ᠤᠰᠤᠨ ᠳᠤ ᠵᠢᠪᠬᠦ ᠠᠴᠠ ᠰᠡᠷᠭᠡᠶᠢᠯᠡᠬᠦ ᠡᠳᠡᠭᠡᠷ ᠮᠡᠳᠡᠯᠭᠡ ᠶᠢ ᠬᠡᠤᠬᠡᠳ ᠤᠳ ᠲᠤ  ᠬᠡᠯᠡᠵᠦ ᠥᠭᠬᠦ ᠬᠡᠷᠡᠭᠲᠡᠶ
ᠨᠡᠶᠢᠲᠡᠯᠡᠭᠰᠡᠨ ᠴᠠᠭ᠄
2021/8/4
     ᠳᠡᠯᠡᠬᠡᠶ ᠶᠢᠨ ᠡᠷᠡᠭᠦᠯ ᠬᠠᠮᠠᠭᠠᠯᠠᠯ ᠤᠨ ᠵᠣᠬᠢᠶᠠᠨ ᠪᠠᠶᠢᠭᠤᠯᠤᠯᠲᠠ ᠪᠣᠯᠤᠨ ᠣᠯᠠᠨ ᠤᠯᠤᠰ ᠤᠨ ᠬᠤᠯᠪᠣᠭᠠᠲᠤ ᠪᠠᠶᠢᠭᠤᠯᠣᠯᠭ᠎ᠠ ᠶᠢᠨ ᠬᠡᠤᠬᠡᠳ ᠤᠨ ᠰᠠᠭᠤᠷᠢ ᠮᠥᠩᠭᠦᠨ ᠤ ᠨᠡᠶᠢᠭᠡᠮᠯᠢᠭ ᠤᠨ  ᠨᠡᠶᠢᠲᠡᠯᠡᠭᠰᠡᠨ ︽ᠳᠡᠯᠡᠬᠡᠶ ᠶᠢᠨ ᠬᠡᠤᠬᠡᠳ ᠤᠨ ᠬᠤᠤᠷᠳᠤᠯ ᠭᠡᠮᠲᠦᠯ ᠢ ᠰᠡᠷᠭᠡᠶᠢᠯᠡᠬᠦ ᠮᠡᠳᠡᠭᠦᠯᠦᠯᠲᠡ︾ ᠠᠴᠠ ᠦᠵᠡᠪᠡᠯ᠂ ᠪᠦᠬᠦ ᠪᠥᠮᠪᠥᠷᠴᠡᠭ ᠲᠤ ᠡᠳᠦᠷ ᠪᠦᠷᠢ ᠪᠠᠷᠤᠭ 480 ᠬᠡᠦᠬᠡᠳ ᠤᠰᠤᠨ ᠳᠤ ᠵᠢᠪᠴᠦ ᠦᠬᠦᠵᠣ ᠪᠠᠶᠢᠭ᠎ᠠ  ᠠᠵᠠᠢ᠃  ᠡᠶᠢᠮᠤ   ᠠᠴᠠ  ᠣᠰᠣᠨ   ᠳᠤ  ᠵᠢᠪᠬᠦ   ᠠᠴᠠ ᠰᠡᠷᠬᠡᠶᠢᠯᠡᠬᠦ ᠲᠣᠣᠷᠠᠬᠢ ᠮᠡᠳᠡᠯᠭᠡ ᠶᠢ ᠡᠷᠬᠡᠪᠰᠢ ᠬᠡᠦᠬᠡᠳ ᠲᠡᠭᠡᠨ ᠮᠡᠳᠡᠭᠦᠯᠬᠦ ᠬᠡᠷᠡᠭᠲᠡᠢ᠃     12 ᠮᠢᠨᠦ᠋ᠲ ᠬᠦᠴᠢᠯᠲᠥ᠋ᠷᠥᠭᠴᠢ ᠲᠣᠳᠠᠭᠳᠠᠪᠠᠯ ᠠᠮᠢᠳᠤᠷᠠᠬᠤ ᠪᠤᠯᠤᠮᠵᠢ ᠮᠠᠰᠢ ᠪᠠᠭ᠎ᠠ      ᠪᠡᠭᠡᠵᠢᠩ ᠤᠨ ᠬᠡᠤᠬᠡᠳ ᠤᠨ ᠡᠮᠨᠡᠯᠭᠡ ᠶᠢᠨ ᠬᠤᠷᠢᠶᠠᠨ ᠤ ᠱᠦᠨ ᠢ ᠡᠮᠡᠭᠲᠡᠶᠢᠴᠤᠳ ᠬᠡᠤᠬᠡᠳ ᠤᠨ ᠡᠮᠨᠡᠯᠭᠡ ᠶᠢᠨ ᠬᠤᠷᠢᠶᠠᠨ ᠤ ᠶᠡᠷᠦᠩᠬᠡᠶᠢᠯᠡᠭᠰᠡᠨ ᠭᠠᠳᠠᠷ ᠰᠠᠯᠠᠭᠠᠨ ᠤ ᠭᠤᠤᠯ ᠡᠮᠴᠢ ᠵᠦ ᠯᠢᠨ ᠱᠧᠩ  ᠲᠠᠨᠢᠯᠴᠠᠭᠤᠯᠬᠤ ᠳᠠᠭᠠᠨ᠂ ᠬᠥᠮᠦᠨ ᠤᠰᠤᠨ ᠳᠤ ᠵᠢᠪᠪᠦᠭᠰᠡᠨ ᠤ ᠳᠠᠷᠠᠭ᠎ᠠ ᠶᠡᠭᠡ ᠬᠡᠮᠵᠢᠶᠡᠨ ᠤ ᠤᠰᠤ  ᠪᠢᠳᠡᠨ ᠤ ᠠᠮᠢᠰᠬᠤᠯ ᠤᠨ ᠵᠠᠮ ᠶᠢ ᠬᠦᠨᠳᠦ ᠨᠣᠴᠢᠲᠠᠢ ᠪᠦᠭᠯᠡᠵᠥ᠂ ᠠᠭᠤᠰᠬᠢᠨ ᠤ ᠬᠦᠴᠢᠯᠲᠥ᠋ᠷᠥᠭᠴᠢ  ᠪᠣᠯᠤᠨ  ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ ᠤᠨ ᠬᠡᠢ ᠪᠡᠶᠡᠲᠦ ᠶᠢᠨ ᠰᠣᠯᠢᠯᠴᠠᠭ᠎ᠠ ᠳᠤ ᠬᠠᠷᠰᠢ ᠰᠠᠭᠠᠳ ᠤᠴᠠᠷᠠᠭᠤᠯᠵᠦ ᠠᠮᠢᠰᠬᠤᠯ ᠪᠥᠭᠯᠡᠷᠡᠳᠡᠭ︔ ᠡᠭᠦᠨ ᠠᠴᠠ ᠭᠠᠳᠠᠨ᠎ᠠ᠂  ᠶᠡᠭᠡ  ᠬᠡᠮᠵᠢᠶᠡᠨ ᠤ ᠤᠰᠤ ᠪᠠ ᠪᠣᠰᠣᠳ ᠪᠣᠳᠠᠰ ᠬᠥᠮᠦᠨ ᠤ ᠬᠤᠭᠤᠯᠠᠶ ᠳᠤ ᠣᠷᠣᠬᠤ ᠦᠶᠡᠰ ᠲᠥᠪᠣᠩᠬᠡᠶ ᠳᠤ ᠰᠡᠳᠦᠯᠲᠡ ᠥᠭᠴᠦ ᠵᠠᠩᠭᠢᠷᠠᠬᠤ ᠴᠢᠨᠠᠭᠰᠢᠯᠠᠪᠠᠯ ᠵᠢᠷᠦᠬᠡᠨ ᠤ ᠯᠤᠭᠰᠢᠯᠲᠠ ᠶᠢ ᠵᠣᠭᠰᠣᠭᠠᠳᠠᠭ᠃ ᠡᠨᠡ ᠬᠤᠶᠠᠷ  ᠪᠠᠶᠢᠳᠠᠯ   ᠨᠢ  ᠴᠥᠮ ᠬᠥᠮᠦᠨ ᠢ ᠦᠬᠦᠭᠦᠯᠳᠡᠭ ᠶᠤᠮ ᠃ ᠶᠡᠷᠦ ᠳᠡᠭᠡᠨ ᠬᠦᠮᠣᠨ ᠤ ᠪᠡᠶ᠎ᠡ ᠮᠠᠬᠠᠪᠣᠳ 4 ᠮᠢᠨᠦ᠋ᠲ ᠠᠴᠠ 6 ᠮᠢᠨᠦ᠋ᠲ ᠬᠦᠴᠢᠯᠲᠥ᠋ᠷᠥᠭᠴᠢ ᠳᠤᠲᠠᠪᠠᠯ ᠲᠠᠷᠢᠬᠢᠨ  ᠤ ᠮᠡᠳᠡᠷᠡᠯ ᠤᠨ ᠡᠰ ᠲᠤ ᠡᠪᠡᠳᠴᠢᠨ ᠤ ᠬᠤᠪᠢᠷᠠᠯᠲᠠ ᠡᠬᠦᠰᠴᠣ᠂ 12 ᠮᠢᠨᠦ᠋ᠲ ᠬᠦᠴᠢᠯᠲᠥ᠋ᠷᠥᠭᠴᠢ  ᠲᠣᠳᠠᠭᠳᠠᠪᠠᠯ  ᠠᠮᠢᠳᠤᠷᠠᠬᠤ ᠪᠤᠯᠤᠮᠵᠢ ᠮᠠᠰᠢ ᠪᠠᠭ᠎ᠠ ᠪᠠᠶᠢᠳᠠᠭ᠃     ᠤᠰᠤᠨ ᠳᠤ ᠤᠨᠠᠪᠠᠯ ᠥᠪᠡᠷ ᠢ ᠪᠠᠨ ᠢᠩᠭᠢᠵᠦ ᠠᠪᠤᠷᠠᠭᠠᠷᠠᠶ     ᠡᠮᠴᠢ ᠵᠦ ᠯᠢᠨ ᠱᠧᠩ ᠲᠠᠨᠢᠯᠴᠠᠭᠤᠯᠬᠤ ᠳᠠᠭᠠᠨ᠂ ᠤᠰᠤᠨ ᠤ ᠠᠶᠤᠯᠲᠠᠶ ᠣᠷᠣᠨ ᠢ ᠬᠡᠷᠬᠢᠨ ᠢᠯᠭᠠᠨ ᠲᠠᠨᠢᠬᠤ ᠶᠢ ᠪᠢᠳᠡ ᠬᠡᠤᠬᠡᠳ ᠲᠤ ᠵᠢᠭᠠᠵᠤ ᠥᠭᠬᠦ ᠬᠡᠷᠡᠭᠲᠡᠶ᠃ ᠵᠢᠩᠬᠢᠨᠢ ᠤᠮᠪᠠᠯᠲᠠ ᠶᠢᠨ ᠭᠠᠵᠠᠷ ︵ᠠᠮᠤᠷ ᠢ ᠬᠠᠮᠠᠭᠠᠯᠠᠭᠴᠢ  ᠪᠠ ᠤᠰᠤᠨ ᠤ ᠭᠦᠨ ᠭᠦᠢᠬᠡᠨ  ᠤ ᠢᠯᠡᠷᠬᠡᠶᠢᠯᠡᠭᠴᠢ ᠪᠠᠶᠢᠬᠤ ᠬᠡᠷᠡᠭᠲᠡᠢ︶ ᠠᠴᠠ ᠪᠤᠰᠤᠳ ᠠᠮᠤᠷ ᠢ ᠬᠠᠮᠠᠭᠠᠯᠠᠬᠤ ᠬᠦᠮᠣᠨ  ᠪᠠᠶᠢᠬᠤ  ᠦᠬᠡᠢ  ᠪᠠ ᠠᠮᠤᠷ ᠲᠦᠪᠰᠢᠨ ᠤ ᠲᠥᠬᠦᠭᠡᠷᠦᠮᠵᠢ ᠦᠬᠡᠢ ᠪᠠᠶᠢᠳᠠᠯ ᠳᠣᠣᠷ᠎ᠠ ᠴᠥᠭᠦᠷᠥᠮ᠂ ᠭᠤᠣᠯ ᠮᠥᠷᠡᠨ᠂ ᠳᠠᠯᠠᠢ ᠶᠢᠨ ᠤᠰᠤᠨ ᠳᠤ ᠣᠴᠢᠵᠤ ᠤᠰᠤ ᠨᠠᠭᠠᠳᠴᠤ ᠪᠣᠯᠬᠤ ᠦᠬᠡᠢ᠃ ᠴᠢᠨᠠᠭᠰᠢᠯᠠᠪᠠᠯ ᠭᠡᠷ ᠤᠨ ᠪᠡᠶ᠎ᠡ ᠤᠬᠢᠶᠠᠬᠤ ᠰᠠᠪᠠ ᠨᠢ ᠬᠦᠷᠲᠡᠯ᠎ᠡ ᠤᠰᠤᠨ ᠳᠤ ᠵᠢᠪᠬᠦ ᠠᠶᠤᠯ ᠲᠠᠢ ᠭᠡᠳᠡᠭ ᠢ  ᠬᠡᠤᠬᠡᠳ ᠲᠡᠭᠡᠨ ᠬᠡᠯᠡᠵᠦ ᠦᠭᠬᠦ ᠬᠡᠷᠡᠭᠲᠡᠢ ᠭᠡᠪᠡ᠃     ᠡᠭᠦᠨ ᠤ ᠬᠠᠮᠲᠤ᠂ ᠬᠡᠦᠬᠡᠳ ᠲᠤ ᠵᠥᠪ ᠣᠨᠣᠪᠴᠢᠲᠠᠢ ᠥᠪᠡᠷ ᠢ ᠪᠠᠨ ᠠᠪᠤᠷᠠᠬᠤ ᠠᠷᠭ᠎ᠠ ᠶᠢ ᠡᠵᠡᠮᠰᠢᠭᠦᠯᠬᠦ ᠬᠡᠷᠡᠭᠲᠡᠢ᠃ ᠵᠢᠱᠢᠶᠡᠯᠡᠪᠡᠯ᠂ ᠤᠰᠤᠨ ᠳᠤ ᠤᠮᠪᠠᠭ᠋ᠤ ᠦᠶ᠎ᠡ ᠳᠤ ᠬᠦᠯ ᠤᠨ ᠪᠤᠯᠴᠢᠩ ᠤᠨ  ᠰᠢᠷᠪᠥᠰᠥ  ᠲᠠᠲᠠᠬᠤ  ᠪᠠᠶᠢᠳᠠᠯ ᠭᠠᠷᠳᠠᠭ᠃ ᠡᠨᠡ  ᠦᠶ᠎ᠡ   ᠳᠤ  ᠰᠢᠷᠪᠥᠰᠥ  ᠲᠠᠲᠠᠭᠰᠠᠨ  ᠬᠥᠯ ᠤᠨ  ᠬᠤᠷᠤᠭᠤ ᠶᠢ  ᠭᠠᠷ ᠢᠶᠠᠷ ᠢᠶᠠᠨ  ᠠᠳᠬᠤᠵᠤ᠂  ᠳᠡᠭᠡᠭᠰᠢ ᠲᠠᠲᠠᠬᠤ ᠶᠢᠨ ᠬᠠᠮᠲᠤ ᠰᠢᠷᠪᠥᠰᠥ ᠲᠠᠲᠠᠭᠰᠠᠨ ᠬᠥᠯ ᠢᠶᠠᠨ ᠰᠤᠩᠭᠠᠵᠤ ᠪᠣᠯᠤᠨ᠎ᠠ᠃ ᠨᠥᠭᠦᠭᠡ ᠭᠠᠷ ᠢᠶᠠᠷ ᠢᠶᠠᠨ  ᠤᠰᠤ  ᠰᠡᠯᠢᠵᠦ᠂ ᠬᠥᠯ ᠢᠶᠠᠷ ᠢᠶᠠᠨ ᠤᠰᠤ ᠭᠢᠰᠬᠢᠵᠦ᠂ ᠪᠡᠶ᠎ᠡ ᠪᠠᠨ ᠬᠦᠪᠪᠤᠭᠦᠯᠦᠨ᠎ᠡ᠃ ᠡᠭᠦᠨ ᠠᠴᠠ ᠭᠠᠳᠠᠨ᠎ᠠ᠂ ᠤᠮᠪᠠᠵᠤ ᠴᠢᠳᠠᠬᠤ ᠦᠭᠡᠢ ᠬᠥᠮᠦᠨ ᠵᠣᠯ ᠪᠤᠰᠤ ᠪᠠᠷ ᠤᠰᠤᠨ ᠳᠤ ᠣᠨᠠᠪᠠᠯ᠂ ᠡᠩ ᠲᠡᠷᠢᠭᠦᠨ ᠳᠤ  ᠯᠠᠪᠳᠠᠭᠤᠨ ᠲᠣᠭᠲᠠᠭᠤᠨ ᠪᠠᠶᠢᠵᠤ᠂  ᠪᠡᠶ᠎ᠡ  ᠪᠠᠨ ᠳᠡᠭᠡᠭᠰᠢ ᠬᠠᠨᠳᠣᠭᠤᠯᠣᠨ᠂ ᠲᠣᠯᠣᠭᠠᠢ ᠪᠠᠨ ᠠᠷᠤᠨᠰᠢ ᠪᠠᠨ ᠬᠡᠳᠦᠶᠢᠵᠦ᠂ ᠠᠮᠠ ᠬᠠᠮᠠᠷ ᠢᠶᠠᠨ ᠠᠯᠢ ᠴᠢᠳᠠᠬᠤ ᠪᠠᠷ ᠤᠰᠤᠨ ᠳᠡᠭᠡᠷ᠎ᠡ ᠭᠠᠷᠭᠠᠵᠤ᠂ ᠴᠢᠳᠠᠬᠤ ᠶᠢᠨ ᠬᠢᠷᠢ ᠪᠠᠷ ᠪᠡᠶ᠎ᠡ ᠪᠠᠨ ᠣᠰᠣᠨ ᠳᠤ ᠵᠢᠪᠪᠦᠭᠦᠯᠬᠦ ᠦᠭᠡᠢ ᠪᠠᠶᠢᠵᠣ᠂ ᠪᠡᠶ᠎ᠡ ᠲᠡᠭᠡᠷᠡᠬᠢ ᠬᠦᠨᠳᠦ ᠶᠠᠭᠤᠮ᠎ᠠ ᠪᠠᠨ ᠲᠠᠶᠠᠭᠳᠠᠨ᠂ ᠭᠠᠷ ᠢᠶᠠᠨ ᠤᠰᠤᠨ ᠲᠣᠳᠣᠷ᠎ᠠ  ᠪᠠᠶᠢᠯᠭᠠᠬᠤ  ᠬᠡᠷᠡᠭᠲᠡᠢ᠂  ᠳᠡᠭᠡᠭᠰᠢ  ᠡᠷᠭᠦᠵᠦ  ᠪᠣᠯᠬᠤ  ᠦᠭᠡᠢ᠂ ᠬᠡᠲᠦᠷᠬᠡᠶ ᠲᠡᠯᠴᠢᠯᠡᠬᠦ ᠠᠴᠠ ᠵᠠᠶᠢᠯᠠᠰᠬᠢᠵᠦ᠂ ᠠᠪᠤᠷᠠᠨ ᠲᠤᠰᠠᠯᠠᠬᠤ ᠶᠢ ᠬᠦᠯᠢᠶᠡᠨ᠎ᠡ᠃             ᠤᠰᠤᠨ ᠳᠤ ᠵᠢᠪᠪᠦᠭᠰᠡᠨ ᠬᠦᠮᠣᠨ ᠢ ᠠᠪᠤᠷᠠᠨ ᠲᠤᠰᠠᠯᠠᠬᠤ ᠳᠠᠭᠠᠨ ᠪᠣᠯᠭᠤᠮᠵᠢᠲᠠᠶ ᠪᠠᠶᠢᠬᠤ ᠬᠡᠷᠡᠭᠲᠡᠶ᠃     ᠬᠡᠷᠪᠡ ᠬᠠᠵᠠᠭᠤ ᠳᠤ ᠴᠢᠨᠢ ᠬᠡᠦᠬᠡᠳ ᠤᠰᠤᠨ ᠳᠤ ᠤᠨᠠᠪᠠᠯ ᠬᠡᠷᠬᠢᠨ ᠵᠥᠪ ᠠᠪᠤᠷᠠᠯᠲᠠ ᠬᠢᠬᠦ ᠪᠤᠢ︖ ᠡᠮᠴᠢ ᠵᠣ᠋ ᠯᠢᠨ ᠱᠧᠩ ᠰᠠᠨᠠᠭᠤᠯᠬᠤ ᠳᠠᠭᠠᠨ᠂ ᠤᠰᠤᠨ ᠳᠤ ᠵᠢᠪᠪᠦᠭᠰᠡᠨ ᠬᠦᠮᠣᠨ ᠢ ᠠᠪᠤᠷᠠᠬᠤ ᠳᠠᠭᠠᠨ ᠴᠢᠳᠠᠯ ᠤᠨ ᠬᠢᠷᠢ  ᠪᠠᠷ ᠢᠶᠠᠨ ᠠᠪᠤᠷᠠᠬᠤ ᠬᠡᠷᠡᠭᠲᠡᠢ᠂ ᠰᠣᠬᠤᠷ ᠪᠠᠯᠠᠶ ᠪᠠᠷ ᠣᠰᠣᠨ ᠳᠤ ᠤᠷᠤᠵᠦ ᠠᠪᠤᠷᠠᠨ ᠲᠣᠰᠠᠯᠠᠵᠣ ᠪᠣᠯᠬᠤ ᠦᠭᠡᠢ᠃ ᠠᠪᠤᠷᠠᠭᠴᠢ ᠨᠢ ᠨᠠᠩ ᠣᠯᠠᠨ ᠬᠥᠮᠦᠨ ᠢ ᠳᠠᠭᠤᠳᠠᠨ ᠢᠷᠡᠭᠦᠯᠵᠦ᠂ ᠠᠪᠤᠷᠠᠨ ᠲᠤᠰᠠᠯᠠᠬᠤ ᠠᠵᠢᠯ ᠳᠤ ᠬᠠᠮᠵᠢᠭᠤᠯᠬᠤ ᠬᠡᠷᠡᠭᠲᠡᠶ᠂ ᠡᠭᠦᠨ ᠤ  ᠬᠠᠮᠲᠤ ᠤᠰᠤᠨ ᠤ ᠬᠦᠪᠡᠭᠡᠨ ᠳᠡᠭᠡᠷ᠎ᠡ ᠠᠴᠠ ᠳᠡᠭᠡᠰᠦ᠂ ᠤᠷᠲᠤ ᠬᠤᠯᠤᠰᠤ᠂ ᠮᠣᠳᠣᠨ ᠬᠠᠪᠲᠠᠰᠤ ᠵᠡᠷᠭᠡ ᠪᠠᠷ ᠤᠰᠤᠨ ᠳᠤ ᠵᠢᠪᠪᠦᠭᠰᠡᠨ  ᠬᠦᠮᠣᠨ ᠢ ᠲᠠᠳᠠᠵᠣ ᠬᠦᠪᠡᠭᠡᠨ ᠳᠡᠭᠡᠷ᠎ᠡ ᠭᠠᠷᠭᠠᠭᠠᠳ ᠠᠪᠣᠷᠠᠵᠣ ᠪᠣᠯᠣᠨ᠎ᠠ᠃ ᠬᠡᠷᠪᠡ ᠤᠰᠤᠨ ᠳᠤ ᠵᠢᠪᠪᠦᠭᠰᠡᠨ ᠬᠥᠮᠦᠨ ᠤ ᠪᠠᠶᠢᠳᠠᠯ  ᠪᠠᠴᠢᠮ ᠪᠠᠶᠢᠪᠠᠯ᠂ ᠳᠠᠷᠤᠶ ᠲᠦᠷᠭᠡᠨ 120 ᠲᠦᠷᠭᠡᠨ ᠠᠪᠤᠷᠠᠬᠤ ᠤᠲᠠᠰᠤ ᠠᠪᠬᠤ ᠬᠡᠷᠡᠭᠲᠡᠶ᠃     ᠤᠰᠤᠨ ᠳᠤ ᠵᠢᠪᠪᠦᠭᠰᠡᠨ ᠬᠦᠮᠣᠨ ᠤ ᠣᠷᠴᠢᠨ ᠲᠣᠭᠤᠷᠢᠨ ᠠᠮᠤᠷ ᠲᠦᠪᠰᠢᠨ ᠭᠡᠰᠡᠨ ᠢ ᠨᠤᠲᠠᠯᠠᠭᠰᠠᠨ ᠤ ᠳᠠᠷᠠᠭ᠎ᠠ ᠰᠠᠶ᠋ᠢ ᠤᠰᠤᠨ ᠳᠤ ᠣᠷᠣᠵᠤ ᠠᠪᠤᠷᠠᠨ ᠲᠣᠰᠠᠯᠠᠵᠣ ᠪᠣᠯᠣᠨ᠎ᠠ᠃ ᠠᠪᠤᠷᠠᠯᠲᠠ ᠬᠢᠭᠰᠡᠳ ᠤᠰᠤᠨ ᠳᠤ  ᠵᠢᠪᠪᠦᠭᠰᠡᠨ ᠬᠥᠮᠦᠨ ᠤ ᠠᠷᠤ ᠲᠠᠯ᠎ᠠ ᠠᠴᠠ ᠨᠢ ᠡᠷᠭᠦᠵᠦ᠂ ᠲᠣᠯᠣᠭᠠᠢ ᠶᠢ ᠨᠢ ᠲᠤᠯᠵᠤ᠂ ᠠᠮᠢᠰᠬᠤᠵᠤ  ᠴᠢᠳᠠᠬᠤ  ᠶᠢ  ᠪᠠᠲᠤᠯᠠᠵᠤ᠂ ᠬᠦᠪᠡᠭᠡᠨ ᠳᠡᠭᠡᠷ᠎ᠡ ᠲᠠᠲᠠᠵᠦ ᠭᠠᠷᠭᠠᠨ᠎ᠠ᠃ ᠲᠦᠷᠭᠡᠨ ᠠᠪᠤᠷᠠᠯᠲᠠ ᠶᠢᠨ ᠬᠥᠮᠦᠰ ᠬᠦᠷᠴᠦ ᠢᠷᠡᠬᠦ ᠠᠴᠠ ᠡᠮᠦᠨ᠎ᠡ᠂ ᠤᠰᠤᠨ ᠳᠤ  ᠵᠢᠪᠪᠦᠭᠰᠡᠨ ᠬᠥᠮᠦᠨ ᠢ ᠲᠡᠭᠰᠢᠬᠡᠨ ᠭᠠᠵᠠᠷ  ᠳᠡᠭᠡᠷ᠎ᠡ  ᠭᠡᠪᠲᠡᠭᠦᠯᠵᠦ᠂ ᠠᠮᠠᠨ ᠤ  ᠬᠥᠨᠳᠡᠶ᠂  ᠬᠠᠮᠠᠷ ᠰᠠᠮᠰᠠ ᠳᠤ ᠣᠷᠣᠭᠰᠠᠨ ᠪᠣᠳᠠᠰ ︵ᠵᠢᠱᠢᠶᠡᠯᠡᠪᠡᠯ ᠯᠠᠭ ᠰᠢᠪᠡᠷ᠂ ᠪᠤᠵᠠᠷ ᠡᠪᠡᠰᠦ ᠵᠡᠷᠭᠡ︶ ᠢ ᠲᠦᠷᠭᠡᠨ ᠴᠡᠪᠡᠷᠯᠡᠨ ᠠᠷᠢᠯᠭᠠᠬᠤ ᠬᠡᠷᠡᠭᠲᠡᠶ᠃ ᠤᠰᠤᠨ ᠳᠤ ᠵᠢᠪᠪᠦᠭᠰᠡᠨ ᠬᠥᠮᠦᠨ ᠤ ᠲᠣᠯᠣᠭᠠᠶ ᠶᠢ ᠬᠠᠵᠠᠶᠢᠯᠭᠠᠵᠤ᠂ ᠵᠠᠯᠬᠢᠭᠰᠠᠨ ᠤᠰᠤ  ᠶᠢ ᠨᠢ ᠠᠮᠠᠨ ᠪᠠᠷ ᠨᠢ ᠤᠷᠤᠰᠬᠠᠨ ᠭᠠᠷᠭᠠᠵᠤ᠂ ᠳᠠᠬᠢᠨ ᠲᠣᠯᠣᠭᠠᠶ  ᠶᠢ ᠨᠢ ᠲᠡᠭᠡᠭᠡᠰᠢ ᠪᠠᠨ ᠬᠠᠨᠳᠣᠭᠤᠯᠣᠨ᠎ᠠ ᠃ ᠳᠠᠷᠠᠭ᠎ᠠ ᠨᠢ᠂ ᠤᠰᠤᠨ ᠳᠤ ᠵᠢᠪᠪᠦᠭᠰᠡᠨ ᠬᠥᠮᠦᠨ ᠤ ᠤᠬᠠᠭᠠᠨ ᠮᠡᠳᠡᠷᠡᠯ ᠪᠠ ᠠᠮᠢᠰᠬᠤᠭ᠎ᠠ ᠶᠢ ᠲᠦᠷᠭᠡᠨ ᠮᠠᠭᠠᠳᠯᠠᠨ᠎ᠠ᠃ ᠬᠡᠷᠪᠡ ᠮᠡᠳᠡᠷᠡᠯ ᠦᠭᠡᠢ ᠪᠤᠶᠤ ᠠᠮᠢᠰᠬᠤᠯ ᠦᠭᠡᠢ ᠪᠣᠯ ᠳᠠᠷᠦ᠋ᠢᠬᠠᠨ ᠵᠢᠷᠦᠬᠡ ᠠᠭᠤᠰᠭᠢ ᠶᠢ ᠰᠡᠷᠭᠦᠭᠡᠬᠦ ᠠᠪᠣᠷᠠᠯᠳᠠ ᠬᠢᠨ᠎ᠡ᠂  ᠬᠠᠷᠢᠨ ᠤᠰᠤ  ᠭᠠᠷᠠᠭᠠᠬᠤ ᠶᠢ ᠶᠠᠭᠠᠷᠠᠵᠤ  ᠪᠣᠯᠬᠤ ᠦᠭᠡᠢ᠂  ᠤᠴᠢᠷ ᠨᠢ ᠤᠰᠤᠨ ᠳᠤ ᠵᠢᠪᠬᠦ ᠦᠶ᠎ᠡ ᠳᠤ ᠬᠡᠳᠦᠨ ᠮᠢᠨᠦ᠋ᠲ ᠤᠨ ᠳᠣᠲᠣᠷ᠎ᠠ ᠤᠰᠤᠨ ᠳᠤ ᠵᠢᠪᠪᠦᠭᠰᠡᠨ ᠬᠥᠮᠦᠨ ᠤ ᠲᠥᠪᠣᠩᠬᠡᠶ ᠶᠢᠨ ᠠᠪᠴᠢᠯᠲᠠ ᠠᠴᠠ ᠪᠣᠯᠵᠣ᠂ ᠤᠰᠤ ᠨᠢ ᠬᠤᠭᠤᠯᠠᠢ ᠪᠠᠷ ᠳᠡᠮᠵᠢᠨ  ᠠᠭᠤᠰᠬᠢᠨ ᠳᠤ ᠣᠷᠣᠳᠠᠭ ᠥᠬᠡᠶ᠃ ᠡᠨᠡ ᠦᠶ᠎ᠡ ᠳᠤ ᠠᠭᠤᠰᠬᠢᠨ ᠳᠤ ᠳᠡᠮᠡᠶ ᠤᠰᠤ ᠪᠠᠶᠢᠬᠤ ᠥᠬᠡᠶ᠃ ᠤᠰᠤ ᠶᠢ ᠭᠠᠷᠠᠭᠠᠬᠤ ᠶᠠᠪᠤᠴᠠ ᠳᠤ ᠬᠤᠳᠣᠭᠤᠳᠣᠨ ᠳᠣᠲᠣᠷᠠᠬᠢ ᠪᠣᠳᠠᠰ ᠢ ᠠᠮᠠᠷᠬᠠᠨ ᠭᠠᠳᠠᠭᠰᠢᠯᠠᠭᠤᠯᠵᠤ᠂ ᠭᠡᠳᠡᠷᠭᠡᠨ ᠠᠮᠢᠰᠬᠤᠯ ᠪᠦᠲᠡᠬᠦ ᠠᠶᠤᠯ ᠢ ᠨᠡᠮᠡᠭᠳᠡᠭᠦᠯᠳᠡᠭ᠃  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号