ᠬᠦᠮᠦᠰ ᠮᠤᠳᠤ ᠶᠢ ᠠᠮᠢ ᠨᠠᠰᠤᠨ ᠤ ᠪᠡᠯᠭᠡᠳᠡᠯ ᠬᠢᠭᠡᠳ ᠲᠡᠤᠬᠡ ᠶᠢ ᠬᠡᠷᠡᠴᠢᠯᠡᠭᠴᠢ ᠤᠷᠭᠤᠮᠠᠯ ᠭᠡᠮᠡᠨ ᠶᠠᠷᠢᠳᠠᠭ᠃ | ᠲᠡᠷᠡ ᠨᠢ ᠠᠮᠢ ᠠᠬᠤᠢ ᠶᠢᠨ ᠬᠠᠮᠠᠭᠠᠯᠠᠯᠳᠠ᠂ ᠠᠭᠤᠷ ᠠᠮᠢᠰᠬᠤᠯ ᠤᠨ ᠴᠡᠪᠡᠷᠰᠢᠯᠳᠡ᠂ ᠪᠠᠶᠢᠭᠠᠯᠢ ᠤᠷᠴᠢᠨ ᠤ | ᠦᠵᠡᠮᠵᠢ ᠪᠦᠷᠢᠳᠦᠯ᠂ ᠬᠤᠳᠠ ᠪᠠᠯᠭᠠᠰᠤᠨ ᠤ ᠲᠦᠷᠢ ᠲᠦᠷᠬᠦ ᠶᠢ ᠭᠤᠶᠤᠵᠤ᠂ ᠬᠦᠮᠦᠨ ᠠᠷᠠᠳ ᠤᠨ ᠠᠮᠢᠳᠤᠷᠠᠯ | ᠰᠠᠭᠤᠷᠢᠰᠢᠯ ᠳᠤ ᠴᠢᠮᠡᠭ ᠪᠤᠯᠳᠠᠭ ᠢᠶᠠᠷ ᠵᠢᠯ ᠪᠦᠷᠢ ᠶᠢᠨ 3 ᠰᠠᠷ᠎ᠠ ᠶᠢᠨ 12 ᠤᠨ ᠡᠳᠦᠷ ᠢ ᠪᠦᠬᠦ ᠠᠷᠠᠳ ᠤᠨ | ᠠᠯᠪᠠᠨ ᠵᠢᠷᠤᠮ ᠤᠨ ᠮᠤᠳᠤ ᠲᠠᠷᠢᠬᠤ ᠡᠳᠦᠷ ᠢᠶᠠᠷ ᠲᠤᠬᠳᠠᠭᠠᠬᠰᠠᠨ ᠪᠠᠶᠢᠳᠠᠭ᠃ ᠠᠯᠠᠱᠠ ᠵᠡᠭᠦᠨ ᠬᠤᠰᠢᠭᠤᠨ ᠳᠤ | ᠬᠡᠳᠦᠨ ᠵᠠᠭᠤᠨ ᠵᠢᠯ ᠤᠨ ᠴᠠᠬ ᠬᠤᠭᠤᠴᠠᠭ᠎ᠠ ᠶᠢ ᠲᠤᠭᠤᠯᠵᠤ᠂ ᠬᠡᠳᠦᠨ ᠦᠶ᠎ᠡ ᠶᠢᠨ ᠲᠡᠤᠬᠡ ᠶᠢᠨ ᠬᠤᠪᠢᠷᠠᠯᠳᠠ | ᠬᠦᠭᠵᠢᠯᠳᠡ ᠶᠢ ᠭᠡᠷᠡᠴᠢᠯᠡᠨ ᠲᠡᠮᠳᠡᠭᠯᠡᠭᠰᠡᠨ ᠮᠤᠳᠤ ᠤᠯᠠᠨ ᠪᠠᠶᠢᠳᠠᠭ ᠮᠦᠷᠳᠡᠭᠡᠨ ᠲᠡᠳᠡᠭᠡᠷ ᠤᠨ ᠲᠤᠮᠳᠠ ᠠᠴᠠ | ᠬᠠᠮᠤᠭ ᠤᠨ ᠤᠷᠳᠤ ᠨᠠᠰᠤ ᠲᠠᠢ ᠨᠢ 600 ᠵᠢᠯ ᠤᠨ ᠲᠡᠤᠬᠡ ᠲᠠᠢ ᠪᠤᠯᠤᠬᠰᠠᠨ ᠪᠠᠶᠢᠨ᠎ᠠ᠃ | ᠠᠯᠠᠱᠠ ᠵᠡᠭᠦᠨ ᠬᠤᠰᠢᠭᠤᠨ ᠤ ᠪᠠᠶᠠᠨᠬᠤᠳᠠ ᠪᠠᠯᠭᠠᠰᠤᠨ ᠤ ᠪᠤᠶᠠᠨ ᠠᠷᠪᠢᠳᠬᠠᠬᠴᠢ ᠰᠦᠮ᠎ᠡ ᠶᠢᠨ ᠭᠤᠷᠪᠠᠨ | ᠴᠠᠭ ᠤᠨ ᠪᠤᠷᠬᠠᠨ ᠤ ᠲᠤᠭᠠᠩ ᠤᠨ ᠡᠭᠦᠳᠡᠨ ᠤ ᠵᠡᠭᠦᠨ ᠪᠠᠷᠠᠭᠤᠨ ᠬᠤᠶᠠᠷ ᠲᠠᠯ᠎ᠠ ᠳᠤ ᠬᠤᠶᠠᠷ ᠰᠠᠭᠤᠷᠢ ᠮᠠᠶᠢᠯᠠᠰᠤ ︵ | ᠠᠷᠴᠠ ᠮᠤᠳᠤ᠂ ᠠᠷᠴᠠ ᠶᠢᠨ ᠢᠵᠠᠭᠤᠷ ᠲᠠᠢ ᠮᠤᠳᠤ︶ ᠤᠷᠭᠤᠵᠤ ᠪᠠᠶᠢᠳᠠᠭ᠃ ᠲᠤᠰ ᠰᠦᠮ᠎ᠡ ᠶᠢᠨ | ᠬᠠᠷᠢᠭᠤᠴᠠᠯᠭᠠᠳᠠᠨ ᠤ ᠲᠠᠨᠢᠯᠴᠠᠭᠤᠯᠬᠤ ᠪᠠᠷ ᠬᠤᠶᠠᠷ ᠰᠠᠭᠤᠷᠢ ᠮᠤᠳᠤᠨ ᠤ ᠵᠡᠭᠦᠨ ᠲᠠᠯ᠎ᠠ ᠳᠤ ᠪᠠᠶᠢᠷᠢᠯᠠᠭ᠎ᠠ ᠠᠷᠴᠠ | ᠮᠤᠳᠤ ᠨᠢ ᠤᠳᠤ ᠠᠴᠠ 600 ᠠᠴᠠ 800 ᠵᠢᠯ ᠤᠨ ᠲᠡᠤᠬᠡ ᠲᠠᠢ ᠪᠤᠯᠤᠬᠰᠠᠨ ᠤᠷᠳᠤ ᠨᠠᠰᠤ ᠲᠠᠢ ᠮᠤᠳᠤ ᠪᠤᠯᠤᠨ᠎ᠡ | ᠭᠡᠵᠤ ᠪᠠᠶᠢᠯ᠎ᠠ᠃ ᠲᠤᠰ ᠮᠤᠳᠤᠨ ᠤ ᠦᠨᠳᠦᠷ ᠨᠢ 12 ᠮᠧᠲᠷ᠂ ᠳ᠋ᠢᠶᠠᠮᠧᠲᠷ ᠨᠢ 63.5 ᠰᠡᠨᠲ᠋ᠢᠮᠧᠲᠷ᠂ ᠰᠠᠯᠠᠭ᠎ᠠ | ᠲᠡᠯᠪᠢ ᠨᠢ 10.25 ᠮᠧᠲᠷ ᠲᠤ ᠬᠦᠷᠴᠡᠢ᠃ | ᠠᠯᠠᠱᠠ ᠵᠡᠭᠦᠨ ᠬᠤᠰᠢᠭᠤᠨ ᠤ ᠰᠢᠨᠵᠢᠯᠡᠭᠡ ᠮᠡᠷᠭᠡᠵᠢᠯ ᠪᠤᠯᠤᠨ ᠤᠢ ᠰᠢᠭᠤᠢ ᠨᠤᠳᠤᠭ ᠪᠡᠯᠴᠢᠭᠡᠷ ᠤᠨ | ᠲᠤᠪᠴᠢᠶᠡᠨ ᠤ 2018 ᠤᠨ ᠤ ᠪᠦᠷᠢᠳᠭᠡᠯ ᠳᠤ᠂ ᠠᠯᠠᠱᠠ ᠵᠡᠭᠦᠨ ᠬᠤᠰᠢᠭᠤᠨ ᠤ ᠬᠡᠪᠴᠢᠶᠡᠨ ᠳᠤ 7 ᠶᠡᠭᠡ | ᠲᠦᠷᠦᠯ ᠤᠨ 11 ᠪᠠᠭ᠎ᠠ ᠲᠦᠷᠦᠯ ᠳᠤ ᠨᠡᠶᠢᠳᠡ 242084 ᠰᠠᠭᠤᠷᠢ ᠤᠷᠳᠤ ᠨᠠᠰᠤ ᠲᠠᠢ ᠮᠤᠳᠤ ᠪᠠᠶᠢᠵᠤ᠂ | ᠡᠭᠦᠨ ᠳᠤ 100 ᠵᠢᠯ ᠠᠴᠠ ᠲᠡᠭᠡᠭᠰᠢ ᠪᠤᠯᠤᠬᠰᠠᠨ ᠮᠤᠳᠤ 360 ᠰᠠᠭᠤᠷᠢ ︵500 ᠵᠢᠯ ᠠᠴᠠ ᠲᠡᠭᠡᠭᠰᠢ 5 ᠮᠤᠳᠤ | ᠂ 300 ᠵᠢᠯ ᠠᠴᠠ ᠲᠡᠭᠡᠭᠰᠢ 61 ᠮᠤᠳᠤ︶ ᠪᠠᠶᠢᠵᠤ᠂ ᠭᠤᠤᠯᠳᠠᠭᠤ ᠮᠠᠶᠢᠯᠠᠰᠤ᠂ ᠨᠠᠷᠠᠰᠤ᠂ ᠠᠭᠠᠷᠴᠠ᠂ ᠬᠠᠶᠢᠯᠠᠰᠤ | ᠵᠡᠷᠭᠡ ᠮᠤᠳᠤ ᠪᠠᠷ ᠲᠦᠪᠯᠡᠷᠡᠵᠤ ᠪᠠᠶᠢᠨ᠎ᠠ ᠭᠡᠵᠤ ᠲᠡᠮᠳᠡᠭᠯᠡᠵᠡᠢ᠃ ᠡᠳᠡᠭᠡᠷ ᠤᠨ ᠲᠤᠮᠳᠠ ᠠᠴᠠ ᠪᠤᠶᠠᠨ ᠠᠷᠪᠢᠳᠬᠠᠬᠴᠢ | ᠰᠦᠮ᠎ᠡ ᠶᠢᠨ 600 ᠭᠠᠷᠤᠢ ᠵᠢᠯ ᠤᠨ ᠲᠡᠤᠬᠡ ᠲᠠᠢ ᠠᠷᠴᠠ ᠮᠤᠳᠤ᠂ ᠪᠠᠶᠠᠨᠨᠢᠷᠤᠭᠤᠨ ᠰᠤᠮᠤᠨ ᠤ ᠬᠡᠪᠴᠢᠶᠡᠨ ᠳᠤ | ᠤᠷᠭᠤᠵᠤ ᠪᠠᠶᠢᠭ᠎ᠠ 570 ᠭᠠᠷᠤᠢ ᠵᠢᠯ ᠤᠨ ᠲᠡᠤᠬᠡ ᠲᠠᠢ ᠬᠠᠶᠢᠯᠠᠰᠤ ᠵᠡᠷᠭᠡ ᠮᠤᠳᠤ ᠨᠢ ᠤᠷᠭᠤᠬᠰᠠᠨ ᠴᠠᠭ | ᠬᠤᠭᠤᠴᠠᠭᠠᠨ ᠤ ᠲᠠᠯ᠎ᠠ ᠪᠠᠷ ᠬᠠᠮᠤᠭ ᠤᠷᠳᠤ ᠨᠠᠰᠤ ᠲᠠᠢ ᠮᠤᠳᠤ ᠪᠤᠯᠵᠡᠢ᠃ ᠡᠨᠡ ᠵᠢᠯ ᠤᠨ 4 ᠰᠠᠷ᠎ᠠ ᠠᠴᠠ ᠡᠬᠢᠯᠡᠵᠤ | ᠂ ᠠᠯᠠᠱᠠ ᠵᠡᠭᠦᠨ ᠬᠤᠰᠢᠭᠤᠨ ᠤ ᠬᠤᠳᠠ ᠶᠢᠨ ᠨᠤᠭᠤᠭᠠᠷᠠᠭᠤᠯᠤᠯᠳᠠ ᠶᠢᠨ ᠦᠢᠯᠡᠴᠢᠯᠡᠭᠡᠨ ᠤ ᠲᠦᠪ ᠤᠨ ᠬᠢᠨ | ᠪᠠᠶᠠᠨᠬᠤᠳᠠ ᠳᠤ ᠪᠠᠶᠢᠭ᠎ᠠ ᠡᠷᠳᠡᠨ ᠤ 103 ᠤᠷᠳᠤ ᠨᠠᠰᠤ ᠲᠠᠢ ᠮᠤᠳᠤᠨ ᠤ ᠵᠢᠷᠤᠬ ᠠᠪᠬᠤ᠂ ᠪᠠᠶᠢᠷᠢᠰᠢᠯ ᠢ | ᠲᠤᠬᠳᠠᠭᠠᠬᠤ᠂ ᠦᠨᠳᠦᠷ᠂ ᠳ᠋ᠢᠶᠠᠮᠧᠲᠷ᠂ ᠰᠠᠯᠠᠭ᠎ᠠ ᠲᠠᠯᠪᠢ ᠶᠢ ᠬᠡᠮᠵᠢᠬᠦ᠂ ᠤᠷᠭᠤᠯᠳᠠ ᠶᠢᠨ ᠪᠠᠶᠢᠳᠠᠯ᠂ ᠤᠨ ᠴᠠᠬ ᠢ | ᠲᠠᠩᠰᠠᠯᠠᠨ ᠲᠡᠮᠳᠡᠭᠯᠡᠬᠦ ᠠᠵᠢᠯ ᠢ ᠵᠤᠬᠢᠶᠠᠨ ᠪᠠᠶᠢᠭᠤᠯᠤᠬᠰᠠᠨ ᠢᠶᠠᠷ ᠲᠠᠮᠵᠢᠨ 12 ᠲᠦᠷᠦᠯ ᠤᠨ ᠮᠤᠳᠤ᠂ ᠨᠢᠭᠡᠳᠦᠭᠡᠷ | ᠲᠡᠰ ᠤᠨ ᠡᠷᠳᠡᠨ ᠤ ᠮᠤᠳᠤ 2 ᠰᠠᠭᠤᠷᠢ᠂ ᠬᠤᠶᠠᠳᠤᠭᠠᠷ ᠲᠡᠰ ᠤᠨ ᠡᠷᠳᠡᠨ ᠤ ᠮᠤᠳᠤ 51 ᠰᠠᠭᠤᠷᠢ ᠪᠠᠶᠢᠬᠤ ᠶᠢ | ᠲᠤᠳᠤᠯᠠᠨ ᠲᠡᠮᠳᠡᠭᠯᠡᠭᠰᠡᠨ ᠪᠠᠶᠢᠨ᠎ᠠ᠃ ᠠᠯᠠᠱᠠ ᠵᠡᠭᠦᠨ ᠬᠤᠰᠢᠭᠤᠨ ᠤ ᠬᠤᠳᠠ ᠶᠢᠨ ᠨᠤᠭᠤᠭᠠᠷᠠᠭᠤᠯᠤᠯᠳᠠ ᠶᠢᠨ | ᠦᠢᠯᠡᠴᠢᠯᠡᠭᠡᠨ ᠤ ᠲᠦᠪ ᠤᠨ ᠲᠡᠳ᠋ ᠡᠷᠬᠢᠯᠡᠭᠴᠢ ᠶᠠᠩ ᠶᠦᠨ ᠲᠢᠶᠡᠨ ᠬᠡᠯᠡᠬᠦ ᠳᠡᠭᠡᠨ᠂ ︽ᠡᠷᠳᠡᠨ ᠤ ᠤᠷᠳᠤ | ᠨᠠᠰᠤ ᠲᠠᠢ ᠮᠤᠳᠤ ᠶᠢ ᠲᠠᠩᠰᠠᠯᠠᠨ ᠲᠡᠮᠳᠡᠭᠯᠡᠬᠦ ᠪᠠᠷ ᠲᠠᠮᠵᠢᠭᠤᠯᠤᠨ ᠡᠳᠡᠭᠡᠷ ᠮᠤᠳᠤᠨ ᠤ ᠨᠠᠷᠢᠨ ᠪᠠᠶᠢᠳᠠᠯ ᠳᠤ ᠲᠠᠩᠰᠠ | ᠲᠡᠮᠳᠡᠭᠯᠡᠯ ᠪᠠᠶᠢᠭᠤᠯᠵᠤ᠂ ᠲᠡᠭᠦᠨ ᠤ ᠠᠮᠢ ᠠᠬᠤᠢ ᠶᠢᠨ ᠰᠤᠳᠤᠯᠭᠠᠨ ᠪᠤᠯᠤᠨ ᠲᠤᠬᠠᠢ ᠶᠢᠨ ᠭᠠᠵᠠᠷ ᠤᠷᠤᠨ ᠤ ᠴᠠᠬ | ᠠᠭᠤᠷ ᠪᠠᠶᠢᠭᠠᠯᠢ ᠤᠷᠴᠢᠨ ᠤ ᠬᠤᠪᠢᠷᠠᠯᠳᠠ ᠶᠢ ᠰᠤᠳᠤᠯᠬᠤ ᠳᠤ ᠴᠢᠬᠤᠯᠠ ᠭᠡᠷᠡᠴᠢ ᠪᠠᠷᠢᠮᠳᠠ ᠪᠤᠯᠭᠠᠬᠤ ᠶᠢᠨ ᠬᠠᠮᠳᠤ | ᠡᠷᠳᠡᠨ ᠤ ᠤᠷᠳᠤ ᠨᠠᠰᠤ ᠲᠠᠢ ᠮᠤᠳᠤ ᠶᠢ ᠬᠠᠮᠠᠭᠠᠯᠠᠬᠤ ᠲᠤᠤᠷ ᠬᠦᠷᠢᠶ᠎ᠡ ᠪᠠᠶᠢᠭᠤᠯᠤᠨ᠂ ᠬᠤᠷᠤᠬᠠᠢ ᠰᠢᠪᠡᠵᠢ ᠶᠢᠨ | ᠬᠦᠨᠦᠭᠡᠯ ᠢ ᠠᠷᠢᠯᠭᠠᠨ᠂ ᠤᠷᠳᠤ ᠬᠤᠭᠤᠴᠠᠭ᠎ᠠ ᠪᠠᠷ ᠦᠯᠡᠳᠡᠭᠡᠨ ᠬᠠᠮᠠᠭᠠᠯᠠᠬᠤ ᠠᠵᠢᠯ ᠳᠤ ᠰᠠᠭᠤᠷᠢ ᠲᠠᠯᠪᠢᠵᠡᠢ︾ | ᠭᠡᠪᠡ᠃ |