠳᠡ 500 ᠭᠠᠷᠦᠢ ᠤᠳᠠᠰᠤᠨ ᠤ ᠨᠤᠮᠧᠷ ᠢ ᠴᠡᠬᠡᠵᠢᠯᠡᠵᠦ ᠪᠠᠶᠢᠳᠠᠭ ᠠᠵᠢ᠃ | ᠶᠡᠷᠤᠨᠢ ᠲᠡᠷᠡ ᠨᠢᠭᠡ ᠣᠳᠠᠭ᠎ᠠ ᠰᠤᠨᠤᠰᠤᠭᠠᠳ ᠯᠡ ᠴᠡᠬᠡᠵᠢᠨ ᠳᠡᠭᠡᠨ ᠳᠣᠭᠳᠠᠭᠠᠴᠢᠬᠠᠳᠠᠭ ᠤᠢ ᠳᠤᠭᠳᠠᠭᠠᠮᠵᠢ ᠲᠠᠢ | ᠪᠤᠯᠬᠤᠷ ᠬᠦᠮᠦᠰ ᠶᠡᠭᠡ ᠬᠠᠴᠢᠷᠬᠠᠵᠦ ᠰᠤᠨᠢᠭᠤᠴᠢᠯᠠᠳᠠᠭ ᠶᠤᠮᠰᠠᠨ᠃ | ᠡᠷᠳᠡᠨᠢᠪᠠᠶᠠᠷ ᠭᠤᠸᠠᠢ ᠠᠯᠠᠱᠠ ᠵᠡᠬᠦᠨ ᠬᠤᠰᠢᠭᠤᠨ ᠤ ᠴᠤᠭᠳᠤᠬᠦ᠋ᠷᠢᠶ᠎ᠡ ᠰᠤᠮᠤᠨ ᠤ ᠵᠠᠭᠳᠤ ᠭᠠᠴᠠᠭᠠᠨ ᠤ | ᠮᠠᠯᠴᠢᠨ᠃ ᠳᠡᠷᠡᠪᠡᠷ ᠬᠠᠷᠠᠭ᠎ᠠ ᠪᠠᠨ ᠠᠯᠳᠠᠭᠠᠳ ᠨᠢᠭᠡᠨᠳᠡ 21 ᠵᠢᠯ ᠤᠨ ᠨᠢᠭᠤᠷ ᠢ ᠦᠵᠡᠵᠣ ᠪᠣᠢ᠃ ᠲᠡᠷᠡ | ᠤᠤᠯ ᠤᠨ ᠪᠠᠷᠠᠭᠤᠨ ᠪᠡᠯ ᠪᠠᠯᠭᠠᠰᠤᠨ ᠤ ᠬᠦᠪᠡᠭᠡᠨᠠᠮᠤᠭ ᠭᠠᠴᠠᠭᠠᠨ ᠤ ᠬᠦᠮᠦᠨ᠂ ᠬᠤᠷᠢᠨ ᠬᠡᠳᠦᠳᠡᠢ ᠪᠠᠶᠢᠬᠤ ᠳᠠᠭᠠᠨ | ᠴᠤᠭᠳᠤᠬᠦ᠋ᠷᠢᠶ᠎ᠡ ᠰᠤᠮᠤᠨ ᠤ ᠵᠠᠭᠳᠤ ᠭᠠᠴᠠᠭᠠᠨ ᠳᠤ ᠬᠦᠷᠭᠡᠨ ᠢᠶᠠᠷ ᠤᠴᠢᠭᠰᠠᠨ ᠠᠴᠠ ᠬᠤᠶᠢᠰᠢ ᠮᠤᠳᠤᠨ ᠨᠠᠭᠤᠷᠳᠤ | ᠬᠡᠮᠡᠬᠦ ᠰᠠᠭᠤᠷᠢᠰᠢᠯ ᠳᠤ ᠮᠠᠯ ᠮᠠᠯᠵᠢᠭᠠᠳ ᠲᠠᠪᠢᠭᠠᠳ ᠵᠢᠯ ᠤᠨ ᠨᠢᠭᠤᠷ ᠦᠵᠡᠵᠡᠢ᠃ 55 ᠨᠠᠰᠤᠳᠠᠢ ᠪᠠᠶᠢᠬᠤ ᠳᠠᠭᠠᠨ | ᠵᠤᠯ ᠪᠤᠰᠤ ᠪᠠᠷ ᠴᠠᠭᠠᠨ ᠬᠠᠷᠠᠩ᠂ ᠤᠶᠢᠷ᠎ᠠ ᠬᠠᠷᠠᠭ᠎ᠠ᠂ ᠨᠢᠳᠦᠨ ᠤ ᠬᠠᠯᠳᠠᠰᠤᠨ ᠤ ᠬᠡᠮᠳᠦᠯ ᠵᠡᠷᠭᠡ ᠤᠯᠠᠨ | ᠲᠦᠷᠦᠯ ᠤᠨ ᠡᠪᠡᠳᠴᠢᠨ ᠳᠤ ᠨᠡᠷᠪᠡᠭᠳᠡᠭᠰᠡᠨ ᠠᠴᠠ ᠪᠤᠯᠵᠦ ᠬᠠᠷᠠᠭ᠎ᠠ ᠪᠠᠨ ᠠᠯᠳᠠᠵᠦ᠂ ᠡᠮᠴᠢᠯᠡᠭᠡᠨ ᠠᠴᠠ ᠲᠠᠬᠢᠵᠦ | ᠡᠳᠡᠭᠡᠷᠡᠬᠦ ᠪᠤᠯᠤᠮᠵᠢ ᠦᠭᠡᠢ ᠬᠡᠰᠡᠨ ᠲᠤᠳᠤᠯᠠᠯᠳᠠ ᠤᠯᠤᠬᠰᠠᠨ ᠪᠠᠶᠢᠨ᠎ᠠ᠃ ᠠᠮᠢᠳᠤᠷᠠᠯ ᠤᠨ ᠡᠷᠢᠶᠡᠨ ᠪᠠᠷᠠᠭᠠᠨ ᠢ | ᠦᠵᠡᠵᠦ ᠲᠤᠭᠤᠯᠤᠭᠰᠠᠨ ᠬᠦᠮᠦᠨ ᠳᠤ ᠠᠯᠠᠭ ᠬᠤᠷᠸ᠎ᠠ ᠶᠢ ᠲᠠᠬᠢᠵᠦ ᠬᠠᠷᠠᠬᠤ ᠡᠷᠬᠡ ᠦᠭᠡᠢ ᠬᠡᠰᠡᠨ ᠵᠠᠷᠯᠢᠭ | ᠲᠤᠩᠬᠠᠭᠯᠠᠬᠤ ᠨᠢ ᠬᠡᠳᠦᠢ ᠴᠤ ᠬᠠᠷᠠᠰᠠᠯᠳᠠᠢ ᠤᠴᠢᠷ ᠠᠵᠢ᠃ ᠬᠡᠳᠡᠯ᠎ᠡ ᠡᠷᠳᠡᠨᠢᠪᠠᠶᠠᠷ ᠨᠠᠰᠤᠳᠠᠨ ᠠᠮᠢᠳᠤᠷᠠᠯ ᠤᠨ | ᠬᠠᠷᠠᠩᠭᠤᠢ ᠳᠤ ᠰᠡᠳᠬᠢᠯ ᠢᠶᠠᠷ ᠤᠨᠠᠭᠰᠠᠨ ᠦᠭᠡᠢ᠂ ᠠᠮᠢᠳᠣᠷᠠᠯ ᠠᠬᠤᠢ ᠳᠠᠭᠠᠨ ᠰᠡᠳᠬᠢᠯ ᠳᠠᠯᠪᠢᠭᠰᠠᠭᠠᠷ ᠢᠷᠡᠵᠡᠢ᠃ | | | | | | | ᠬᠠᠷᠠᠭ᠎ᠠ ᠦᠭᠡᠢ ᠬᠦᠮᠣᠰ ᠪᠣᠯ ᠰᠣᠨᠣᠰᠬᠤ ᠡᠷᠭᠡᠳᠡᠨ᠂ ᠬᠦᠷᠦᠯᠴᠡᠬᠦ ᠡᠷᠭᠡᠳᠡᠨ ᠬᠤᠶᠠᠷ ᠢᠶᠠᠷ ᠢᠶᠠᠨ ᠠᠯᠢᠪᠠ | ᠭᠠᠳᠠᠭᠠᠳᠣ ᠣᠷᠴᠢᠨ ᠢ ᠮᠡᠳᠡᠷᠡᠵᠣ ᠪᠠᠶᠢᠳᠠᠭ ᠭᠡᠳᠡᠭ᠃ ᠬᠠᠷᠠᠭ᠎ᠠ ᠦᠭᠡᠢ ᠪᠠᠶᠢᠬᠤ ᠶᠢᠨ ᠵᠣᠪᠠᠯᠠᠩ ᠢ ᠳᠣᠭᠤᠯᠵᠣ | ᠢᠷᠡᠭᠰᠡᠨ ᠳᠡᠬᠦᠨ ᠳᠤ ᠪᠢᠯᠢᠭ ᠤᠨ ᠬᠠᠷᠠᠭ᠎ᠠ ᠪᠠᠨ ᠰᠠᠨᠠᠮᠰᠠᠷ ᠦᠭᠡᠢ ᠬᠦᠭᠵᠢᠬᠦᠯᠦᠭᠰᠡᠨ ᠨᠢ ᠬᠤᠪᠢ ᠬᠦᠮᠣᠨ ᠤ | ᠬᠦᠮᠣᠵᠢᠯ ᠪᠣᠯᠪᠠᠰᠣᠷᠠᠯ ᠵᠡᠷᠭᠡ ᠳᠤᠨᠢ ᠬᠤᠯᠪᠣᠭ᠎ᠠ ᠲᠠᠢ ᠪᠠᠶᠢᠬ᠎ᠠ᠃ ᠡᠷᠳᠡᠨᠢᠪᠠᠶᠠᠷ ᠬᠠᠷᠠᠭ᠎ᠠ ᠦᠭᠡᠢ ᠶᠠᠪᠣᠭᠰᠠᠨ | ᠡᠴᠢᠨᠡᠨ ᠵᠢᠯ ᠤᠨ ᠳᠣᠷᠰᠢᠳᠠ ᠷᠠᠳᠢᠤ᠋ ᠰᠣᠨᠣᠰᠬᠤ᠂ ᠲᠠᠭᠤᠤ ᠰᠤᠨᠤᠰᠬᠤ᠂ ᠨᠤᠮ ᠣᠩᠰᠢᠭᠤᠯᠵᠣ ᠰᠣᠨᠣᠰᠬᠤ | ᠵᠡᠷᠭᠡ ᠪᠠᠷ ᠳᠠᠮᠵᠢᠨ ᠮᠡᠳᠡᠯᠭᠡ ᠮᠡᠳᠡᠭᠡᠯᠡᠯ᠂ ᠣᠷᠠᠨ ᠵᠣᠬᠢᠶᠠᠯ ᠢᠶᠠᠷ ᠠᠮᠢᠳᠤᠷᠠᠯ ᠢᠶᠠᠨ ᠪᠠᠶᠠᠯᠢᠭᠵᠢᠭᠤᠯᠣᠨ᠂ | ᠰᠡᠳᠬᠢᠯ ᠤᠨ ᠶᠢᠷᠳᠢᠨᠴᠦ ᠪᠠᠨ ᠬᠡᠷᠡᠯᠳᠦᠭᠦᠯᠦᠭᠰᠡᠭᠡᠷ ᠢᠷᠡᠵᠡᠢ᠃ ᠳᠡᠶᠢᠨᠬᠦ ᠬᠠᠷᠠᠭ᠎ᠠ ᠮᠠᠭᠤ ᠠᠴᠠ ᠴᠡᠭᠡᠵᠢᠯᠡᠬᠦ | ᠴᠢᠳᠠᠪᠣᠷᠢ ᠨᠢ ᠣᠨᠴᠠᠭᠠᠢ ᠰᠠᠶᠢᠨ ᠪᠠᠶᠢᠵᠣ᠂ ᠨᠡᠩ ᠢᠯᠡᠬᠦᠣ ᠳᠣᠭᠠᠨ ᠤ ᠳᠠᠯ᠎ᠠ ᠪᠠᠷ ᠴᠡᠭᠡᠵᠢᠯᠡᠬᠦ ᠳᠡᠭᠡᠨ ᠰᠠᠶᠢᠨ᠂ | ᠬᠠᠮᠢᠭ᠎ᠠ ᠶᠠᠮᠠᠷ ᠬᠦᠮᠣᠨ ᠤ ᠣᠳᠠᠰᠣᠨ ᠨᠣᠮᠧᠷ ᠢ ᠨᠢᠭᠡ ᠯᠠ ᠣᠳᠠᠭ᠎ᠠ ᠰᠣᠨᠣᠰᠣᠭᠠᠳ ᠴᠡᠭᠡᠵᠢᠯᠡᠴᠢᠭᠡᠳᠡᠭ ᠪᠤᠯᠪᠠ᠃ | ︽ᠬᠠᠮᠤᠭ ᠠᠩᠬ᠎ᠠ ᠨᠢ ᠠᠯᠪᠠ ᠪᠠᠷ ᠣᠳᠠᠰᠣᠨ ᠨᠣᠮᠧᠷ ᠴᠡᠭᠡᠵᠢᠯᠡᠵᠣ ᠪᠠᠶᠢᠭᠰᠠᠨ ᠢᠶᠠᠨ ᠰᠡᠬᠦᠯᠡᠷ ᠨᠢ ᠴᠡᠭᠡᠵᠢᠯᠡᠬᠦ | ᠳᠣᠰᠣᠮ ᠢᠶᠠᠨ ᠰᠦᠷᠡᠭᠡᠢ ᠪᠣᠯᠵᠣ ᠢᠷᠡᠭᠰᠡᠨ᠃ ᠬᠠᠮᠤᠭ ᠰᠠᠶᠢᠨ ᠦᠶ᠎ᠡ ᠳᠤ 1000 ᠭᠠᠷᠦᠢ ᠨᠣᠮᠧᠷ ᠴᠡᠭᠡᠵᠢᠯᠡᠵᠣ | ᠪᠠᠶᠢᠭᠰᠠᠨ ᠶᠤᠮ᠂ ᠣᠳᠣ ᠴᠡᠭᠡᠵᠢᠯᠡᠬᠦ ᠪᠠᠨ ᠪᠣᠯᠢᠭᠠᠳ 500 ᠭᠠᠷᠦᠢ ᠣᠳᠠᠰᠣᠨ ᠨᠣᠮᠧᠷ ᠴᠡᠭᠡᠵᠢᠨ ᠳᠤ ᠬᠤᠴᠣᠷᠴᠠᠢ | ︾ ᠭᠡᠵᠣ ᠡᠷᠳᠡᠨᠢᠪᠠᠶᠠᠷ ᠨᠠᠰᠣᠳᠠᠨ ᠶᠠᠷᠢᠨ᠎ᠠ᠃ ᠳᠡᠷᠡᠪᠡᠷ ᠰᠢᠷᠡᠬᠦ᠋ᠳᠡᠭᠡ᠂ ᠬᠠᠷᠮᠠᠭᠳᠠᠢ᠂ ᠴᠠᠯᠠᠭᠠᠷ ᠵᠡᠷᠭᠡ ᠣᠶᠢᠷ᠎ᠠ | ᠬᠠᠪᠢ ᠶᠢᠨ ᠳᠠᠨᠢᠯ ᠬᠦᠮᠣᠰ ᠤᠨ ᠢᠶᠠᠨ ᠣᠳᠠᠰᠣᠨ ᠨᠣᠮᠧᠷ ᠢ ᠪᠦᠬᠦᠨ ᠢ ᠮᠡᠳᠡᠵᠣ ᠪᠠᠶᠢᠳᠠᠭ ᠢᠶᠠᠷ ᠢᠶᠠᠨ ᠪᠠᠶᠢᠩᠭᠤ | ᠣᠳᠠᠰᠣ ᠠᠪᠴᠣ ᠬᠦᠭᠡᠷᠦᠯᠳᠣᠨ᠂ ᠨᠣᠳᠤᠭ ᠣᠰᠣᠨ ᠤ ᠪᠠᠨ ᠰᠣᠷᠠᠭ ᠵᠠᠩᠭᠢ᠂ ᠭᠠᠳᠠᠨ᠎ᠠ ᠳᠣᠳᠣᠨ᠎ᠠ ᠪᠣᠯᠵᠣ ᠪᠠᠶᠢᠭ᠎ᠠ | ᠣᠴᠢᠷ ᠶᠠᠪᠣᠳᠠᠯ ᠢ ᠠᠰᠠᠭᠤᠵᠣ ᠶᠠᠷᠢᠯᠴᠠᠳᠠᠭ ᠪᠠᠶᠢᠯ᠎ᠠ᠃ | ᠡᠷᠳᠡᠨᠢᠪᠠᠶᠠᠷ ᠬᠠᠷᠠᠭ᠎ᠠ ᠪᠠᠨ ᠠᠯᠳᠠᠭᠰᠠᠨ ᠠᠴᠠ ᠬᠤᠶᠢᠰᠢ ᠶᠠᠭ ᠭᠡᠷ ᠲᠡᠭᠡᠨ ᠰᠠᠭᠤᠴᠢᠬᠠᠭᠰᠠᠨ ᠦᠭᠡᠢ᠂ ᠠᠯᠢ | ᠪᠣᠯᠬᠤ ᠪᠠᠷ ᠪᠡᠶ᠎ᠡ ᠪᠠᠨ ᠳᠠᠭᠠᠭᠠᠬᠤ ᠶᠢ ᠰᠣᠷᠴᠣ᠂ ᠣᠯᠠᠭᠠᠨ ᠭᠤᠶᠣᠣ ᠮᠠᠯᠳᠠᠬᠤ᠂ ᠬᠤᠨᠢ ᠬᠠᠶᠢᠴᠢᠯᠠᠬᠤ᠂ | ᠵᠡᠷᠭᠡᠯᠡᠳᠡᠭᠡ ᠠᠶᠢᠯ ᠳᠠᠭᠠᠨ ᠶᠠᠪᠣᠬᠤ ᠵᠡᠷᠭᠡ ᠠᠯᠢ ᠬᠢᠵᠣ ᠴᠢᠳᠠᠬᠤ ᠠᠵᠢᠯ ᠢᠶᠠᠨ ᠳᠡᠮᠳᠡᠷᠢᠵᠣ ᠪᠠᠶᠢᠭᠠᠳ ᠬᠢᠳᠡᠭ | ᠪᠠᠶᠢᠵᠡᠢ᠃ ᠳᠡᠷᠡᠪᠡᠷ ᠰᠠᠶᠢᠨ ᠮᠡᠳᠡᠳᠡᠭ ᠣᠯᠠᠭᠠᠨ ᠭᠤᠶᠣᠣ ᠶᠢᠨ ᠠᠭᠤᠷᠬᠠᠢ ᠲᠠᠢ ᠭᠠᠵᠠᠷ ᠢᠶᠠᠨ ᠲᠡᠮᠳᠡᠷᠢᠵᠦ ᠪᠠᠶᠢᠭᠠᠳ | ᠤᠯᠵᠦ ᠠᠪᠤᠭᠠᠳ ᠭᠤᠶᠣᠣ ᠪᠠᠨ ᠨᠢᠭᠡ ᠶᠢ ᠴᠦ ᠦᠯᠡᠳᠡᠭᠡᠯ ᠦᠭᠡᠢ ᠪᠠᠷ ᠮᠠᠯᠳᠠᠵᠣ ᠢᠷᠡᠳᠡᠭ᠃ ᠨᠢᠭᠡ ᠡᠳᠣᠷ ᠲᠤ | ᠬᠠᠮᠤᠭ ᠣᠯᠠᠨ ᠳᠠᠭᠠᠨ 20 ᠭᠠᠷᠦᠢ ᠬᠤᠨᠢ ᠬᠠᠶᠢᠴᠢᠯᠠᠳᠠᠭ᠂ ᠬᠠᠷᠠᠭ᠎ᠠ ᠲᠠᠢ ᠪᠠᠶᠢᠬᠤ ᠳᠠᠭᠠᠨ ᠨᠢᠭᠡ ᠡᠳᠣᠷ ᠲᠤ 90 | ᠭᠠᠷᠦᠢ ᠬᠤᠨᠢ ᠬᠠᠶᠢᠴᠢᠯᠠᠵᠣ ᠪᠠᠶᠢᠭᠰᠠᠨ ᠬᠡᠨ᠎ᠠ᠃ | ᠡᠷᠳᠡᠨᠢᠪᠠᠶᠠᠷ ᠪᠠᠭ᠎ᠠ ᠪᠠᠶᠢᠬᠤ ᠳᠠᠭᠠᠨ ᠬᠦᠪᠡᠭᠡᠨᠠᠮᠤᠭ ᠭᠠᠴᠠᠭᠠᠨ ᠤ ᠪᠠᠭ᠎ᠠ ᠰᠤᠷᠭᠠᠭᠤᠯᠢ ᠳᠤ ᠭᠤᠷᠪᠠᠨ ᠵᠢᠯ | ᠪᠢᠴᠢᠭ ᠦᠵᠡᠭᠰᠡᠨ ᠬᠦᠮᠦᠨ ᠪᠤᠯᠬᠤᠷ ᠨᠤᠮ ᠳᠤ ᠪᠠᠭ᠋ᠠᠳᠠᠢ᠃ ᠬᠠᠷᠠᠭ᠎ᠠ ᠠᠯᠳᠠᠭᠰᠠᠨ ᠠᠴᠠ ᠬᠤᠶᠢᠰᠢ ᠨᠤᠮ ᠢ | ᠬᠦᠦ ᠪᠠᠷ ᠢᠶᠠᠨ ᠪᠤᠶᠤ ᠰᠠᠭᠠᠬᠠᠯᠳᠠ ᠠᠶᠢᠯ ᠤᠨ ᠪᠢᠴᠢᠭ ᠲᠠᠢ ᠬᠦᠮᠦᠨ ᠢᠶᠠᠷ ᠤᠩᠰᠢᠭᠤᠯᠳᠠᠭ᠃ ᠭᠤᠤᠯᠳᠠᠭᠤ | ᠰᠡᠳᠬᠦᠯ᠂ ᠦᠯᠢᠬᠡᠷ ᠤᠨ ᠨᠤᠮ᠂ ᠳᠠᠭᠤᠤ ᠶᠢᠨ ᠨᠤᠮ ᠪᠤᠶᠤ ᠭᠠᠵᠠᠷ ᠵᠦᠢ ᠶᠢᠨ ᠨᠤᠮ ᠳᠤ ᠲᠤᠷ᠎ᠠ ᠪᠠᠭ᠋ᠠᠳᠠᠢ᠃ | ᠡᠳᠡᠭᠡᠷ ᠵᠠᠬᠢᠶᠠᠯᠠᠵᠦ ᠠᠪᠤᠭᠰᠠᠨ ᠨᠤᠮ ᠢᠶᠠᠨ ᠬᠡᠨ ᠢᠶᠠᠷ ᠴᠤ ᠪᠤᠯ ᠬᠠᠮᠢᠶ᠎ᠠ ᠦᠭᠡᠢ ᠲᠠᠭᠤᠳᠠᠭᠤᠯᠵᠦ ᠰᠤᠨᠤᠰᠳᠠᠭ᠃ | ᠨᠤᠮ ᠤᠩᠰᠢᠨ᠎ᠡ ᠬᠡᠬᠦ ᠳᠤ ᠪᠦᠷ ᠬᠦᠮᠦᠨ ᠢ ᠭᠤᠶᠤᠬᠤ ᠴᠢᠬᠤᠯᠠᠳᠠᠢ ᠤᠴᠢᠷ ᠠᠴᠠ ᠬᠦᠮᠦᠨ ᠤ ᠴᠢᠯᠦᠭᠡ ᠵᠡᠪ ᠢ | ᠬᠠᠷᠠᠵᠦ ᠪᠠᠶᠢᠭᠠᠳ ᠵᠠᠷᠢᠮ ᠳᠠᠭᠠᠨ ᠨᠤᠮ ᠢᠶᠠᠨ ᠠᠪᠤᠭᠠᠳ ᠬᠡᠳᠦᠨ ᠤ ᠭᠠᠵᠠᠷ ᠤᠨ ᠵᠠᠶᠢᠳᠠᠢ ᠠᠶᠢᠯ ᠳᠤ ᠬᠦᠷᠭᠡᠬᠦᠯᠵᠦ | ᠤᠴᠢᠭᠠᠳ ᠨᠤᠮ ᠰᠤᠨᠤᠰᠳᠠᠭ ᠤᠴᠢᠷ ᠴᠤ ᠭᠠᠷᠳᠠᠭ ᠠᠵᠢ᠃ ︽ᠳᠦᠷᠦᠬᠦᠨ ᠳᠡᠭᠡᠨ ᠨᠣᠮ ᠣᠩᠰᠢᠭᠤᠯᠵᠣ ᠰᠠᠭᠤᠬᠤ | ᠂ ᠳᠤᠭ᠎ᠠ ᠴᠡᠭᠡᠵᠢᠯᠡᠬᠦ ᠶᠢ ᠶᠡᠭᠡ ᠰᠠᠨᠠᠳᠠᠭ ᠪᠠᠶᠢᠭᠰᠠᠨ᠂ ᠣᠳᠣ ᠬᠠᠷᠢᠨ ᠬᠦᠭᠰᠢᠷᠡᠬᠦ ᠶᠢᠨ ᠡᠷᠭᠡᠨ ᠳᠤ ᠨᠣᠮ | ᠣᠩᠰᠢᠭᠤᠯᠵᠣ ᠰᠣᠨᠣᠰᠬᠤ᠂ ᠣᠳᠠᠰᠣᠨ ᠨᠣᠮᠧᠷ ᠦᠷᠬᠦᠯᠵᠢᠯᠡᠨ ᠴᠡᠭᠡᠵᠢᠯᠡᠬᠦ ᠪᠠᠨ ᠪᠠᠷᠢᠮᠳᠠᠯᠠᠬᠤ ᠪᠠᠨ ᠪᠣᠯᠢᠵᠡᠢ︾ | ᠭᠡᠵᠣ ᠡᠷᠳᠡᠨᠢᠪᠠᠶᠠᠷ ᠶᠡᠷᠢᠵᠣ ᠪᠠᠶᠢᠭᠰᠠᠨ ᠶᠤᠮ᠃ | 500 ᠭᠠᠷᠦᠢ ᠤᠳᠠᠰᠤᠨ ᠤ ᠨᠣᠮᠧᠷ ᠴᠡᠭᠡᠵᠢᠯᠡᠨ᠎ᠡ ᠭᠡᠳᠡᠭ ᠨᠢ ᠬᠠᠷᠠᠭ᠎ᠠ ᠲᠠᠢ ᠬᠦᠮᠣᠨ ᠴᠦ ᠪᠡᠶᠡᠯᠡᠬᠦᠯᠬᠦ ᠳᠤ | ᠬᠦᠴᠢᠷ ᠤᠴᠢᠷ ᠳᠤᠯᠠ᠂ ᠬᠠᠷᠠᠭ᠎ᠠ ᠦᠭᠡᠢ ᠨᠠᠰᠣᠳᠠᠨ ᠳᠤ ᠠᠪᠴᠣ ᠭᠡᠯᠡᠪᠡᠯ ᠦᠨᠡᠭᠡᠷ ᠨᠢᠭᠡᠨ ᠡᠷᠳᠡᠮ ᠭᠡᠬᠦ ᠳᠤ | ᠠᠬᠠᠳᠠᠬᠤ ᠦᠭᠡᠢ ᠶᠣᠮᠰᠠᠨ᠃ ᠨᠡᠶᠢᠭᠡᠮ ᠤᠨ ᠬᠦᠭᠵᠢᠯᠳᠡ ᠶᠢ ᠳᠠᠭᠠᠯᠳᠤᠨ ᠬᠦᠮᠣᠰ ᠠᠯᠢ ᠳᠦᠬᠦᠮ ᠳᠦᠳᠡ ᠳᠤ | ᠣᠶᠢᠷᠠᠳᠴᠣ ᠢᠯᠡᠬᠦᠣ ᠨᠢᠭᠡ ᠦᠰᠦᠭ ᠳᠤᠭ᠎ᠠ ᠶᠢ ᠴᠦ ᠴᠡᠭᠡᠵᠢᠯᠡᠬᠦ ᠠᠴᠠ ᠪᠠᠨ ᠵᠠᠯᠬᠠᠭᠤᠷᠠᠵᠦ ᠪᠠᠶᠢᠭ᠎ᠠ ᠴᠠᠭ | ᠦᠶ᠎ᠠ ᠳᠤ ᠡᠷᠳᠡᠨᠢᠪᠠᠶᠠᠷ ᠨᠠᠰᠣᠳᠠᠨ ᠤ ᠬᠦᠴᠢᠷ ᠪᠡᠷᠭᠡᠰᠢᠶᠡᠯ ᠢ ᠲᠡᠪᠴᠢᠵᠦ᠂ ᠪᠢᠯᠢᠭ ᠤᠨ ᠬᠠᠷᠠᠭ᠎ᠠ ᠪᠠᠨ ᠨᠡᠭᠡᠭᠡᠵᠣ | ᠶᠠᠪᠣᠭᠰᠠᠨ ᠦᠯᠢᠭᠡᠷ ᠨᠢ ᠪᠢᠳᠠᠨ ᠳᠤ ᠶᠠᠭᠠᠬᠢᠬᠤ ᠶᠢᠨ ᠠᠷᠭ᠎ᠠ ᠦᠭᠡᠢ ᠬᠡᠷᠡᠯ ᠬᠡᠬᠡ᠂ ᠵᠦᠪ ᠡᠨᠧᠷᠬᠢ ᠶᠢ ᠦᠭᠴᠦ | ᠪᠢᠯᠡ᠃ ᠠᠮᠢᠳᠤᠷᠠᠯ ᠳᠠᠭᠠᠨ ᠬᠦᠰᠡᠯ ᠬᠦᠬᠡᠭᠡᠴᠡᠯᠳᠦᠯ ᠲᠠᠢ᠂ ᠪᠤᠳᠤᠬᠤ ᠰᠠᠨᠠᠬᠤ᠂ ᠬᠢᠬᠦ ᠪᠡᠶᠡᠯᠡᠬᠦᠯᠬᠦ ᠵᠦᠢᠯ ᠲᠠᠢ | ᠪᠠᠶᠢᠳᠠᠭ ᠠᠴᠠ ᠡᠷᠳᠡᠨᠢᠪᠠᠶᠠᠷ ᠨᠠᠰᠤᠳᠠᠨ ᠪᠡᠶ᠎ᠡ ᠮᠠᠬᠠᠪᠤᠳ ᠡᠷᠡᠭᠦᠯ ᠲᠡᠩᠭᠡᠯᠡᠬᠦᠨ᠂ ᠪᠤᠳᠤᠯ ᠤᠬᠠᠭᠠᠨ ᠰᠠᠷᠠᠭᠤᠯ | ᠳᠤᠩᠭᠠᠯᠠᠭ᠂ ᠠᠵᠤ ᠠᠮᠢᠳᠤᠷᠠᠯ ᠵᠤᠯ ᠵᠢᠷᠭᠠᠯ ᠲᠠᠢ ᠪᠠᠷ ᠦᠳᠡᠯᠦᠬᠡ ᠨᠠᠰᠤ ᠪᠠᠨ ᠦᠩᠭᠡᠷᠡᠬᠦᠯᠵᠦ ᠪᠠᠶᠢᠨ᠎ᠠ᠃ | |