ᠬᠤᠭ ᠤᠨ ᠤᠪᠤᠭᠠᠨ ᠳᠤ ᠬᠠᠶᠠᠭᠳᠠᠬᠤ ᠪᠤᠯᠤᠭᠰᠠᠨ ᠬᠤᠨᠢᠨ ᠠᠷᠠᠰᠤ ᠬᠤᠪᠤᠷ ᠡᠷᠳᠠᠨᠢ ᠪᠤᠯᠤᠯ᠎ᠠ
ᠨᠡᠶᠢᠲᠡᠯᠡᠭᠰᠡᠨ ᠴᠠᠭ᠄
2021/9/10
   ᠠᠯᠠᠱᠠ ᠪᠠᠷᠠᠭᠤᠨ ᠬᠤᠰᠢᠭᠤᠨ ᠤ ︽ᠲᠠᠪᠤᠨ ᠡᠷᠳᠡᠨᠢ︾ ᠮᠠᠯᠴᠢᠳ ᠤᠨ ᠬᠤᠷᠰᠢᠶᠠᠵᠢᠯ ᠮᠠᠯ ᠤᠨ ᠠᠷᠠᠰᠤ ᠰᠢᠷᠢ ᠪᠠᠷ ᠰᠡᠳᠦᠪᠯᠡᠭᠰᠡᠨ ︽ᠲᠠᠪᠤᠨ ᠡᠷᠳᠡᠨᠢ ᠠᠷᠠᠰᠤᠨ ᠤᠷᠠᠯᠠᠯ ᠤᠨ ᠰᠠᠭᠤᠷᠢᠨ ᠭᠠᠵᠠᠷ︾ ᠢ ᠪᠠᠶᠢᠭᠤᠯᠵᠦ᠂ ᠬᠤᠭ ᠤᠨ ᠤᠪᠤᠭᠠᠠ ᠳᠤ ᠬᠠᠶᠠᠭᠳᠠᠬᠤ ᠪᠤᠯᠤᠭᠰᠠᠠ ᠬᠤᠨᠢᠠ ᠠᠷᠠᠰᠤ ᠶᠢ ᠦᠷᠳᠡᠭᠯᠡᠵᠤ ᠳᠠᠸᠠᠷᠴᠢᠯᠠᠬᠤ ᠰᠢᠨ᠎ᠠ ᠵᠠᠮ ᠢ ᠨᠡᠭᠡᠭᠡᠭᠰᠡᠠ ᠪᠠᠶᠢᠨ᠎ᠠ᠃     ᠁ ᠢᠮᠠᠭ᠎ᠠ ᠬᠤᠨᠢᠨ ᠤ ᠠᠷᠠᠰᠤ ᠶᠢ ᠠᠪᠬᠤ ᠬᠦᠮᠦᠨ ᠦᠭᠡᠢ ᠪᠤᠯᠤᠯ᠎ᠠ᠂ ᠨᠢᠭᠡ ᠮᠠᠯ ᠤᠨ ᠠᠷᠠᠰᠤ ᠪᠠᠷ ᠭᠠᠭᠴᠠ ᠯᠤᠩᠬᠤ ᠤᠮᠳᠠᠭᠠᠨ ᠰᠤᠯᠢᠵᠦ ᠴᠢᠳᠠᠬᠤ ᠦᠭᠡᠢ ᠪᠤᠯᠵᠡᠢ ᠁ ᠤᠶᠢᠷ᠎ᠠ ᠶᠢᠨ ᠬᠡᠳᠦᠨ ᠵᠢᠯ ᠳᠤ ᠬᠤᠨᠢ ᠢᠮᠠᠭᠠᠨ ᠤ ᠠᠷᠠᠰᠤ ᠦᠨ᠎ᠡ ᠳᠤ ᠬᠦᠷᠬᠦ ᠦᠭᠡᠢ ᠪᠤᠯᠤᠭᠰᠠᠨ ᠠᠴᠠ ᠮᠠᠯᠴᠢᠳ ᠤᠨ ᠲᠤᠳᠤᠷ᠎ᠠ᠂ ᠨᠠᠶᠢᠬᠡᠮ ᠤᠨ ᠲᠤᠮᠳᠠ ᠮᠠᠯ ᠤᠨ ᠠᠷᠠᠰᠤᠨ ᠤ ᠦᠨ᠎ᠡ ᠬᠠᠩᠰᠢ ᠶᠢᠨ ᠲᠤᠬᠠᠢ᠂ ᠶᠠᠭᠠᠬᠢᠵᠦ ᠢᠯᠡᠬᠦᠦ ᠬᠡᠳᠦᠨ ᠲᠦᠬᠦᠷᠢᠭ ᠢᠶᠠᠷ ᠪᠤᠷᠤᠯᠠᠭᠤᠯᠬᠤ ᠲᠤᠬᠠᠢ ᠶᠠᠷᠢᠶ᠎ᠠ ᠡᠬᠦᠰᠦᠭᠰᠡᠭᠡᠷ ᠯᠠ ᠪᠤᠢ᠃ ᠠᠯᠠᠱᠠ ᠪᠠᠷᠠᠭᠤᠨ ᠬᠤᠰᠢᠭᠤᠨ ᠤ ︽ᠲᠠᠪᠤᠨ ᠡᠷᠳᠡᠨᠢ︾ ᠮᠠᠯᠴᠢᠳ ᠤᠨ ᠬᠤᠷᠰᠢᠶᠠᠵᠢᠯ ᠤᠨ ᠳᠠᠭᠠᠭᠠᠮᠠᠯ ᠪᠦᠷᠢᠨᠮᠦ᠋ᠩᠭᠡ ᠮᠠᠯ ᠤᠨ ᠠᠷᠠᠰᠤ ᠰᠢᠷᠢ ᠶᠢ ᠶᠠᠭᠠᠬᠢᠵᠦ ᠦᠨ᠎ᠡ ᠳᠤ ᠬᠦᠷᠬᠡᠬᠦ᠂ ᠶᠠᠮᠠᠷ ᠠᠷᠭ᠎ᠠ ᠪᠠᠷ ᠦᠷᠳᠡᠭᠯᠡᠵᠤ ᠲᠠᠸᠠᠷᠴᠢᠯᠠᠬᠤ᠂ ᠬᠡᠷᠬᠢᠨ ᠰᠢᠨ᠎ᠡ ᠶᠢ ᠡᠬᠦᠳᠬᠦ ᠵᠡᠷᠭᠡ ᠲᠠᠯ᠎ᠠ ᠪᠠᠷ ᠳᠠᠷᠢᠬᠢ ᠳᠤᠯᠤᠭᠠᠢ ᠪᠠᠨ ᠰᠢᠪᠬᠠᠠ ᠶᠡᠭᠡᠭᠡᠨ ᠴᠢᠷᠮᠠᠶᠢᠯᠳᠠ ᠭᠠᠷᠭᠠᠵᠤ᠂ ᠦᠨ᠎ᠡ ᠳᠤ ᠬᠦᠷᠬᠦ ᠪᠠᠨ ᠪᠤᠯᠢᠭᠰᠠᠨ ᠮᠠᠯ ᠤᠨ ᠠᠷᠠᠰᠤ ᠰᠢᠷᠢ ᠶᠢ ᠦᠭᠡᠷ᠎ᠡ ᠨᠢᠭᠡᠨ ᠠᠷᠭ᠎ᠠ ᠵᠠᠮ ᠢᠶᠠᠷ ᠬᠦᠮᠦᠰ ᠤᠨ ᠬᠡᠷᠡᠭᠯᠡᠭᠡᠨ ᠳᠤ ᠤᠷᠤᠭᠤᠯᠵᠦ᠂ ᠦᠨ᠎ᠡ ᠦᠷᠳᠡᠭ ᠢ ᠨᠢ ᠬᠦᠢᠴᠡᠳ ᠪᠠᠳᠠᠷᠠᠭᠤᠯᠬᠤ ᠪᠤᠯᠭᠠᠭᠰᠠᠨ ᠪᠠᠶᠢᠨ᠎ᠠ᠃    ᠠᠯᠠᠱᠠ ᠪᠠᠷᠠᠭᠤᠨ ᠬᠤᠰᠢᠭᠤᠨ ᠤ ︽ᠲᠠᠪᠤᠨ ᠡᠷᠳᠡᠨᠢ︾ ᠮᠠᠯᠴᠢᠳ ᠤᠨ ᠬᠤᠷᠰᠢᠶᠠᠵᠢᠯ ᠨᠢ ᠲᠠᠪᠤᠨ ᠬᠤᠰᠢᠭᠤ ᠮᠠᠯ ᠤᠨ ᠠᠰᠢᠭ ᠰᠢᠮ᠎ᠡ ᠶᠢ ᠪᠤᠯᠪᠠᠰᠤᠷᠠᠭᠤᠯᠤᠨ ᠪᠤᠷᠤᠯᠠᠭᠤᠯᠵᠦ ᠮᠠᠯᠴᠢᠳ ᠲᠠᠭᠠᠨ ᠬᠠᠮᠤᠭ ᠶᠡᠭᠡ ᠠᠰᠢᠭ ᠤᠯᠭᠤᠬᠤ ᠵᠤᠷᠢᠯᠭ᠎ᠠ ᠪᠠᠷ ᠪᠠᠶᠢᠭᠤᠯᠤᠭᠳᠠᠵᠦ᠂ ᠪᠡᠯᠴᠢᠭᠡᠷ ᠤᠨ ᠮᠠᠯ ᠤᠨ ᠮᠢᠬ᠎ᠠ ᠪᠠᠨ ᠨᠠᠷᠢᠯᠢᠭᠵᠢᠭᠤᠯᠤᠨ ᠪᠤᠯᠪᠠᠰᠤᠷᠠᠭᠤᠯᠬᠤ ᠠᠷᠭ᠎ᠠ ᠪᠠᠷ ᠪᠤᠷᠤᠯᠠᠭᠤᠯᠤᠭᠠᠳ ᠠᠩᠬ᠎ᠠ ᠠᠯᠬᠤᠮ ᠠᠮᠵᠢᠯᠳᠠ ᠤᠯᠵᠡᠢ᠃ 2018 ᠤᠨ ᠠᠴᠠ ᠲᠤᠰ ᠬᠤᠷᠰᠢᠶᠠᠵᠢᠯ ᠨᠢ ᠮᠠᠯ ᠤᠨ ᠠᠷᠠᠰᠤ ᠰᠢᠷᠢ ᠪᠠᠷ ᠰᠡᠳᠦᠪᠯᠡᠭᠰᠡᠨ ︽ᠲᠠᠪᠤᠨ ᠡᠷᠳᠡᠨᠢ ᠠᠷᠠᠰᠤᠨ ᠤᠷᠠᠯᠠᠯ ᠤᠨ ᠰᠠᠭᠤᠷᠢᠨ ᠭᠠᠵᠠᠷ︾ ᠢ ᠪᠠᠶᠢᠭᠤᠯᠵᠦ᠂ ᠤᠯᠠᠮᠵᠢᠯᠠᠯᠳᠤ ᠠᠷᠭ᠎ᠠ ᠪᠠᠷ ᠮᠠᠯ ᠤᠨ ᠠᠷᠠᠰᠤ ᠰᠢᠷᠢ ᠶᠢ ᠡᠳ᠋ᠰᠢᠬᠦᠯᠦᠨ ᠪᠤᠯᠪᠠᠰᠤᠷᠠᠭᠤᠯᠤᠭᠠᠳ ᠠᠷᠠᠰᠤᠨ ᠴᠠᠭᠠᠰᠤ᠂ ᠨᠡᠬᠡᠢ᠂ ᠢᠯᠬᠢᠨ ᠠᠷᠠᠰᠤ᠂ ᠠᠷᠠᠰᠤᠨ ᠤᠷᠠᠯᠠᠯ᠂ ᠤᠯᠠᠮᠵᠢᠯᠠᠯᠳᠤ ᠮᠤᠷᠢᠨ ᠤ ᠡᠳ᠋ᠯᠡᠯ ᠬᠡᠷᠡᠭᠰᠡᠯ᠂ ᠰᠢᠷᠢ ᠵᠡᠷᠭᠡ ᠪᠦᠳᠦᠭᠡᠭᠳᠡᠬᠦᠨ ᠪᠤᠯᠭᠠᠵᠦ᠂ ᠤᠷᠴᠢᠮᠬᠠᠨ ᠪᠠᠰᠠ ᠠᠷᠠᠰᠤᠨ ᠴᠠᠭᠠᠰᠤᠨ ᠤ ᠤᠷᠠᠨ ᠪᠦᠳᠦᠭᠡᠯ᠂ ᠪᠢᠴᠢᠯᠭᠡ ᠵᠢᠷᠤᠭ ᠤᠨ ᠦᠵᠡᠰᠬᠦᠯᠡᠩ ᠢᠶᠠᠨ ᠬᠦᠮᠦᠰ ᠤᠨ ᠬᠠᠷᠠᠭᠠᠨ ᠳᠤ ᠬᠦᠷᠬᠡᠬᠦ ᠪᠠᠷ ᠪᠡᠯᠡᠬᠡᠨ ᠪᠤᠯᠤᠭᠰᠠᠨ ᠪᠠᠶᠢᠨ᠎ᠠ᠃    ︽ᠮᠠᠯ ᠤᠨ ᠠᠷᠠᠰᠤ ᠬᠢᠮᠳᠠᠷᠠᠭᠠᠳ ᠬᠠᠶᠠᠭᠳᠠᠬᠤ ᠬᠡᠮᠵᠢᠶᠡᠨ ᠳᠤ ᠬᠦᠷᠴᠦ ᠪᠠᠶᠢᠭ᠎ᠠ ᠪᠠᠶᠢᠳᠠᠯ ᠢ ᠬᠠᠷᠠᠭᠠᠳ 2018 ᠤᠨ ᠤ ᠵᠤᠨ ᠠᠴᠠ ᠪᠢᠳᠠ ᠠᠷᠠᠰᠤᠨ ᠤᠷᠠᠯᠠᠯ ᠤᠨ ᠰᠠᠭᠤᠷᠢᠨ ᠭᠠᠵᠠᠷ ᠭᠠᠷᠭᠠᠬᠤ ᠪᠠᠷ ᠰᠡᠳᠦᠭᠰᠡᠨ ᠶᠤᠮ᠃ ᠮᠠᠨ ᠤ ᠬᠤᠷᠰᠢᠶᠠᠵᠢᠯ ᠤᠨ ᠪᠦᠷᠢᠯᠳᠦᠬᠦᠨ ᠨᠢ ᠪᠦᠷ ᠮᠠᠯᠴᠢᠨ ᠤᠴᠢᠷ ᠠᠴᠠ ᠤᠷᠳᠤᠰ᠂ ᠪᠠᠶᠠᠨᠨᠠᠭᠤᠷ ᠵᠡᠷᠭᠡ ᠭᠠᠵᠠᠷ ᠲᠤ ᠬᠦᠷᠴᠦ ᠮᠡᠷᠬᠡᠵᠢᠯ ᠰᠤᠷᠤᠯᠴᠠᠬᠤ ᠪᠠᠷ ᠲᠠᠮᠵᠢᠭᠠᠳ ᠮᠠᠨᠠᠶᠢᠬᠢᠨ ᠠᠷᠠᠰᠤᠨ ᠴᠠᠭᠠᠰᠤ ᠬᠢᠬᠦ᠂ ᠠᠷᠠᠰᠤᠨ ᠤᠷᠠᠯᠠᠯ ᠬᠢᠬᠦ ᠬᠢᠷᠢ ᠲᠦᠪᠰᠢᠨ ᠲᠠᠢ ᠪᠤᠯᠤᠭᠰᠠᠨ᠃ ᠭᠤᠤᠯᠳᠠᠭᠤ ᠮᠠᠯ ᠤᠨ ᠠᠰᠢᠭ ᠰᠢᠮ᠎ᠡ ᠶᠢ ᠪᠦᠷᠢᠨ ᠠᠰᠢᠭᠯᠠᠵᠦ᠂ ᠮᠠᠯᠴᠢᠳ ᠤᠨ ᠠᠰᠢᠭ ᠤᠷᠤᠯᠭ᠎ᠠ ᠶᠢ ᠲᠡᠭᠡᠭᠰᠢᠯᠡᠬᠦᠯᠬᠦ ᠯᠠ ᠰᠠᠨᠠᠭ᠎ᠠ ᠲᠠᠢ︾ ᠬᠡᠵᠦ ᠪᠦᠷᠢᠨᠮᠦ᠋ᠩᠭᠡ ᠶᠠᠷᠢᠵᠤ ᠪᠠᠶᠢᠯ᠎ᠠ᠃ ᠵᠠᠷᠢᠮ ᠭᠠᠵᠠᠷ ᠠᠷᠠᠰᠤ ᠢᠳᠡᠭᠡᠯᠡᠬᠦ ᠳᠤ ᠬᠢᠮᠢ ᠶᠢᠨ ᠡᠮ ᠬᠢᠳᠡᠭ ᠪᠤᠯ ᠳᠠᠳᠠ ᠬᠦᠮᠦᠨ ᠤ ᠪᠡᠶ᠎ᠡ ᠳᠤ ᠬᠤᠤᠷ ᠦᠭᠡᠢ ᠪᠠᠶᠢᠬᠤ ᠶᠢ ᠪᠤᠳᠤᠯᠬᠢᠯᠠᠵᠦ ᠭᠤᠤᠯᠳᠠᠭᠤ ᠴᠠᠭ᠎ᠠ ᠰᠢᠬᠦᠰᠦᠨ ᠳᠤ ᠢᠳᠡᠭᠡᠯᠡᠬᠦ ᠤᠯᠠᠮᠵᠢᠯᠠᠯᠳᠤ ᠠᠷᠭ᠎ᠠ ᠶᠢ ᠬᠡᠷᠡᠭᠯᠡᠬᠦ ᠶᠢ ᠵᠤᠷᠢᠵᠡᠢ᠃ ᠤᠯᠠᠮᠵᠢᠯᠠᠯᠳᠤ ᠠᠷᠭ᠎ᠠ ᠪᠠᠷ ᠬᠢᠭᠰᠡᠨ ᠠᠷᠠᠰᠤᠨ ᠴᠠᠭᠠᠰᠤ ᠨᠢ ᠬᠦᠳᠡᠯᠮᠦᠷᠢ ᠬᠦᠴᠦ᠂ ᠴᠠᠭ ᠵᠠᠪ ᠮᠠᠰᠢ ᠶᠡᠭᠡ ᠵᠠᠷᠤᠴᠠᠭᠤᠯᠳᠠᠭ ᠪᠤᠯᠪᠠᠴᠤ 5 ᠲᠦᠬᠦᠷᠢᠭ ᠤᠨ ᠦᠨ᠎ᠡ ᠬᠠᠩᠰᠢ ᠲᠠᠢ ᠢᠮᠠᠭᠠᠨ ᠠᠷᠠᠰᠤ ᠶᠢ ᠬᠠᠮᠤᠭ ᠶᠡᠭᠡ ᠳᠡᠭᠡᠨ 600 ᠲᠦᠬᠦᠷᠢᠭ ᠤᠨ ᠦᠨᠳᠦᠷ ᠦᠨ᠎ᠡ ᠳᠤ ᠬᠦᠷᠬᠡᠵᠦ ᠴᠢᠳᠠᠳᠠᠭ ᠢᠶᠠᠷ ᠬᠤᠭ ᠤᠨ ᠤᠪᠤᠭᠠᠨ ᠳᠤ ᠬᠠᠶᠠᠭᠳᠠᠬᠤ ᠪᠤᠯᠤᠭᠰᠠᠨ ᠬᠤᠨᠢᠨ ᠠᠷᠠᠰᠤᠨ ᠤ ᠶᠡᠭᠡ ︽ᠬᠤᠪᠢᠰᠬᠠᠯ︾ ᠪᠤᠯᠤᠭᠰᠠᠨ ᠬᠡᠯᠳᠡᠢ᠃    ᠤᠯᠠᠮᠵᠢᠯᠠᠯᠳᠤ ᠠᠷᠭ᠎ᠠ ᠪᠠᠷ ᠪᠤᠯᠪᠠᠰᠤᠷᠠᠭᠤᠯᠵᠦ ᠭᠠᠷᠭᠠᠭᠰᠠᠨ ᠠᠷᠠᠰᠤᠨ ᠴᠠᠭᠠᠰᠤ ᠨᠢ ᠡᠩ ᠤᠨ ᠴᠠᠭᠠᠰᠤ ᠶᠢ ᠪᠤᠳᠤᠪᠠᠯ ᠬᠠᠳᠠᠭᠤ᠂ ᠭᠤᠤᠯᠳᠠᠭᠤ ᠲᠡᠭᠡᠷ᠎ᠡ ᠨᠢ ᠵᠢᠷᠤᠭ ᠵᠢᠷᠤᠬᠤ᠂ ᠦᠰᠦᠭ ᠪᠢᠴᠢᠬᠦ ᠪᠤᠶᠤ ᠠᠷᠠᠰᠤᠨ ᠴᠠᠭᠠᠰᠤᠨ ᠳ᠋ᠧᠩ ᠬᠢᠬᠦ᠂ ᠬᠡᠩᠭᠡᠷᠭᠡ ᠪᠦᠷᠢᠬᠦ ᠵᠡᠷᠭᠡ ᠳᠤ ᠠᠰᠢᠭᠯᠠᠭᠳᠠᠵᠦ᠂ ᠡᠩ ᠤᠨ ᠴᠠᠭᠠᠰᠤ ᠶᠢ ᠪᠤᠳᠤᠪᠠᠯ ᠦᠰᠦᠭ ᠵᠢᠷᠤᠭ ᠨᠢ ᠪᠠᠯᠠᠷᠠᠬᠤ ᠦᠭᠡᠢ᠂ ᠭᠠᠯ ᠳᠤ ᠰᠢᠳᠠᠬᠤ ᠦᠭᠡᠢ᠂ ᠤᠰᠤᠨ ᠳᠤ ᠲᠡᠪᠳᠦᠬᠦ ᠦᠭᠡᠢ᠂ ᠬᠠᠷᠢᠮᠠᠬᠠᠢ ᠴᠢᠨᠠᠷ ᠢᠶᠠᠷ ᠰᠠᠶᠢᠨ᠂ ᠲᠠᠰᠤᠷᠠᠵᠦ ᠤᠷᠠᠭᠳᠠᠬᠤ ᠦᠭᠡᠢ ᠵᠡᠷᠭᠡ ᠲᠠᠪᠠᠭᠤᠯᠢᠭ ᠲᠠᠯ᠎ᠠ ᠲᠠᠢ ᠮᠦᠷᠳᠡᠬᠡᠨ 2000 ᠭᠠᠷᠤᠢ ᠵᠢᠯ ᠬᠠᠳᠠᠭᠠᠯᠠᠭᠳᠠᠵᠦ ᠪᠤᠯᠬᠤ ᠴᠠᠭᠠᠰᠤᠨ ᠤ ᠲᠦᠷᠦᠯ ᠬᠡᠳᠡᠭ ᠠᠵᠢ᠃ ︽ᠠᠷᠠᠰᠤᠨ ᠴᠠᠭᠠᠰᠤᠨ ᠲᠡᠭᠡᠷ᠎ᠡ ᠵᠢᠷᠤᠭ ᠵᠢᠷᠤᠭᠰᠠᠨ ᠨᠢ ᠲᠤᠰᠬᠠᠢ ᠵᠢᠷᠤᠭ ᠤᠨ ᠴᠠᠭᠠᠰᠤᠨ ᠲᠡᠭᠡᠷ᠎ᠡ ᠵᠢᠷᠤᠭᠰᠠᠨ ᠠᠴᠠ ᠨᠡᠩ ᠡᠪᠳᠡᠶᠢᠬᠡᠨ᠂ ᠦᠩᠭᠡ ᠪᠤᠳᠤᠭ ᠰᠠᠭᠤᠬᠤ ᠨᠢ ᠴᠤ ᠰᠠᠶᠢᠨ ᠪᠠᠶᠢᠨ᠎ᠠ᠃ ᠢᠯᠠᠩᠭᠤᠶ᠎ᠠ ᠨᠢᠭᠡ ᠵᠢᠷᠤᠭᠠᠳ ᠠᠪᠴᠢᠬᠠᠬᠤ ᠶᠤᠮ ᠪᠤᠯ ᠪᠠᠷᠤᠭ ᠮᠦᠩᠭᠡ ᠶᠢᠨ ᠶᠠᠭᠤᠮ᠎ᠠ ᠪᠤᠯᠬᠤ ᠤᠴᠢᠷ ᠠᠴᠠ ᠢᠩᠬᠢᠵᠦ ᠠᠷᠠᠰᠤ ᠪᠠᠨ ᠴᠠᠭᠠᠰᠤ ᠪᠤᠯᠭᠠᠨ ᠠᠰᠢᠭᠯᠠᠭᠰᠠᠨ ᠨᠢ ᠶᠡᠭᠡ ᠰᠠᠶᠢᠨ ᠤᠴᠢᠷ ᠪᠠᠶᠢᠨ᠎ᠠ ᠰᠢᠤ︾ ᠬᠡᠵᠦ ᠠᠩᠬ᠎ᠠ ᠤᠳᠠᠭ᠎ᠠ ᠠᠷᠠᠰᠤᠨ ᠴᠠᠭᠠᠰᠤᠨ ᠲᠡᠭᠡᠷ᠎ᠡ ᠤᠷᠠᠨ ᠪᠦᠳᠦᠭᠡᠯ ᠬᠢᠵᠦ ᠪᠠᠶᠢᠭ᠎ᠠ ᠠᠯᠠᠱᠠ ᠪᠠᠷᠠᠭᠤᠨ ᠬᠤᠰᠢᠭᠤᠨ ᠤ ᠮᠠᠨᠳᠤᠯ ᠰᠤᠮᠤᠨ ᠤ ᠬᠦᠳᠡᠭᠡᠬᠤᠳᠳᠤᠭ ᠭᠠᠴᠠᠭᠠᠨ ᠤ ᠮᠠᠯᠴᠢᠨ᠂ ᠠᠷᠠᠳ ᠤᠨ ᠤᠷᠠᠯᠢᠭᠴᠢᠨ ᠱᠢᠷᠤᠨᠴᠢᠮᠡᠭ ᠶᠠᠷᠢᠵᠦ ᠪᠢᠯᠡ᠃ ᠶᠡᠷᠦᠨᠢ ︽ᠲᠠᠪᠤᠨ ᠡᠷᠳᠡᠨᠢ ᠠᠷᠠᠰᠤᠨ ᠤᠷᠠᠯᠠᠯ ᠤᠨ ᠰᠠᠭᠤᠷᠢᠨ ᠭᠠᠵᠠᠷ︾ ᠲᠤ ᠬᠦᠷᠦᠭᠡᠳ ᠠᠯᠠᠱᠠ ᠨᠤᠳᠤᠭ ᠤᠨ ᠨᠡᠷ᠎ᠡ ᠠᠯᠳᠠᠷᠳᠠᠢ ᠵᠢᠷᠤᠭᠴᠢᠨ᠂ ᠤᠷᠠᠨ ᠪᠢᠴᠢᠯᠭᠡᠳᠡᠳ ᠤᠨ ᠠᠷᠠᠰᠤᠨ ᠴᠠᠭᠠᠰᠤᠨ ᠲᠡᠭᠡᠷ᠎ᠡ ᠬᠢᠭᠰᠡᠨ ᠤᠷᠠᠨ ᠪᠦᠳᠦᠭᠡᠯ ᠢ ᠬᠠᠷᠠᠮᠠᠭᠴᠠ ᠠᠷᠠᠰᠤᠨ ᠴᠠᠭᠠᠰᠤᠨ ᠲᠡᠭᠡᠷ᠎ᠡ ᠵᠢᠷᠤᠵᠦ ᠤᠷᠠᠯᠠᠬᠤ ᠨᠢ ᠡᠩ ᠤᠨ ᠴᠠᠭᠠᠰᠤᠨ ᠲᠡᠭᠡᠷ᠎ᠡ ᠵᠢᠷᠤᠭ ᠵᠢᠷᠤᠭᠰᠠᠨ ᠲᠠᠢ ᠡᠬᠡᠬᠡ ᠠᠳᠠᠯᠢ᠂ ᠪᠦᠷ ᠴᠤ ᠦᠩᠭᠡ ᠪᠤᠳᠤᠭ ᠨᠢ ᠢᠯᠭᠤᠮ ᠲᠤᠳᠤ ᠪᠠᠶᠢᠨ᠎ᠠ ᠭᠡᠳᠡᠭ ᠨᠢ ᠮᠡᠳᠡᠷᠡᠭᠳᠡᠬᠦ ᠪᠤᠯᠤᠨ᠎ᠠ᠃     ︽ᠲᠠᠪᠤᠨ ᠡᠷᠳᠡᠨᠢ ᠠᠷᠠᠰᠤᠨ ᠤᠷᠠᠯᠠᠯ ᠤᠨ ᠰᠠᠭᠤᠷᠢᠨ ᠭᠠᠵᠠᠷ︾ ᠤᠨ ᠬᠢᠨ ᠠᠷᠠᠰᠤᠨ ᠴᠠᠭᠠᠰᠤ ᠤᠶᠢᠯᠡᠳᠪᠦᠷᠢᠯᠡᠬᠦ ᠶᠢᠨ ᠲᠠᠭᠠᠤ ᠳᠤ ᠦᠭᠡᠷ ᠤᠨ ᠰᠢᠷᠢ ᠢᠳᠡᠭᠡᠯᠡᠬᠦ᠂ ᠮᠤᠷᠢᠨ ᠤ ᠡᠳ᠋ᠯᠡᠯ ᠬᠢᠬᠦ᠂ ᠢᠯᠬᠢᠨ ᠠᠷᠠᠰᠤ ᠬᠢᠬᠦ ᠂ ᠨᠡᠬᠡᠢ ᠬᠢᠬᠦ᠂ ᠠᠷᠠᠰᠤᠨ ᠤᠷᠠᠯᠠᠯ ᠬᠢᠬᠦ ᠵᠡᠷᠭᠡ ᠠᠯᠢ ᠡᠷᠳᠡᠨ ᠠᠴᠠ ᠤᠯᠠᠮᠵᠢᠯᠠᠭᠳᠠᠵᠦ ᠢᠷᠡᠭᠰᠡᠨ ᠮᠡᠷᠬᠡᠵᠢᠯ ᠢᠶᠠᠨ ᠪᠦᠬᠦᠳᠡ ᠶᠢ ᠤᠯᠠᠮᠵᠢᠯᠠᠨ ᠬᠢᠵᠦ ᠪᠤᠢ᠃ ᠠᠷᠠᠰᠤᠨ ᠤᠷᠠᠯᠠᠯ ᠬᠢᠬᠦ ᠳᠡᠭᠡᠨ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠤᠷᠠᠯᠢᠭ ᠤᠨ ᠰᠠᠯᠪᠤᠷᠢ ᠶᠢᠨ ᠪᠠᠭᠰᠢ ᠪᠤᠷᠤᠭᠠᠨ ᠲᠠᠢ ᠬᠠᠮᠳᠤᠷᠠᠨ ᠠᠵᠢᠯᠯᠠᠵᠦ ᠠᠷᠠᠰᠤᠨ ᠤᠷᠠᠯᠠᠯ ᠤᠨ ᠬᠠᠮᠤᠭ ᠰᠢᠨ᠎ᠡ ᠮᠡᠷᠬᠡᠵᠢᠯ ᠢ ᠰᠤᠷᠤᠯᠴᠠᠬᠤ ᠶᠢᠨ ᠲᠠᠭᠠᠤ᠂ ᠮᠠᠯᠵᠢᠬᠤ ᠤᠷᠤᠨ ᠳᠤ ᠪᠠᠶᠢᠭ᠎ᠠ ᠠᠷᠠᠳ ᠤᠨ ᠤᠷᠠᠯᠢᠭᠴᠢᠳ ᠢᠶᠠᠨ ᠲᠠᠶᠢᠴᠢᠯᠠᠬᠤ ᠠᠷᠭ᠎ᠠ ᠪᠠᠷ ᠠᠷᠠᠰᠤᠨ ᠤᠷᠠᠯᠠᠯ ᠤᠨ ᠤᠶᠢᠯᠡᠰ ᠢᠶᠠᠨ ᠡᠬᠢᠯᠡᠬᠦᠯᠵᠡᠢ᠃    ︽ᠦᠨᠦ ᠵᠤᠨ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠤᠷᠠᠯᠢᠭ ᠤᠨ ᠰᠠᠯᠪᠤᠷᠢ ᠶᠢᠨ ᠪᠠᠭᠰᠢ ᠪᠤᠷᠤᠭᠠᠨ ᠬᠡᠳᠦᠨ ᠰᠤᠷᠤᠭᠴᠢ ᠲᠠᠢ ᠪᠠᠨ ᠮᠠᠨ ᠤ ᠡ᠊ᠡᠳᠡ ᠢᠷᠡᠵᠦ ᠬᠠᠮᠳᠤᠷᠠᠨ ᠠᠵᠢᠯᠯᠠᠭᠠᠳ ᠪᠢᠳᠠᠨ ᠳᠤ ᠶᠡᠭᠡᠭᠡᠨ ᠲᠡᠮᠵᠢᠯᠭᠡ ᠦᠵᠡᠬᠦᠯᠦᠭᠰᠡᠨ ᠰᠢᠤ᠃ ᠮᠠᠨ ᠤ ᠠᠷᠠᠰᠤᠨ ᠤᠷᠠᠯᠠᠯ ᠤᠨ ᠰᠠᠭᠤᠷᠢᠨ ᠭᠠᠵᠠᠷ ᠤᠨ ᠤᠯᠠᠩᠬᠢ ᠠᠷᠠᠰᠤᠨ ᠤᠷᠠᠯᠠᠯ ᠤᠨ ᠪᠦᠳᠦᠭᠡᠭᠳᠡᠬᠦᠨ ᠢ ᠲᠡᠳᠡᠨᠡᠷ ᠤᠷᠠᠯᠠᠵᠦ ᠬᠢᠭᠰᠡᠨ ᠢᠶᠠᠷ ᠪᠠᠷᠠᠬᠤ ᠦᠭᠡᠢ ᠮᠠᠨ ᠤ ᠮᠠᠯᠴᠢᠳ ᠲᠤ ᠰᠢᠨ᠎ᠡ ᠮᠡᠷᠬᠡᠵᠢᠯ ᠢᠶᠠᠨ ᠤᠯᠠᠮᠵᠢᠯᠠᠵᠦ ᠦᠭᠬᠦᠭᠰᠡᠨ ᠶᠤᠮ᠃ ᠬᠤᠶᠢᠰᠢᠳᠡ ᠪᠢᠳᠠ ᠬᠦᠳᠡᠭᠡ ᠪᠠᠶᠢᠭ᠎ᠠ ᠮᠠᠯᠴᠢᠳ ᠲᠤ ᠪᠤᠯᠪᠠᠰᠤᠷᠠᠯ ᠬᠦᠷᠳᠡᠭᠡᠨ᠂ ᠲᠡᠳᠡᠨᠡᠷ ᠢ ᠵᠤᠬᠢᠶᠠᠨ ᠪᠠᠶᠢᠭᠤᠯᠵᠦ ᠠᠷᠠᠰᠤᠨ ᠤᠷᠠᠯᠠᠯ ᠬᠢᠬᠦ ᠵᠠᠮ ᠤᠷᠤᠭᠤ ᠬᠦᠳᠦᠯᠬᠦ ᠪᠤᠯᠤᠨ᠎ᠠ︾ ᠬᠡᠵᠦ ᠪᠦᠷᠢᠨᠮᠦ᠋ᠩᠭᠡ ᠶᠠᠷᠢᠪᠠ᠃ ᠡᠨᠡ ᠨᠢ ᠲᠡᠳᠡᠨᠡᠷ ᠤᠨ ᠬᠤᠶᠢᠰᠢᠳᠠ ᠶᠢᠨ ᠠᠵᠢᠯ ᠤᠨ ᠬᠠᠷᠠᠯᠳᠠ ᠪᠤᠯᠵᠦ ᠪᠤᠢ᠃      ﹇ᠰᠤᠷᠪᠤᠯᠵᠢᠯᠠᠭᠴᠢ ᠶᠢᠨ ᠡᠪᠤᠷ ᠲᠠᠮᠳᠡᠭᠯᠠᠯ﹈᠄ ︽ᠲᠠᠪᠤᠨ ᠡᠷᠳᠡᠨᠢ ᠠᠷᠠᠰᠤᠨ ᠤᠷᠠᠯᠠᠯ ᠤᠨ ᠰᠠᠭᠤᠷᠢᠨ ᠭᠠᠵᠠᠷ︾ ᠲᠤ ᠰᠤᠷᠪᠤᠯᠵᠢᠯᠠᠭ᠎ᠠ ᠠᠪᠬᠤ ᠪᠠᠷ ᠬᠦᠷᠦᠭᠡᠳ ᠮᠠᠯ ᠤᠨ ᠠᠷᠠᠰᠤᠨ ᠲᠡᠭᠡᠷ᠎ᠡ ᠵᠢᠷᠤᠵᠦ ᠤᠷᠠᠯᠠᠭᠰᠠᠨ ᠤᠷᠠᠨ ᠪᠦᠳᠦᠭᠡᠯ ᠨᠢ ᠦᠨᠡᠭᠡᠷ ᠴᠤ ᠭᠤᠶᠤ ᠬᠠᠷᠠᠭᠳᠠᠯ᠎ᠠ᠃ ᠢᠯᠠᠩᠭᠤᠶ᠎ᠠ ᠡᠬᠡᠯ ᠵᠢᠷ ᠤᠨ ᠮᠠᠯᠴᠢᠨ ᠬᠦᠮᠦᠨ ᠤ ᠤᠷᠠᠯᠠᠵᠦ ᠪᠦᠳᠦᠭᠡᠭᠰᠡᠨ ᠠᠷᠠᠰᠤᠨ ᠤᠷᠠᠯᠠᠯ ᠤᠨ ᠪᠦᠳᠦᠭᠡᠯ ᠨᠢ ᠪᠢᠳᠠᠨ ᠢ ᠭᠠᠶᠢᠬᠠᠰᠢ ᠠᠯᠳᠠᠭᠤᠯᠵᠦ ᠪᠢᠯᠡ᠃ ᠮᠠᠯ ᠤᠨ ᠠᠷᠠᠰᠤ ᠰᠢᠷᠢ ᠶᠢ ᠢᠩᠬᠢᠵᠦ ᠠᠰᠢᠭᠯᠠᠵᠦ ᠪᠤᠯᠳᠠᠭ ᠶᠤᠮ ᠪᠠᠶᠢᠨ᠎ᠠ᠂ ᠮᠠᠯ ᠤᠨ ᠠᠷᠠᠰᠤᠨ ᠤ ᠬᠡᠷᠡᠭᠴᠡᠭᠡ ᠤᠶᠢᠯᠡᠳᠦᠯ ᠵᠦᠪᠭᠡᠨ ᠬᠡᠳᠦ ᠭᠤᠷᠪᠠᠨ ᠲᠦᠬᠦᠷᠢᠭ ᠢᠶᠠᠷ ᠪᠤᠷᠤᠯᠠᠭᠤᠯᠵᠦ ᠤᠷᠬᠢᠬᠤ ᠲᠡᠭᠡᠷ᠎ᠡ ᠪᠠᠶᠢᠬᠤ ᠪᠢᠰᠢ ᠶᠤᠮ ᠪᠠᠶᠢᠨ᠎ᠠ ᠬᠡᠵᠦ ᠤᠯᠠᠨ ᠵᠦᠢᠯ ᠢ ᠰᠡᠳᠬᠢᠯ᠎ᠠ᠃ ᠪᠢᠳᠠᠨ ᠢ ᠪᠠᠭ᠎ᠠ ᠳᠤ᠂ ᠲᠤᠮᠤᠴᠤᠤᠯ ᠦᠭᠡᠷ ᠤᠨ ᠰᠢᠷᠢ ᠢᠳᠡᠭᠡᠯᠡᠨ ᠮᠤᠷᠢᠨ ᠤ ᠡᠳ᠋ᠯᠠᠯ ᠬᠡᠷᠡᠭᠰᠡᠯ ᠬᠢᠳᠡᠭ ᠪᠠᠶᠢᠭᠰᠠᠨ᠂ ᠤᠯᠠᠨ ᠵᠢᠯ ᠤᠨ ᠡᠮᠦᠨ᠎ᠡ ᠮᠠᠨᠠᠶᠢᠬᠢᠨ ᠪᠠᠰᠠ ᠢᠮᠠᠭ᠎ᠠ ᠬᠤᠨᠢᠨ ᠤ ᠠᠷᠠᠰᠤ ᠪᠠᠨ ᠡᠯᠳᠡᠭᠡᠳ ᠠᠷᠠᠰᠤᠨ ᠬᠤᠪᠴᠠᠰᠤ᠂ ᠠᠷᠠᠰᠤᠨ ᠡᠳ᠋ᠯᠡᠯ ᠪᠤᠯᠭᠠᠵᠦ ᠠᠪᠳᠠᠭ ᠪᠠᠶᠢᠭᠰᠠᠨ ᠤᠴᠢᠷᠳᠠᠢ᠃ ᠬᠡᠬᠦ ᠳᠤ ᠤᠶᠢᠷ᠎ᠠ ᠶᠢᠨ ᠬᠤᠷᠢ ᠭᠤᠴᠢᠭᠠᠳ ᠵᠢᠯ ᠤᠨ ᠬᠤᠭᠤᠷᠤᠨᠳᠤ ᠠᠷᠠᠰᠤ ᠪᠠᠨ ᠢᠳᠡᠭᠡᠯᠡᠵᠦ ᠠᠰᠢᠭᠯᠠᠬᠤ ᠬᠦᠮᠦᠨ ᠡᠳᠦᠷ ᠤᠨ ᠤᠳᠤ ᠰᠢᠬ ᠴᠦᠭᠡᠷᠡᠵᠦ᠂ ᠬᠤᠨᠢᠨ ᠠᠷᠠᠰᠤ ᠬᠤᠭ ᠤᠨ ᠤᠪᠤᠭᠠᠨ ᠳᠤ ᠬᠡᠪᠳᠡᠬᠦ ᠪᠤᠯᠤᠭᠰᠠᠨ ᠨᠢ ᠭᠤᠨᠢᠭᠳᠠᠢ᠃    ᠤᠯᠤᠰ ᠤᠨ ᠲᠤᠳᠤᠭᠠᠳᠤ ᠴᠢᠨᠠᠭᠰᠢᠯᠠᠨ ᠲᠡᠯᠡᠬᠡᠢ ᠶᠢᠨ ᠵᠠᠬ᠎ᠠ ᠲᠡᠯᠬᠡᠬᠦᠷ ᠬᠡᠰᠡᠨ ᠦᠭᠡᠢ᠂ ᠠᠷᠠᠰᠤᠨ ᠡᠳ᠋ᠯᠡᠯ ᠨᠢ ᠢᠮᠠᠭᠳᠠ ᠲᠡᠭᠡᠳᠦ ᠲᠡᠰ ᠤᠨ ᠬᠡᠷᠡᠭᠯᠡᠭᠡ ᠶᠢᠨ ᠤᠶᠢᠯᠡᠳᠬᠦᠨ ᠪᠠᠶᠢᠵᠦ᠂ ᠨᠢᠭᠡ ᠨᠡᠷᠡᠳᠦ ᠠᠷᠠᠰᠤᠨ ᠪᠤᠭᠴᠤ ᠬᠡᠳᠦᠨ ᠲᠦᠮᠡ᠂ ᠨᠢᠭᠡ ᠠᠷᠠᠰᠤᠨ ᠭᠡᠳᠦᠷᠭᠡ ᠬᠡᠳᠦᠨ ᠮᠢᠩᠭ᠎ᠠ ᠳᠤ ᠬᠦᠷᠴᠦ ᠪᠠᠶᠢᠨ᠎ᠠ᠃ ᠡᠨᠡ ᠨᠢ ᠠᠷᠠᠰᠤᠨ ᠤ ᠵᠠᠬ᠎ᠠ ᠲᠡᠯᠬᠡᠬᠦᠷ ᠮᠦᠨ ᠬᠦᠭᠵᠢᠶᠡᠨᠳᠡᠢ ᠪᠠᠶᠢᠭ᠎ᠠ ᠶᠢ ᠬᠠᠷᠠᠭᠤᠯᠵᠦ ᠪᠤᠢ᠃ ᠬᠡᠴᠢᠨᠡᠨ ᠵᠢᠯ ᠤᠨ ᠲᠤᠷᠰᠢ ᠮᠠᠯ ᠤᠨ ᠠᠰᠢᠭ ᠰᠢᠮ᠎ᠡ ᠪᠠᠷ ᠢᠶᠠᠨ ᠠᠵᠦ ᠲᠦᠷᠦᠵᠦ ᠪᠠᠶᠢᠭ᠎ᠠ ᠮᠠᠯᠴᠢᠳ ᠮᠠᠨᠢ ᠵᠠᠬ᠎ᠠ ᠲᠡᠯᠭᠡᠬᠦᠷ ᠲᠤ ᠦᠨ᠎ᠡ ᠲᠤᠭᠳᠠᠭᠠᠬᠤ ᠡᠷᠭᠡ ᠦᠭᠡᠢ᠂ ᠦᠭᠡ ᠶᠠᠷᠢᠶᠠᠨ ᠤ ᠤᠷᠤᠨ ᠵᠠᠢ ᠦᠭᠡᠢ ᠶᠢᠨ ᠤᠯᠠᠮ ᠠᠴᠠ ᠤᠷᠤᠯᠭ᠎ᠠ ᠶᠢᠨ ᠬᠢᠨᠢ ᠨᠢᠭᠡ ᠬᠡᠰᠡᠭ ᠪᠠᠶᠢᠭᠰᠠᠨ ᠠᠷᠠᠰᠤ ᠰᠢᠷᠢ ᠪᠠᠨ ᠬᠤᠭ ᠤᠨ ᠤᠪᠤᠭᠠᠨ ᠳᠤ ᠬᠠᠶᠠᠬᠤ ᠬᠡᠮᠵᠢᠶᠡᠨ ᠳᠤ ᠬᠦᠷᠦᠭᠰᠡᠨ ᠨᠢ ᠵᠢᠷᠦᠭᠡ ᠰᠢᠮᠰᠢᠷᠡᠮᠡᠷ᠃    ᠡᠨᠡ ᠨᠢ ᠬᠦᠳᠡᠭᠡ ᠨᠤᠳᠤᠭ ᠲᠤ ᠬᠤᠨᠢᠨ ᠠᠷᠠᠰᠤ ᠪᠠᠨ ᠡᠳ᠋ ᠪᠤᠯᠭᠠᠵᠦ ᠴᠢᠳᠠᠬᠤ ᠬᠦᠮᠦᠨ ᠲᠠᠩᠴᠤ ᠴᠦᠭᠡᠷᠡᠭᠰᠡᠨ᠂ ᠮᠠᠯ ᠤᠨ ᠠᠷᠠᠰᠤ ᠪᠠᠨ ᠦᠷᠳᠡᠭᠯᠡᠬᠦ ᠲᠠᠸᠠᠷᠴᠢᠯᠠᠬᠤ ᠦᠵᠡᠯ ᠤᠬᠠᠮᠰᠠᠷ ᠲᠤᠳᠠᠮᠠᠭ ᠪᠠ ᠰᠢᠨ᠎ᠡ ᠶᠢ ᠡᠬᠦᠳᠬᠦ ᠲᠠᠯ᠎ᠠ ᠪᠠᠷ ᠬᠦᠷᠦᠯᠴᠡᠬᠦ ᠦᠭᠡᠢ ᠪᠠᠶᠢᠭ᠎ᠠ ᠶᠢᠨ ᠤᠴᠢᠷ ᠪᠢᠵᠠ᠃ ᠮᠤᠩᠭᠤᠯᠴᠤᠳ ᠡᠷᠳᠡ ᠲᠡᠭᠡᠳᠦ ᠠᠴᠠ ᠪᠠᠨ ᠠᠪᠤᠭᠠᠳ ᠠᠷᠠᠰᠤ ᠰᠢᠷᠢ ᠶᠢ ᠡᠯᠳᠡᠵᠦ ᠪᠤᠯᠪᠠᠰᠤᠷᠠᠭᠤᠯᠤᠭᠠᠳ ᠡᠳ᠋ ᠪᠤᠯᠭᠠᠳᠠᠭ ᠤᠷ᠎ᠠ ᠮᠡᠷᠬᠡᠵᠢᠯ ᠲᠠᠢ ᠪᠦᠭᠡᠳ ᠤᠳᠤᠬᠠᠨ ᠤ ᠮᠠᠯᠴᠢᠳ ᠤᠨ ᠲᠤᠮᠳᠠ ᠴᠤ ᠤᠷᠠᠨ ᠭᠠᠷ᠂ ᠤᠷ᠎ᠠ ᠮᠡᠷᠬᠡᠵᠢᠯ ᠲᠠᠢ ᠬᠦᠮᠦᠰ ᠴᠦᠭᠡᠨ ᠪᠤᠰᠤ ᠪᠠᠶᠢᠭ᠎ᠠ᠃ ᠡᠳᠡᠭᠡᠷ ᠡᠬᠢ ᠪᠠᠶᠠᠯᠢᠭ ᠢᠶᠠᠨ ᠬᠦᠢᠴᠡᠳ ᠠᠰᠢᠭᠯᠠᠬᠤ ᠳᠤ ᠬᠦᠷᠪᠡᠯ ᠬᠤᠨᠢᠨ ᠠᠷᠠᠰᠤ ᠬᠤᠭ ᠤᠨ ᠤᠪᠤᠭᠠᠨ ᠳᠤ ᠬᠡᠪᠳᠡᠬᠦ ᠬᠤᠪᠢ ᠵᠠᠶᠠᠭᠠᠨ ᠠᠴᠠ ᠪᠠᠨ ᠵᠠᠶᠢᠯᠠᠵᠦ ᠴᠢᠳᠠᠬᠤ ᠨᠢ ᠯᠠᠪᠳᠠᠢ᠃ ᠲᠦᠬᠦᠬᠡᠢ ᠡᠳ᠋ ᠢᠶᠠᠷ ᠨᠢ ᠬᠤᠳᠠᠯᠳᠤᠬᠤ ᠨᠢ ᠬᠡᠵᠢᠶᠡᠳᠡ ᠪᠠᠨ ᠪᠡᠯᠡ ᠠᠯᠳᠠᠬᠤ ᠠᠷᠠᠯᠵᠢᠶ᠎ᠠ᠃ ᠬᠠᠷᠢᠨ ᠰᠢᠨ᠎ᠡ ᠮᠡᠷᠬᠡᠵᠢᠯ ᠰᠤᠷᠤᠯᠴᠠᠬᠤ ᠰᠠᠨᠠᠭ᠎ᠠ ᠪᠤᠳᠤᠯ᠂ ᠰᠢᠨ᠎ᠡ ᠶᠢ ᠡᠬᠦᠳᠬᠦ ᠤᠷ᠎ᠠ ᠤᠬᠠᠭᠠᠨ᠂ ᠬᠦᠳᠡᠯᠮᠦᠷᠢ ᠬᠦᠴᠦ ᠪᠠᠨ ᠵᠠᠷᠤᠴᠠᠭᠤᠯᠬᠤ ᠵᠤᠷᠢᠭ ᠰᠠᠨᠠᠭ᠎ᠠ ᠪᠠᠶᠢᠬᠤ ᠳᠤ ᠯᠠ ᠬᠦᠷᠪᠡᠯ ᠮᠠᠯ ᠤᠨ ᠠᠷᠠᠰᠤᠨ ᠤ ᠦᠨ᠎ᠡ ᠦᠷᠳᠡᠭ ᠢ ᠲᠡᠭᠡᠭᠰᠢᠯᠡᠬᠦᠯᠵᠦ᠂ ᠮᠠᠯᠴᠢᠳ ᠤᠨ ᠤᠷᠤᠯᠭ᠎ᠠ ᠶᠢ ᠨᠡᠮᠡᠭᠳᠡᠬᠦᠯᠬᠦ ᠰᠠᠶᠢᠨ ᠰᠤᠩᠭᠤᠯᠳᠠ ᠪᠤᠯᠵᠦ ᠲᠠᠭᠠᠷᠠᠬᠤ ᠶᠤᠮ᠃
 
ᠢᠷᠡᠯᠲᠡ᠄ ᠠᠯᠠᠱᠠ ᠶᠢᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号