ᠡᠮᠡᠭᠲᠡᠢ ᠬᠦᠮᠦᠨ ᠤ ᠠᠵᠠ ᠵᠢᠷᠭᠠᠯ ᠡᠩ ᠤᠨ ᠵᠦᠢᠯ ᠠᠴᠠ ᠰᠢᠯᠲᠠᠭᠠᠯᠠᠳᠠᠭ
ᠨᠡᠶᠢᠲᠡᠯᠡᠭᠰᠡᠨ ᠴᠠᠭ᠄
2021/9/1
    ᠨᠡᠶᠢᠭᠡᠮ ᠤᠨ ᠶᠠᠩᠵᠤ ᠪᠦᠷᠢ ᠶᠢᠨ ᠪᠦᠯᠦᠭ᠂ ᠦᠭᠡᠷ᠎ᠡ ᠦᠭᠡᠷ᠎ᠡ ᠨᠠᠰᠤᠨ ᠤ ᠠᠩᠭᠢᠯᠠᠯ ᠳᠤ ᠪᠠᠭᠲᠠᠬᠤ 850 ᠡᠮᠡᠭᠲᠡᠢ ᠶᠢ ᠬᠠᠮᠤᠷᠤᠭᠤᠯᠤᠭᠰᠠᠨ ᠲᠤᠷᠰᠢᠯᠲᠠ ᠶᠢ ᠶᠠᠪᠤᠭᠤᠯᠤᠭᠠᠳ ᠡᠷᠳᠡᠮᠲᠡᠳ ᠡᠮᠡᠭᠲᠡᠶᠢᠴᠦᠳ ᠢ ᠴᠤᠬᠤᠮ ᠶᠠᠭᠤ ᠠᠵᠠ ᠵᠢᠷᠭᠠᠯ ᠲᠠᠢ ᠪᠣᠯᠭᠠᠳᠠᠭ ᠪᠤᠢ ᠭᠡᠳᠡᠭ ᠢ ᠲᠣᠭᠲᠠᠭᠠᠵᠤ ᠴᠢᠳᠠᠭᠰᠠᠨ ᠪᠠᠶᠢᠨ᠎ᠠ᠃ ᠰᠤᠳᠤᠯᠭᠠᠨ ᠳᠤ ᠣᠷᠣᠯᠴᠠᠭᠴᠢᠳ ᠤᠨ ᠥᠭᠭᠦᠭᠰᠡᠨ ᠬᠠᠷᠢᠭᠤᠯᠲᠠ ᠨᠤᠭᠤᠳ ᠲᠤ ᠳ᠋ᠦᠩ ᠰᠢᠨᠵᠢᠯᠡᠭᠡ ᠬᠢᠭᠡᠳ ᠡᠷᠳᠡᠮᠲᠡᠳ ᠠᠯᠢᠪᠠ ᠡᠮᠡᠭᠲᠡᠢ  ᠶᠢ ᠮᠠᠰᠢ  ᠡᠩ ᠤᠨ ᠵᠦᠢᠯᠡᠰ ᠪᠠᠶᠠᠷ ᠬᠦᠷ ᠲᠠᠢ  ᠪᠣᠯᠭᠠᠬᠤ ᠴᠢᠳᠠᠪᠤᠷᠢ ᠲᠠᠢ ᠭᠡᠰᠡᠨ ᠳ᠋ᠦᠩᠨᠡᠯᠲᠡ ᠳᠤ ᠬᠦᠷᠴᠡᠢ᠃     ᠵᠢᠱᠢᠶ᠎ᠡ ᠨᠢ᠂ ᠣᠷᠣᠯᠴᠠᠭᠴᠢᠳ ᠤᠨ ᠳᠡᠶᠢᠯᠦᠩᠬᠢ ᠨᠢ ᠪᠡᠶ᠎ᠡ ᠶᠢᠨ ᠵᠢᠩ ᠨᠢ ᠬᠠᠰᠤᠭᠳᠠᠭᠰᠠᠨ ᠭᠡᠬᠦ ᠮᠡᠳᠡᠭᠡᠯᠡᠯ ᠳᠤ ᠦᠨᠡᠨ ᠭᠤᠣᠯ ᠠᠴᠠ ᠪᠠᠨ ᠪᠠᠶᠠᠷᠯᠠᠳᠠᠭ ᠭᠡᠨ᠎ᠡ ᠰᠢᠦ᠃ ᠪᠡᠶ᠎ᠡ ᠶᠢᠨ ᠭᠠᠯᠪᠢᠷ ᠨᠢ ᠢᠯᠡᠭᠦᠦ ᠭᠤᠸᠠᠯᠢᠭ ᠪᠣᠯᠤᠭᠰᠠᠨ ᠭᠡᠵᠦ ᠮᠡᠳᠡᠪᠡᠯ ᠲᠡᠷᠡ ᠡᠮᠡᠭᠲᠡᠢ ᠬᠢᠵᠠᠭᠠᠷ ᠦᠭᠡᠢ ᠪᠠᠶᠠᠷ ᠬᠥᠷ ᠲᠤ ᠠᠪᠲᠠᠵᠤ᠂ ᠥᠪᠡᠷᠲᠡᠭᠡᠨ ᠢᠲᠡᠭᠡᠯ ᠲᠠᠢ ᠪᠣᠯᠤᠭᠰᠠᠨ ᠢᠶᠠᠷ ᠠᠮᠢᠳᠤᠷᠠᠯ ᠤᠨ  ᠬᠢ  ᠨᠢ  ᠴᠢᠨᠠᠷ  ᠲᠤ  ᠡᠶᠡᠷᠭᠦ  ᠥᠭᠡᠷᠡᠴᠢᠯᠡᠯᠳ᠋᠊ ‍ᠡ ᠨᠦᠭᠦᠳ  ᠭᠠᠷᠳᠠᠭ  ᠠᠵᠢ᠃     ᠠᠵᠠ ᠵᠢᠷᠭᠠᠯ ᠲᠠᠢ ᠪᠠᠶᠢᠨ᠎ᠠ ᠬᠡᠮᠡᠨ ᠥᠪᠡᠷ ᠢ ᠪᠠᠨ ᠮᠡᠳᠡᠷᠡᠬᠦ ᠳᠠᠷᠠᠭᠠᠴᠢ ᠶᠢᠨ ᠨᠢᠭᠡ ᠲᠣᠮᠣ ᠰᠢᠯᠲᠠᠭᠠᠨ ᠪᠣᠯ ᠳᠡᠯᠭᠡᠭᠦᠷ ᠢᠶᠠᠷ ᠬᠡᠰᠦᠨ ᠬᠤᠪᠴᠠᠰᠤ ᠬᠤᠨᠠᠷ ᠬᠤᠳᠠᠯᠳᠤᠵᠤ ᠠᠪᠬᠤ ᠶᠠᠪᠤᠳᠠᠯ ᠭᠡᠨ᠎ᠡ᠃ ᠲᠤᠷᠰᠢᠯᠲᠠ ᠳᠤ ᠣᠷᠣᠯᠴᠠᠭᠰᠠᠨ ᠪᠦᠬᠦ ᠡᠮᠡᠭᠲᠡᠶᠢᠴᠦᠳ ᠬᠤᠪᠴᠠᠰᠤᠨ ᠤ ᠱᠦᠭᠦᠢ ᠪᠠᠨ ᠰᠢᠨ᠎ᠡ ᠡᠮᠦᠰᠬᠡᠯ ᠢᠶᠠᠷ ᠳᠦᠭᠦᠷᠭᠡᠬᠦ ᠶᠢᠨ ᠲᠤᠯᠠᠳᠠ ᠳᠡᠯᠭᠡᠭᠦᠷ ᠬᠡᠰᠦᠬᠦ ᠶᠠᠪᠤᠳᠠᠯ ᠨᠢ ᠰᠡᠳᠬᠢᠯ ᠰᠠᠨᠠᠭ᠎ᠠ ᠪᠠᠨ ᠰᠠᠶᠢᠵᠢᠷᠠᠭᠤᠯᠬᠤ ᠮᠠᠰᠢ ᠰᠠᠶᠢᠨ ᠠᠷᠭ᠎ᠠ ᠬᠡᠷᠡᠭᠰᠡᠯ ᠭᠡᠳᠡᠭ ᠢ ᠣᠨᠴᠠᠯᠠᠵᠠᠢ᠃ ᠬᠠᠶᠢᠷᠠᠲᠠᠢ ᠬᠦᠮᠤᠨ ᠠᠴᠠ ᠪᠠᠨ ᠭᠤᠶᠣᠮᠰᠤᠭ ᠴᠡᠴᠡᠭ ᠠᠪᠤᠭᠰᠠᠨ ᠡᠮᠡᠭᠲᠡᠢ ᠪᠠᠰᠠ ᠶᠡᠭᠡ ᠠᠵᠠ ᠵᠢᠷᠭᠠᠯ ᠢᠶᠠᠷ ᠪᠢᠯᠬᠠᠳᠠᠭ ᠠᠵᠤ᠃ ᠰᠤᠳᠤᠯᠤᠭᠠᠴᠢᠳ ᠠᠯᠢᠪᠠ ᠡᠮᠡᠭᠲᠡᠢ ᠶᠢᠨ ᠰᠡᠳᠬᠢᠯ ᠰᠠᠨᠠᠭ᠎ᠠ ᠶᠢ ᠰᠠᠶᠢᠬᠠᠨ ᠪᠣᠯᠭᠠᠬᠤ ᠴᠢᠳᠠᠪᠤᠷᠢ ᠲᠠᠢ ᠵᠦᠢᠯ ᠤᠨ ᠨᠢᠭᠡ ᠪᠣᠯ ᠶᠠᠮᠠᠷ ᠨᠢᠭᠡ ᠣᠨᠴᠠ ᠶᠢᠨ ᠰᠢᠯᠲᠠᠭ᠂ ᠰᠢᠯᠲᠠᠭᠠᠨ ᠦᠭᠡᠢ ᠪᠠᠷ ᠪᠡᠯᠡᠭᠯᠡᠭᠰᠡᠨ ᠭᠠᠭᠴᠠ ᠰᠢᠷᠬᠡᠭ ᠴᠡᠴᠡᠭ ᠭᠡᠳᠡᠭ ᠢ ᠥᠭᠦᠯᠡᠪᠡ᠃  
 
ᠢᠷᠡᠯᠲᠡ᠄ ᠠᠯᠠᠱᠨ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠲᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号